ᠠᠯᠠᠱᠠ ᠢᠳᠡᠭᠡᠨ ᠊᠊᠊᠊᠊᠊ ᠡᠯᠡᠰᠦᠨ  ᠳᠤ ᠬᠠᠭᠤᠷᠤᠭᠰᠠᠨ ᠬᠤᠷᠣᠬᠠᠢ ᠪᠣᠣᠪᠤ
ᠨᠡᠶᠢᠲᠡᠯᠡᠭᠰᠡᠨ ᠴᠠᠭ᠄
2023/12/29
            ᠲᠣᠰ ᠳ᠋ᠤᠭᠠᠷ ᠲᠠᠭᠠᠨ ᠡᠯᠡᠰᠦᠨ ᠳᠤ ᠬᠠᠭᠤᠷᠤᠭᠰᠠᠨ ᠬᠤᠷᠣᠬᠠᠢ ᠪᠣᠣᠪᠤ ᠬᠢᠬᠦ ᠠᠷᠭ᠎ᠠ ᠶᠢ ᠲᠠᠨᠢᠯᠴᠠᠭᠤᠯᠵᠤ ᠪᠠᠶᠢᠨ᠎ᠠ᠃ ᠪᠠᠶᠢᠭᠠᠯᠢ ᠣᠷᠴᠢᠨ ᠲᠠᠢ ᠪᠠᠨ ᠵᠣᠬᠢᠴᠠᠭᠰᠠᠨ᠂ ᠨᠡᠭᠦᠳᠡᠯ ᠠᠮᠢᠳᠤᠷᠠᠯ ᠳᠤ ᠲᠣᠬᠢᠷᠠᠭᠰᠠᠨ ᠡᠨᠡᠬᠦ ᠡᠯᠡᠰᠦᠨ ᠳᠤ ᠪᠣᠣᠪᠤ ᠬᠠᠭᠤᠷᠬᠤ ᠠᠷᠭ᠎ᠠ ᠶᠢ ᠨᠤᠲᠤᠭ ᠤᠨ ᠬᠥᠮᠥᠰ ᠣᠯᠠᠩᠬᠢ ᠳᠠᠭᠠᠨ ᠠᠶᠠᠨ ᠳᠤ ᠶᠠᠪᠤᠬᠤ᠂ ᠣᠲᠣᠷᠯᠠᠵᠤ ᠨᠡᠭᠦᠳᠡᠯᠯᠡᠬᠦ᠂ ᠡᠷᠢᠯ ᠳᠤ ᠭᠠᠷᠬᠤ ᠦᠶᠡᠰ ᠲᠤ ᠬᠡᠷᠡᠭᠯᠡᠵᠦ᠂ ᠬᠤᠯᠠ ᠶᠢᠨ ᠠᠶᠠᠨ ᠵᠠᠮ ᠳᠤ ᠤᠮᠳᠠ ᠪᠤᠶᠤ ᠴᠠᠢ ᠶᠢᠨ ᠠᠮᠲᠠ ᠬᠢᠵᠦ ᠶᠠᠪᠤᠳᠠᠭ ᠪᠠᠶᠢᠵᠠᠢ᠃ ᠴᠠᠭ ᠡᠷᠡᠨ ᠤ ᠬᠥᠭᠵᠢᠯᠲᠡ ᠶᠢ ᠳᠠᠭᠠᠯᠳᠤᠨ ᠣᠲᠣ ᠡᠯᠡᠰᠦᠨ ᠳᠤ ᠪᠣᠣᠪᠤ ᠬᠠᠭᠤᠷᠬᠤ ᠶᠠᠪᠤᠳᠠᠯ ᠴᠤ ᠴᠥᠭᠡᠨ ᠬᠠᠷᠠᠭᠳᠠᠬᠤ ᠪᠣᠯᠵᠠᠢ᠃       ᠡᠯᠡᠰᠦᠨ ᠳᠤ ᠪᠣᠣᠪᠤ ᠬᠠᠭᠤᠷᠬᠤ ᠠᠷᠭ᠎ᠠ       ①ᠭᠤᠯᠢᠷ᠂ ᠰᠦ᠂ ᠰᠢᠬᠢᠷ᠂ ᠬᠤᠵᠢᠷ᠂ ᠤᠰᠤ᠂ ᠶᠣᠬᠲᠤ᠂ ᠰᠢᠭᠰᠢᠭᠦᠷ᠂ ᠳᠡᠪᠢᠭᠦᠷ᠂ ᠪᠥᠰ ᠤᠭᠤᠲᠠ ᠵᠡᠷᠭᠡ ᠶᠢ ᠪᠡᠯᠡᠳᠬᠡᠨ᠎ᠡ᠃       ②ᠭᠤᠯᠢᠷ  ᠲᠠᠭᠠᠨ ᠵᠣᠬᠢᠬᠤ ᠬᠡᠮᠵᠢᠶᠡᠨ ᠤ ᠬᠤᠵᠢᠷ ᠬᠢᠵᠦ᠂ ᠳᠠᠷᠠᠭ᠎ᠠ ᠨᠢ ᠪᠤᠴᠠᠯᠭᠠᠵᠤ ᠬᠥᠷᠥᠭᠡᠭᠰᠡᠨ ᠤᠰᠤᠨ ᠳᠠᠭᠠᠨ ᠰᠦ ᠪᠤᠶᠤ ᠰᠢᠬᠢᠷ ᠬᠢᠭᠡᠳ ᠭᠤᠯᠢᠷ ᠢᠶᠠᠨ ᠨᠤᠬᠤᠨ᠎ᠠ᠃ ᠭᠤᠯᠢᠷ ᠢᠶᠠᠨ ᠬᠠᠲᠠᠭᠤ ᠨᠤᠬᠤᠬᠤ ᠨᠢ ᠮᠠᠰᠢ ᠴᠢᠬᠤᠯᠠ ᠶᠤᠮ᠃       ③ᠨᠤᠬᠤᠭᠰᠠᠨ ᠭᠤᠯᠢᠷ ᠢᠶᠠᠨ ᠬᠠᠭᠠᠰ ᠴᠠᠭ ᠣᠷᠴᠢᠮ ᠬᠤᠴᠢᠵᠤ ᠲᠠᠯᠪᠢᠨ᠎ᠠ᠃ ᠰᠦ᠂ ᠰᠢᠬᠢᠷ ᠵᠡᠷᠭᠡ ᠬᠤᠯᠢᠭᠰᠠᠨ ᠶᠠᠭᠤᠮ᠎ᠠ ᠨᠢ ᠭᠤᠯᠢᠷ ᠲᠤ ᠪᠦᠷᠢᠮᠦᠰᠦᠨ ᠰᠢᠩᠭᠡᠵᠦ ᠨᠠᠶᠢᠷᠠᠬᠤ ᠶᠢ ᠬᠦᠯᠢᠶᠡᠨ᠎ᠡ᠃       ④ᠡᠯᠡᠰᠦ ᠪᠠᠨ ᠲᠣᠭᠤᠭᠠᠨ ᠳᠤ ᠬᠢᠵᠦ ᠭᠠᠯ ᠢᠶᠠᠨ ᠬᠥᠭᠵᠢᠭᠡᠨ᠎ᠡ᠃ ᠡᠭᠦᠨ ᠳᠤ ᠡᠯᠡᠰᠦᠨ ᠤ ᠮᠥᠬᠦᠯᠢᠭ ᠨᠢ ᠪᠦᠳᠦᠭᠦᠨ ᠮᠥᠷᠲᠡᠭᠡᠨ ᠴᠡᠪᠡᠷ ᠪᠠᠶᠢᠬᠤ ᠶᠢ ᠱᠠᠭᠠᠷᠳᠠᠨ᠎ᠠ᠃       ⑤ ᠭᠤᠯᠢᠷ ᠢᠶᠠᠨ ᠨᠢᠮᠭᠡᠨ ᠳᠡᠯᠭᠡᠵᠦ᠂ ᠵᠢᠵᠢᠭ ᠬᠡᠷᠴᠢᠨ᠎ᠡ᠃       ⑥ᠡᠯᠡᠰᠦ ᠪᠠᠨ ᠰᠠᠶᠢᠨ ᠬᠠᠯᠠᠭᠠᠵᠤ ᠪᠠᠶᠢᠭᠠᠳ ᠬᠡᠷᠴᠢᠭᠰᠡᠨ ᠪᠣᠣᠪᠤ ᠪᠠᠨ ᠬᠢᠵᠦ᠂ ᠶᠣᠬᠲᠤ ᠪᠠᠷ ᠬᠠᠭᠤᠷᠤᠨ᠎ᠠ᠃       ⑦ᠬᠠᠭᠤᠷᠴᠤ ᠪᠣᠯᠭᠤᠭᠠᠭᠰᠠᠨ ᠪᠣᠣᠪᠤ ᠪᠠᠨ ᠰᠢᠭᠰᠢᠭᠦᠷ ᠲᠤ ᠬᠢᠵᠦ ᠰᠢᠭᠰᠢᠭᠡᠳ ᠡᠯᠡᠰᠦ ᠶᠢ ᠨᠢ ᠠᠷᠢᠯᠭᠠᠨ᠎ᠠ᠃       ⑧ᠰᠢᠭᠰᠢᠭᠰᠡᠨ ᠪᠣᠣᠪᠤ ᠪᠠᠨ ᠪᠥᠰ ᠤᠭᠤᠲᠠᠨ ᠳᠤ ᠬᠢᠵᠦ ᠠᠯᠠᠭᠠᠳᠠᠭᠠᠳ ᠨᠠᠭᠠᠯᠳᠤᠭᠰᠠᠨ ᠡᠯᠡᠰᠦ ᠶᠢ ᠨᠢ ᠪᠦᠷᠢᠮᠦᠰᠦᠨ ᠠᠷᠢᠯᠭᠠᠨ᠎ᠠ᠃       ᠡᠯᠡᠰᠦᠨ ᠳᠤ ᠬᠤᠷᠣᠬᠠᠢ ᠪᠣᠣᠪᠤ ᠬᠠᠭᠤᠷᠬᠤ ᠠᠷᠭ᠎ᠠ ᠶᠢ ᠠᠯᠠᠱᠠ ᠵᠡᠭᠦᠨ ᠬᠤᠰᠢᠭᠤᠨ ᠤ ᠠᠷᠠᠯᠵᠢᠶ᠎ᠠ ᠬᠤᠳᠠᠯᠳᠤᠭᠠᠨ ᠤ ᠲᠣᠪᠴᠢᠶ᠎ᠠ ᠠᠴᠠ ᠠᠵᠢᠯ ᠤᠨ ᠠᠮᠠᠷᠠᠯᠲᠠ ᠪᠠᠨ ᠠᠪᠤᠭᠰᠠᠨ ᠺᠠᠳ᠋ᠷ ᠨᠠᠷᠠᠨᠴᠡᠴᠡᠭ ᠪᠣᠯᠣᠨ ᠠᠯᠠᠱᠠ ᠵᠡᠭᠦᠨ ᠬᠤᠰᠢᠭᠤᠨ ᠤ ᠵᠢᠷᠠᠲᠠᠢ ᠪᠠᠯᠭᠠᠰᠤᠨ ᠤ ᠵᠤᠭᠤᠰᠳᠤᠯᠤᠭᠠᠢ ᠭᠠᠴᠠᠭᠠᠨ ᠤ ᠮᠠᠯᠴᠢᠨ ᠵᠢᠨᠬᠤᠸᠠᠷ ᠲᠠᠨᠢᠯᠴᠠᠭᠤᠯᠤᠭᠰᠠᠨ ᠶᠤᠮ᠃                         ᠳᠠᠪᠰᠢᠯᠲᠤ ᠬᠤᠶᠢᠳ ᠰᠡᠴᠡᠨ ᠨᠡᠷᠡᠨ᠎ᠡ
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号