ᠪᠤᠷᠢᠶᠠᠳ ᠪᠤᠤᠵᠠ ᠪᠠᠷ ᠢᠶᠠᠨ ᠳᠠᠶᠠᠭᠠᠷ ᠲᠤ ᠲᠠᠨᠢᠭᠳᠠᠭᠰᠠᠨ ᠲᠣᠭᠤᠰ ᠤᠨ ᠬᠦᠰᠡᠯ ᠵᠣᠷᠢᠯᠲᠠ
ᠨᠡᠶᠢᠲᠡᠯᠡᠭᠰᠡᠨ ᠴᠠᠭ᠄
2023/12/29
                                �� ᠡᠷᠳᠡᠨᠢᠴᠡᠴᠡᠭ       ︽ᠪᠤᠷᠢᠶᠠᠳ ᠪᠤᠤᠵᠠ︾ ᠭᠡᠪᠡᠯ ᠪᠠᠶᠠᠨᠬᠤᠲᠠ ᠶᠢᠨ ᠮᠣᠩᠭᠤᠯᠴᠤᠳ ᠪᠠᠷᠤᠭ ᠠᠨᠳᠠᠬᠤ ᠦᠭᠡᠢ ᠪᠠᠶᠢᠬ᠎ᠠ᠂ ᠬᠤᠭᠤᠯᠠ ᠤᠮᠳᠠ ᠨᠢ ᠠᠮᠲᠠ ᠰᠠᠶᠢᠲᠠᠢ ᠪᠠᠶᠢᠳᠠᠭ ᠢᠶᠠᠷ ᠢᠶᠠᠨ ᠬᠡᠳᠦᠨ ᠵᠢᠯ ᠤᠨ ᠬᠤᠭᠤᠷᠣᠨᠳᠤ ᠬᠥᠮᠥᠰ ᠤᠨ ᠮᠣᠩᠭᠤᠯ ᠬᠤᠭᠤᠯᠠ ᠬᠦᠷᠲᠡᠬᠦ ᠭᠡᠵᠦ ᠲᠠᠭᠠᠯᠠᠨ ᠴᠢᠭᠯᠡᠳᠡᠭ ᠭᠠᠵᠠᠷ ᠪᠤᠯᠤᠬᠰᠠᠨ ᠨᠢ ᠮᠡᠳᠡᠭᠡᠵᠢ ᠶᠤᠮ᠃ ᠪᠠᠶᠠᠨᠬᠤᠲᠠ ᠶᠢᠨ ᠰᠢ ᠴᠧᠩ ᠵᠢᠶᠠ ᠶᠤᠸᠠᠨ ᠬᠤᠷᠢᠶᠠᠯᠠᠯ ᠤᠨ ᠪᠠᠷᠠᠭᠤᠨ ᠡᠭᠦᠳᠡᠨ ᠤ ᠬᠠᠪᠢᠴᠠᠭ᠎ᠠ ᠪᠠᠶᠢᠷᠢᠯᠠᠵᠤ ᠪᠠᠶᠢᠭ᠎ᠠ ︽ᠪᠤᠷᠢᠶᠠᠳ ᠮᠣᠩᠭᠤᠯ ᠬᠤᠭᠤᠯᠠ︾ ᠬᠡᠮᠡᠬᠦ ᠡᠨᠡ ᠬᠤᠭᠤᠯᠠᠨ ᠭᠡᠷ ᠲᠤ ᠬᠡᠵᠢᠶᠡᠳᠡ ᠵᠣᠴᠢᠨ ᠳᠦᠭᠦᠷᠡᠩ ᠪᠠᠶᠢᠳᠠᠭ ᠨᠢ ᠮᠥᠨ ᠴᠦ ᠭᠠᠶᠢᠬᠠᠯᠲᠠᠢ ᠰᠠᠨᠠᠭᠳᠠᠯ᠎ᠠ᠃ ᠥᠨᠥᠳᠥᠷ ᠴᠦ ᠠᠳᠠᠯᠢᠬᠠᠨ᠂ ᠭᠡᠶᠢᠴᠢᠨ ᠵᠣᠴᠢᠨ ᠳᠦᠭᠦᠷᠲᠡᠯ᠎ᠡ ᠰᠠᠭᠠᠲᠠᠭᠠᠳ ᠯᠠ᠂ ᠮᠣᠩᠭᠤᠯ ᠪᠤᠤᠵᠠ ᠶᠢᠨ ᠠᠷᠭ᠎ᠠ ᠠᠯᠳᠠᠭᠤᠯᠤᠮ᠎ᠠ ᠰᠠᠶᠢᠬᠠᠨ ᠦᠨᠦᠷ ᠰᠠᠩ ᠲᠠᠲᠠᠭᠠᠳ ᠯᠠ᠂ ᠢᠨᠢᠶᠡᠳᠦ ᠵᠣᠭᠤᠭ ᠦᠷᠭᠦᠯᠵᠢᠯᠡᠭᠡᠳ ᠯᠠ ᠁       ᠬᠤᠭᠤᠯᠠᠨ ᠭᠡᠷ  ᠤᠨ ᠡᠵᠡᠩᠨᠡᠯᠳᠡᠨ ᠢ ᠲᠣᠭᠤᠰ ᠭᠡᠳᠡᠭ᠃ ᠠᠯᠠᠱᠠ ᠵᠡᠭᠦᠨ ᠬᠤᠰᠢᠭᠤᠨ  ᠤ ᠡᠷᠬᠡᠬᠠᠰᠢᠬ᠎ᠠ ᠨᠤᠲᠤᠭ ᠤᠨ ᠮᠠᠯᠴᠢᠨ᠃ 2009 ᠣᠨ ᠳᠤ ᠢᠯᠠᠯᠲᠠ ᠭᠡᠳᠡᠭ ᠵᠠᠯᠠᠭᠤ ᠲᠠᠢ ᠬᠠᠨᠢ ᠶᠢᠨ ᠵᠠᠶᠠᠭ᠎ᠠ ᠪᠠᠨ ᠬᠤᠯᠪᠣᠵᠤ ᠠᠶᠢᠯ ᠡᠷᠦᠭᠡ ᠪᠠᠨ ᠪᠣᠰᠬᠠᠨ᠂ ᠬᠡᠳᠦᠨ ᠵᠢᠯ ᠬᠥᠳᠡᠭᠡ ᠪᠠᠨ ᠲᠡᠮᠡᠭᠡ ᠮᠠᠯ ᠢᠶᠠᠨ ᠡᠷᠭᠢᠴᠡᠭᠦᠯᠬᠦ ᠶᠢᠨ ᠳᠠᠭᠠᠤ ᠲᠣᠮᠣ ᠠᠴᠢᠶᠠᠨ  ᠤ ᠮᠠᠰᠢᠨ ᠪᠠᠷᠢᠬᠤ ᠵᠡᠷᠭᠡ ᠠᠵᠢᠯ ᠬᠥᠳᠡᠯᠮᠦᠷᠢ ᠳᠤ ᠵᠢᠳᠬᠦᠵᠦ ᠪᠠᠶᠢᠵᠠᠢ᠃ ᠲᠡᠷᠡᠪᠡᠷ 2013 ᠣᠨ  ᠳᠤ ᠬᠥᠬᠡᠬᠤᠲᠠ ᠳᠤ ᠲᠣᠭᠤᠷᠢᠵᠤ ᠶᠠᠪᠤᠵᠤ ᠪᠠᠶᠢᠭᠠᠳ ᠨᠢᠭᠡᠨ ᠪᠤᠷᠢᠶᠠᠳ ᠬᠤᠭᠤᠯᠠᠨ ᠭᠡᠷ ᠲᠤ ᠪᠤᠤᠵᠠ ᠢᠳᠡᠭᠰᠡᠨ ᠴᠢᠨᠢ ᠮᠠᠰᠢ ᠰᠠᠶᠢᠬᠠᠨ ᠠᠮᠲᠠᠲᠠᠢ ᠪᠠᠶᠢᠭᠰᠠᠨ ᠪᠣᠯᠬᠤᠷ ᠰᠡᠳᠬᠢᠯ ᠳᠤᠨᠢ ᠶᠡᠬᠡᠳᠡ ᠲᠠᠭᠠᠯᠠᠭᠳᠠᠨ᠂ ᠬᠠᠷᠢᠵᠤ ᠢᠷᠡᠭᠰᠡᠨ  ᠤ ᠎ ᠪᠠᠨ ᠬᠤᠶᠢᠨ᠎ᠠ ᠬᠤᠭᠤᠯᠠᠨ ᠭᠡᠷ ᠡᠷᠭᠢᠯᠡᠭᠦ ᠪᠤᠳᠤᠯ ᠴᠦ ᠣᠷᠣᠵᠤ᠂ ᠲᠤᠰᠬᠠᠢ ᠴᠠᠭ ᠭᠠᠷᠭᠠᠵᠤ ᠡᠨᠡ ᠲᠠᠯ᠎ᠠ ᠪᠠᠷ ᠬᠡᠰᠡᠭ ᠬᠤᠭᠤᠴᠠᠭ᠎ᠠ ᠨᠠᠷᠢᠯᠢᠭ ᠰᠤᠷᠤᠯᠴᠠᠵᠠᠢ᠃ ᠲᠡᠶᠢᠨᠬᠦ ᠮᠥᠨ ᠲᠡᠷᠡ ᠵᠢᠯ ᠳᠡᠭᠡᠨ ᠪᠠᠶᠠᠨᠬᠤᠲᠠ ᠶᠢᠨ ᠳᠤᠯᠠᠭᠠᠨ ᠬᠤᠷᠢᠶᠠᠯᠠᠯ  ᠤᠨ ᠬᠠᠪᠢ  ᠳᠤ ︽ᠪᠤᠷᠢᠶᠠᠳ ᠮᠣᠩᠭᠤᠯ ᠬᠤᠭᠤᠯᠠ︾ ᠬᠡᠮᠡᠬᠦ ᠬᠤᠭᠤᠯᠠᠨ ᠭᠡᠷ ᠨᠡᠭᠡᠭᠡᠵᠦ᠂ ᠳᠤᠮᠳᠠ ᠎ ᠨᠢ ᠪᠠᠰᠠ ᠥᠭᠡᠷ᠎ᠡ ᠠᠵᠢᠯ ᠠᠬᠤᠢ ᠤᠷᠤᠯᠳᠤᠵᠦ ᠪᠠᠶᠢᠵᠠᠢ᠃ ᠨᠡᠯᠢᠶᠡᠳ ᠰᠡᠭᠦᠯᠡᠷ ᠨᠢ᠂ᠳᠠᠷᠤᠢ2020 ᠣᠨ  ᠳᠤ ᠪᠠᠶᠠᠨᠬᠤᠲᠠ  ᠶᠢᠨ ᠰᠢᠶᠠᠩ ᠷᠦᠢ ᠭᠧ ᠬᠤᠷᠢᠶᠠᠯᠠᠯ  ᠤᠨ ᠬᠠᠵᠠᠭᠤ  ᠳᠤ ᠲᠠᠬᠢᠨ ︽ᠪᠤᠷᠢᠶᠠᠳ ᠮᠣᠩᠭᠤᠯ ᠬᠤᠭᠤᠯᠠ︾ ᠎ ᠪᠠᠨ ᠡᠷᠭᠢᠯᠡᠭᠡᠳ ᠰᠠᠶ᠋ᠢᠬᠠᠨ ᠪᠤᠯᠲᠠᠯ᠎ᠠ ᠲᠡᠨᠳᠡ ᠪᠠᠶᠢᠭᠰᠠᠨ ᠢᠶᠠᠨ ᠲᠦᠷᠦᠭᠦᠬᠡᠨ ᠥᠪᠡᠷ ᠤᠨ ᠰᠠᠭᠤᠳᠠᠭ ᠭᠡᠷ ᠬᠤᠷᠢᠶᠠᠯᠠᠯ ᠳᠠᠭᠠᠨ ᠣᠶᠢᠷᠠᠳᠬᠤ ᠶᠢᠨ ᠲᠥᠯᠥᠭᠡ ᠣᠲᠣ ᠶᠢᠨ ᠪᠠᠶᠢᠭ᠎ᠠ ᠰᠢ ᠴᠧᠩ ᠵᠢᠶᠠ ᠶᠤᠸᠠᠨ ᠬᠤᠷᠢᠶᠠᠯᠠᠯ  ᠤᠨ ᠬᠠᠵᠠᠭᠤ  ᠳᠤ ᠨᠡᠭᠦᠵᠦ ᠢᠷᠡᠭᠰᠡᠨ ᠨᠢ ᠡᠨᠡ ᠪᠠᠶᠢᠪᠠ᠃       ᠲᠣᠭᠤᠰ ᠤᠨ ᠨᠥᠬᠦᠷ ᠨᠢ ᠡᠳᠦᠭᠡ ᠲᠣᠮᠣ ᠠᠴᠢᠶᠠᠨ ᠤ ᠮᠠᠰᠢᠨ ᠪᠠᠷᠢᠵᠤ ᠵᠥᠭᠡᠭᠡᠪᠦᠷᠢ ᠶᠢᠨ ᠠᠵᠢᠯ ᠬᠢᠳᠡᠭ ᠶᠤᠮ ᠪᠠᠶᠢᠨ᠎ᠠ᠃ ᠰᠤᠷᠪᠤᠯᠵᠢᠯᠠᠬᠤ  ᠪᠠᠷ ᠣᠴᠢᠭᠰᠠᠨ ᠲᠡᠷᠡ ᠡᠳᠦᠷ᠂ ᠨᠥᠬᠦᠷ ᠨᠢ ᠳᠥᠩᠭᠡᠵᠢ ᠨᠢᠭᠡ ᠠᠮᠠᠷᠠᠳᠠᠭ ᠴᠠᠭ ᠎ ᠨᠢ ᠲᠡᠭᠠᠷᠠᠬᠰᠠᠨ ᠢᠶᠠᠷ ᠭᠡᠷᠭᠡᠢ ᠳᠡᠭᠡᠨ ᠬᠠᠪᠰᠤᠷᠴᠤ ᠶᠠᠭᠠᠷᠠᠵᠤ ᠪᠠᠶᠢᠯ᠎ᠠ᠃ ᠵᠣᠴᠢᠨ ᠳᠤ ᠬᠤᠭᠤᠯᠠ ᠵᠠᠭᠤᠰᠢ  ᠶᠢ ᠨᠢ ᠵᠥᠭᠡᠭᠡᠵᠦ᠂ ᠴᠠᠢ ᠤᠮᠳᠠ ᠶᠢ ᠨᠢ ᠠᠶᠠᠭᠠᠯᠠᠨ᠂ ᠰᠢᠷᠡᠭᠡ ᠰᠠᠨᠳᠠᠯᠢ ᠵᠦᠯᠭᠦᠵᠦ᠂ ᠳᠡᠭᠡᠭᠰᠢ ᠳᠣᠭᠤᠭᠰᠢ ᠲᠠᠪᠠᠭ ᠪᠠᠷᠢᠭᠠᠳ ᠯᠠ ︽ᠱᠣᠭᠰᠢᠵᠤ︾᠂ ᠲᠣᠭᠤᠰ ᠨᠢ ᠨᠢᠭᠡ ᠦᠢᠯᠡᠴᠢᠯᠡᠭᠴᠢ  ᠲᠠᠢ  ᠪᠠᠨ ᠬᠤᠶᠠᠭᠤᠯᠠ ᠭᠠᠯ ᠲᠣᠭᠤᠭᠠᠨ ᠤ  ᠪᠠᠨ ᠭᠡᠷ ᠲᠤ ᠲᠠᠪᠤᠨ ᠲᠣᠭᠤᠭ᠎ᠠ ᠶᠢ ᠵᠡᠷᠭᠡᠪᠡᠷ ᠭᠠᠯᠯᠠᠵᠤ ᠶᠣᠰᠣᠲᠠᠢ ᠭᠠᠪᠰᠢᠭᠠᠶᠢᠯᠠᠵᠤ ᠥᠭᠴᠦ ᠪᠠᠶᠢᠯ᠎ᠠ᠃       ᠦᠳᠡ ᠣᠶᠢᠷᠠᠳᠬᠤ ᠪᠠᠷ ᠬᠤᠭᠤᠯᠠᠨ ᠭᠡᠷ ᠤᠨ ᠨᠢᠭᠡᠳᠦᠭᠡᠷ ᠳᠠᠪᠬᠤᠷᠭ᠎ᠠ  ᠳᠤ ᠬᠥᠮᠥᠨ ᠳᠦᠭᠦᠷᠴᠦ᠂ ᠦᠬᠡᠷ ᠤᠨ ᠮᠢᠬ᠎ᠠ ᠲᠠᠢ ᠱᠥᠯᠥ᠂ ᠪᠤᠷᠢᠶᠠᠳ ᠪᠤᠤᠵᠠ᠂ ᠪᠢᠲᠡᠭᠦᠦ ᠱᠥᠯᠥ᠂ ᠬᠠᠭᠤᠷᠤᠭᠰᠠᠨ᠂ ᠬᠠᠭᠠᠷᠢᠭᠰᠠᠨ ᠦᠬᠡᠷ ᠬᠤᠨᠢᠨ ᠤ ᠮᠢᠬ᠎ᠠ᠂ ᠪᠤᠷᠴᠠ᠂ ᠯᠪᠧᠷ ᠪᠣᠣᠪᠤ᠂ ᠬᠠᠲᠠᠭᠰᠠᠨ ᠮᠢᠬ᠎ᠠ  ᠲᠠᠢ ᠬᠦᠮᠡᠯᠢ ᠬᠡᠮᠡᠨ ᠵᠠᠬᠢᠶᠠᠯᠠᠭ᠎ᠠ ᠶᠢ ᠵᠠᠯᠭᠠᠭ᠎ᠠ ᠵᠠᠯᠭᠠᠭ᠎ᠠ  ᠪᠠᠷ ᠲᠣᠰᠴᠤ ᠪᠠᠶᠢᠯ᠎ᠠ᠃ ᠭᠠᠯ ᠲᠣᠭᠤᠭᠠᠨ  ᠤ ᠠᠵᠢᠯ  ᠳᠠᠭᠠᠨ ᠭᠠᠷᠰᠢᠭᠰᠠᠨ ᠲᠣᠭᠤᠰ ᠴᠤ ᠶᠠᠭᠠᠷᠠᠯᠲᠠᠢ ᠪᠣᠯᠪᠠᠴᠤ ᠡᠮᠬᠢ ᠴᠡᠭᠴᠡ ᠲᠠᠢ ᠠᠵᠢᠯᠯᠠᠨ᠎ᠠ᠃ ᠴᠢᠨᠠᠷᠯᠢᠭ ᠢᠳᠡᠭᠡᠨ ᠬᠢᠬᠦ ᠶᠢ ᠵᠣᠷᠢᠭᠰᠠᠨ ᠲᠡᠳᠡᠨᠡᠶᠢᠬᠢᠨ ᠪᠤᠷᠢᠶᠠᠳ ᠪᠤᠤᠵᠠ ᠬᠢᠬᠦ  ᠳᠡᠭᠡᠨ ᠤᠷᠢᠳᠴᠢᠯᠠᠨ ᠪᠣᠭᠤᠵᠤ ᠬᠥᠯᠳᠡᠭᠡᠳᠡᠭ ᠦᠭᠡᠢ᠂ ᠬᠠᠷᠢᠨ ᠪᠤᠤᠵᠠ ᠶᠢᠨ ᠢᠳᠡᠭᠡᠨ ᠤ ᠮᠢᠬ᠎ᠠ ᠶᠢ ᠲᠣᠮᠣ ᠰᠢᠭ᠋ ᠬᠡᠷᠴᠢᠨ᠂ ᠪᠡᠯᠡᠨ ᠪᠡᠯᠡᠨ ᠪᠠᠷᠢᠵᠤ ᠵᠢᠩᠨᠡᠳᠡᠭ ᠪᠠᠶᠢᠨ᠎ᠠ᠃ ᠲᠡᠶᠢᠮᠦ ᠪᠣᠯᠬᠤᠷ ᠪᠤᠤᠵᠠ ᠨᠢ ᠵᠥᠭᠡᠯᠡᠨ ᠪᠥᠭᠡᠳ ᠲᠣᠮᠣ᠂ ᠱᠥᠯᠥ ᠲᠣᠰᠣ ᠨᠢ ᠲᠡᠩᠴᠡᠭᠰᠡᠨ᠂ ᠠᠮᠲᠠ ᠰᠠᠶᠢᠲᠠᠢ ᠪᠣᠯᠳᠠᠭ ᠪᠠᠶᠢᠨ᠎ᠠ᠃       ᠲᠡᠳᠡᠨ ᠤ  ᠳᠤ ᠪᠠᠶᠢᠩᠭᠤ ᠢᠷᠡᠳᠡᠭ ᠭᠡᠳᠡᠭ ᠨᠢᠭᠡᠨ ᠵᠣᠴᠢᠨ᠄ ︽ᠮᠠᠨᠠᠶᠢᠬᠢ ᠪᠤᠷᠢᠶᠠᠳ ᠬᠤᠭᠤᠯᠠᠨ ᠭᠡᠷ ᠲᠤ ᠦᠷᠭᠦᠯᠵᠢ ᠢᠷᠡᠳᠡᠭ᠂ ᠬᠤᠭᠤᠯᠠ ᠵᠠᠭᠤᠰᠢ ᠨᠢ ᠶᠠᠭ ᠯᠠ ᠭᠡᠷ  ᠤᠨ ᠬᠤᠭᠤᠯᠠ ᠰᠢᠭ᠋ ᠠᠮᠲᠠᠲᠠᠢ᠂ ᠰᠢᠮᠡᠲᠡᠢ᠂ ᠲᠡᠭᠡᠭᠡᠳ ᠬᠥᠳᠡᠭᠡ ᠶᠢᠨ ᠮᠠᠯ ᠮᠢᠬ᠎ᠠ  ᠪᠠᠨ ᠠᠪᠴᠢᠷᠠᠳᠠᠭ ᠪᠣᠯᠬᠤᠷ ᠬᠥᠮᠥᠰ ᠢᠳᠡᠬᠦ ᠳᠤᠷᠠᠲᠠᠢ ᠪᠠᠶᠢᠳᠠᠭ᠃ ᠲᠣᠭᠤᠰ ᠴᠦ ᠪᠤᠤᠵᠠ ᠪᠠᠩᠰᠢ᠂ ᠵᠠᠭᠤᠰᠢ ᠬᠠᠭᠤᠷᠤᠯᠭ᠎ᠠ ᠶᠢ ᠰᠠᠶᠢᠬᠠᠨ ᠬᠢᠵᠦ ᠪᠠᠶᠢᠨ᠎ᠠ᠂ ᠦᠨ᠎ᠡ ᠬᠠᠩᠰᠢ ᠨᠢ ᠪᠠᠰᠠ ᠲᠣᠬᠢᠷᠠᠮᠵᠢᠲᠠᠢ ᠪᠠᠶᠢᠨ᠎ᠠ︾ ᠭᠡᠵᠦ ᠪᠠᠶᠢᠭᠰᠠᠨ ᠪᠢᠯᠡ᠃       ᠲᠣᠭᠤᠰ ᠤᠨ ᠬᠤᠪᠢ ᠳᠤ ᠴᠦ ᠠᠳᠠᠯᠢᠬᠠᠨ᠂ ᠪᠥᠬᠦ ᠠᠵᠢᠯ ᠪᠦᠭᠦᠳᠡ ᠬᠤᠭᠤᠯᠠᠨ ᠤ ᠠᠮᠲᠠ᠂ ᠴᠢᠨᠠᠷ ᠢᠶᠠᠨ ᠪᠠᠲᠤᠯᠠᠬᠤ ᠳᠤ ᠲᠥᠪᠯᠡᠷᠡᠨ᠎ᠡ᠃ ᠲᠡᠷᠡᠪᠡᠷ᠄ ︽ᠬᠥᠮᠥᠨ ᠵᠠᠪᠠᠯ ᠥᠪᠡᠷ ᠤᠨ ᠠᠵᠢᠯ ᠦᠢᠯᠡᠰ ᠲᠡᠭᠡᠨ ᠬᠠᠶᠢᠷᠠᠲᠠᠢ᠂ ᠲᠡᠰᠪᠦᠷᠢ ᠲᠡᠪᠴᠢᠶᠡᠷᠢ ᠲᠠᠢ ᠪᠠᠶᠢᠬᠤ ᠭᠡᠷᠡᠭᠳᠡᠢ ᠶᠤᠮ᠃ ᠲᠡᠭᠡᠪᠠᠯ ᠰᠠᠶ᠋ᠢ ᠪᠥᠬᠦ ᠶᠠᠭᠤᠮ᠎ᠠ ᠪᠦᠷ ᠤᠷᠤᠭᠰᠢᠲᠠᠢ ᠰᠠᠶᠢᠬᠠᠨ ᠪᠣᠯᠳᠠᠭ᠃ ᠰᠠᠶᠢᠬᠠᠨ ᠬᠤᠭᠤᠯᠠ ᠬᠢᠶ᠎ᠡ ᠭᠡᠪᠡᠯ ᠮᠢᠨᠤ ᠬᠤᠪᠢ ᠳᠤ᠂ ᠵᠠᠪᠠᠯ ᠥᠪᠡᠷ ᠢᠶᠠᠨ ᠰᠢᠮᠳᠠᠵᠤ ᠰᠢᠷᠭᠠᠭᠤ ᠪᠠᠶᠢᠬᠤ ᠭᠡᠷᠡᠭᠳᠡᠢ ᠮᠥᠷᠲᠡᠭᠡᠨ ᠬᠤᠭᠤᠯᠠᠨ ᠤ ᠠᠮᠲᠠ ᠦᠨᠦᠷ ᠢ ᠪᠠᠲᠤᠯᠠᠬᠤ ᠶᠢᠨ ᠲᠤᠯᠠᠳᠠ ᠬᠥᠳᠡᠭᠡ ᠶᠢᠨ ᠪᠡᠯᠴᠢᠭᠡᠷ  ᠤᠨ ᠬᠤᠨᠢ᠂ ᠦᠬᠡᠷ ᠤᠨ ᠮᠢᠬ᠎ᠠ ᠪᠠᠷ ᠪᠠᠵᠠᠭᠠᠭᠰᠠᠨ ᠪᠠᠶᠢᠬᠤ ᠭᠡᠷᠡᠭᠳᠡᠢ᠃ ᠶᠠᠭᠤᠮ᠎ᠠ ᠴᠢᠨᠢ ᠵᠠᠪᠠᠯ ᠴᠢᠨᠠᠷᠯᠢᠭ ᠪᠠᠶᠢᠬᠤ᠂ ᠴᠢᠨᠠᠷ ᠢᠶᠠᠨ ᠦᠷᠭᠦᠯᠵᠢ ᠪᠠᠲᠤᠯᠠᠭᠰᠠᠨ ᠪᠠᠶᠢᠬᠤ ᠭᠡᠷᠡᠭᠳᠡᠢ ᠯᠠ ᠳ᠋ᠠ︾ ᠭᠡᠵᠦ ᠪᠠᠶᠢᠯ᠎ᠠ᠃       ︽ᠶᠠᠮᠠᠷ ᠶᠠᠭᠤᠮᠠᠨ ᠳᠤ ᠴᠦ ᠨᠢᠭᠡᠨ ᠦᠵᠦᠭᠦᠷᠲᠦ ᠰᠡᠳᠬᠢᠯ ᠢ ᠪᠠᠷᠢ︾ ᠭᠡᠰᠡᠨ ᠮᠡᠷᠭᠡᠨ ᠦᠭᠡ ᠪᠠᠶᠢᠳᠠᠭ᠃ ᠲᠣᠭᠤᠰ ᠡᠶᠢᠨᠬᠦ ᠨᠢᠭᠡᠨ ᠦᠵᠦᠭᠦᠷᠲᠦ ᠰᠡᠳᠬᠢᠯ ᠢ ᠪᠠᠷᠢᠵᠤ᠂ ᠥᠪᠡᠷ  ᠤᠨ ᠭᠡᠰᠡᠨ ᠢᠲᠡᠭᠡᠯ ᠬᠦᠰᠡᠯ  ᠢᠶᠠᠨ ᠡᠪᠦᠷᠯᠡᠨ᠂ ᠠᠵᠢᠯᠴᠢ ᠬᠥᠳᠡᠯᠮᠦᠷᠢᠴᠢ ᠬᠤᠶᠠᠷ ᠭᠠᠷ  ᠢᠶᠠᠷ  ᠢᠶᠠᠨ ᠦᠢᠯᠡᠰ ᠤᠨ ᠰᠠᠶᠢᠬᠠᠨ ᠢ ᠡᠷᠭᠢᠯᠡᠵᠦ ᠶᠠᠪᠤᠨ᠎ᠠ᠃ ᠵᠣᠷᠢᠭ ᠪᠠᠶᠢᠪᠠᠯ ᠵᠣᠷᠢᠭᠰᠠᠨ ᠳᠠᠭᠠᠨ ᠬᠦᠷᠬᠦ ᠨᠢ ᠯᠠᠪᠲᠠᠢ ᠪᠢᠵᠡ᠃  
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号