ᠨᠠᠰᠤᠨ ᠬᠤᠳᠤᠭ ᠢ ᠨᠡᠮᠡᠭᠳᠡᠭᠦᠯᠬᠦ ᠠᠷᠪᠠᠨ ᠴᠡᠩᠭᠡᠯ
ᠨᠡᠶᠢᠲᠡᠯᠡᠭᠰᠡᠨ ᠴᠠᠭ᠄
2023/12/26
            1. ᠰᠡᠳᠭᠢᠯ ᠬᠠᠩᠬᠤ ᠪᠠᠷ ᠴᠡᠩᠭᠡᠯ ᠪᠣᠯᠭᠠᠬᠤ᠃ ᠠᠯᠬᠤᠪᠠᠴᠤ ᠰᠠᠨᠠᠭ᠎ᠠ ᠠᠮᠤᠷ᠂ ᠰᠠᠭᠤᠪᠠᠴᠤ ᠰᠠᠨᠠᠭ᠎ᠠ ᠠᠮᠤᠷ᠂ ᠪᠠᠶᠠᠨ ᠪᠣᠯᠪᠠᠴᠤ ᠰᠠᠨᠠᠭ᠎ᠠ ᠠᠮᠤᠷ᠂ ᠨᠡᠷ᠎ᠡ ᠳᠤ ᠰᠢᠨᠤᠬᠠᠶᠢᠷᠠᠬᠤ ᠦᠭᠡᠢ᠂ ᠠᠰᠢᠭ ᠲᠤ ᠴᠤ ᠰᠢᠨᠤᠬᠠᠶᠢᠷᠠᠬᠤ ᠦᠭᠡᠢ ᠪᠠᠶᠢᠪᠠᠰᠤ ᠮᠦᠩᠬᠡᠷᠡᠬᠦ ᠡᠮ ᠢ ᠤᠤᠭᠤᠭᠰᠠᠨ ᠠᠴᠠ ᠴᠤ ᠰᠠᠶᠢᠨ᠃     2.ᠠᠬᠠᠰ ᠵᠠᠬᠠᠰ ᠢᠶᠠᠷ ᠢᠶᠠᠨ ᠴᠡᠩᠭᠡᠯ ᠪᠣᠯᠭᠠᠬᠤ᠃ ᠡᠷ᠎ᠡ ᠡᠮ᠎ᠡ ᠶᠢᠨ ᠬᠠᠶᠢᠷ᠎ᠠ ᠰᠡᠳᠭᠢᠯᠭᠡ᠂ ᠡᠴᠢᠭᠡ ᠬᠦᠪᠡᠭᠦᠨ ᠤ ᠬᠠᠶᠢᠷ᠎ᠠ ᠰᠡᠳᠭᠢᠯᠭᠡ᠂ ᠡᠬᠡ ᠬᠡᠦᠬᠡᠨ ᠤ ᠬᠠᠶᠢᠷ᠎ᠠ ᠰᠡᠳᠭᠢᠯᠭᠡ᠂ ᠠᠬ᠎ᠠ ᠳᠡᠭᠦᠦ ᠶᠢᠨ ᠬᠠᠶᠢᠷ᠎ᠠ ᠰᠡᠳᠭᠢᠯᠭᠡ ᠳᠤ ᠪᠠᠨ ᠰᠡᠳᠭᠢᠯ ᠪᠠᠶᠠᠰᠪᠠᠰᠤ ᠠᠷᠰᠢ ᠲᠠᠢ ᠠᠳᠠᠯᠢ᠃     3.ᠬᠦᠳᠡᠯᠭᠡᠭᠡᠨ ᠢᠶᠠᠷ ᠴᠡᠩᠭᠡᠯ ᠪᠣᠯᠭᠠᠬᠤ᠃ ᠠᠮᠢ ᠨᠠᠰᠤ ᠪᠣᠯ ᠬᠦᠳᠡᠯᠭᠡᠭᠡᠨ ᠳᠤ ᠪᠠᠶᠢᠳᠠᠭ᠂ ᠬᠦᠳᠡᠯᠭᠡᠭᠡᠨ ᠪᠣᠯ ᠬᠦᠮᠦᠨ ᠪᠠ ᠬᠦᠮᠦᠨ ᠤ ᠤᠶᠤᠨ ᠤᠬᠠᠭᠠᠨ ᠣᠨᠴᠠ ᠴᠢᠳᠠᠪᠤᠷᠢ ᠶᠢ ᠪᠦᠲᠦᠭᠡᠭᠰᠡᠨ ᠶᠤᠮ᠃ ᠡᠶᠢᠮᠦ ᠠᠴᠠ ᠴᠠᠭ ᠲᠣᠬᠢᠶᠠᠯ ᠢᠶᠠᠨ ᠠᠰᠢᠭᠯᠠᠨ ᠲᠣᠬᠢᠷᠠᠮᠵᠢᠲᠠᠢ ᠬᠦᠳᠡᠯᠭᠡᠭᠡᠨ ᠬᠢᠬᠦ ᠎ ᠨᠢ ᠤᠷᠲᠤ ᠨᠠᠰᠤᠯᠠᠬᠤ ᠶᠢᠨ ᠤᠷᠠᠨ ᠠᠷᠭ᠎ᠠ ᠮᠦᠨ᠃     4.ᠪᠣᠰᠣᠳ ᠢ ᠲᠤᠰᠠᠯᠠᠬᠤ ᠪᠠᠷ ᠴᠡᠩᠭᠡᠯ ᠪᠣᠯᠭᠠᠬᠤ᠃ ᠪᠣᠰᠣᠳ ᠢ ᠲᠤᠰᠠᠯᠠᠵᠤ ᠬᠠᠪᠰᠤᠷᠬᠤ ᠪᠠᠷ ᠬᠠᠮᠤᠭ ᠤᠨ ᠶᠡᠭᠡ ᠴᠡᠩᠭᠡᠯᠲᠡᠢ ᠤᠴᠢᠷ ᠪᠣᠯᠭᠠᠴᠢᠬᠠᠪᠠᠯ ᠰᠡᠳᠭᠢᠯ ᠰᠠᠨᠠᠭ᠎ᠠ ᠲᠡᠨᠢᠭᠦᠨ ᠲᠠᠯᠪᠢᠭᠤᠨ᠂ ᠥᠷᠦᠴᠡ ᠴᠡᠭᠡᠵᠢ ᠠᠭᠤᠳᠠᠮ ᠰᠠᠷᠠᠭᠤᠯ ᠪᠣᠯᠬᠤ ᠪᠣᠯᠬᠤᠷ ᠪᠡᠶ᠎ᠡ ᠴᠢᠭᠢᠷᠠᠭᠵᠢᠵᠤ ᠤᠷᠲᠤ ᠨᠠᠰᠤᠯᠠᠬᠤ ᠨᠢ ᠳᠠᠮᠵᠢᠭ ᠦᠭᠡᠢ᠃     5.ᠨᠠᠰᠤᠨ ᠤ ᠬᠢᠵᠠᠭᠠᠷ ᠦᠭᠡᠢ ᠪᠠᠷ ᠴᠡᠩᠭᠡᠯ ᠪᠣᠯᠭᠠᠬᠤ᠃ ᠨᠠᠰᠤ ᠪᠠ ᠦᠶ᠎ᠡ ᠳᠤ ᠬᠢᠵᠠᠭᠠᠷᠯᠠᠭᠳᠠᠬᠤ ᠦᠭᠡᠢ ᠪᠠᠷ ᠵᠠᠯᠠᠭᠤᠴᠤᠳ ᠲᠠᠢ ᠲᠣᠲᠣᠨᠤ ᠨᠦᠬᠦᠷᠯᠡᠬᠦ ᠬᠡᠷᠡᠭᠲᠡᠢ᠃ ᠡᠨᠡ ᠨᠢ ᠨᠠᠰᠤ ᠠᠬᠢᠭᠰᠠᠨ ᠬᠦᠮᠦᠨ ᠳᠤ ︵ᠨᠠᠰᠤ ᠪᠠᠨ ᠮᠠᠷᠲᠠᠬᠤ︶ ᠣᠨᠴᠠᠭᠠᠢ ᠦᠢᠯᠡᠳᠦᠯ ᠭᠠᠷᠭᠠᠬᠤ ᠪᠣᠯᠬᠤᠷ ᠪᠠᠶᠠᠷ ᠪᠠᠶᠠᠰᠬᠤᠯᠠᠩᠲᠠᠢ᠂ ᠠᠭᠤᠵᠢᠭᠤ ᠲᠠᠯᠪᠢᠭᠤ᠂ ᠢᠲᠡᠭᠡᠯ ᠳᠦᠭᠦᠷᠡᠩ᠂ ᠤᠷᠮ᠎ᠠ ᠪᠠᠭ᠋ᠠᠳᠤᠯᠲᠠᠢ ᠪᠣᠯᠭᠠᠳᠠᠭ ᠠᠴᠠ ᠡᠷᠡᠭᠦᠯ ᠴᠢᠬᠢᠷᠠᠭ ᠢ ᠪᠠᠲᠤᠯᠠᠵᠤ ᠴᠢᠳᠠᠳᠠᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号