ᠠᠯᠠᠱᠠ ᠢᠳᠡᠭᠡᠨ — ᠭᠦᠦᠷᠡᠭ ᠤᠨ ᠲᠠᠯᠬ᠎ᠠ
ᠨᠡᠶᠢᠲᠡᠯᠡᠭᠰᠡᠨ ᠴᠠᠭ᠄
2023/12/29
       �� ᠳᠠᠪᠰᠢᠯᠲᠤ ᠨᠡᠷᠡᠨ᠎ᠡ ᠬᠤᠷᠸ᠎ᠠ       ︽ᠠᠯᠠᠱᠠ ᠠᠮᠲᠠ︾ ᠪᠤᠯᠤᠩ ᠢᠶᠠᠷ ᠠᠯᠠᠱᠠ ᠶᠢᠨ ᠣᠨᠴᠠᠯᠢᠭᠲᠤ ᠢᠳᠡᠭᠡᠨ ᠪᠣᠯᠬᠤ ᠭᠦᠦᠷᠡᠭ ᠤᠨ ᠲᠠᠯᠬ᠎ᠠ ︵ᠭᠦᠦᠷᠡᠭ ᠤᠨ ᠵᠠᠮᠪᠠ︶ ᠬᠢᠬᠦ ᠠᠷᠭ᠎ᠠ ᠶᠢ ᠲᠠᠨᠢᠯᠴᠠᠭᠤᠯᠵᠤ ᠪᠠᠶᠢᠨ᠎ᠠ᠃ ᠭᠦᠦᠷᠡᠭ ᠪᠣᠯ ᠨᠢᠭᠡ ᠵᠦᠢᠯ ᠤᠨ ᠪᠤᠲᠠᠯᠢᠭ ᠡᠪᠡᠰᠦ᠂ ᠤᠯᠠᠨ ᠨᠠᠰᠤᠲᠤ ᠤᠷᠭᠤᠮᠠᠯ ᠪᠣᠯᠬᠤ ᠶᠤᠮ᠃ ᠬᠤᠵᠢᠷᠯᠢᠭ ᠭᠠᠵᠠᠷ ᠲᠤ ᠤᠷᠭᠤᠳᠠᠭ᠃ ᠠᠯᠠᠱᠠᠴᠤᠳ ᠲᠡᠦᠬᠡᠨ ᠠᠴᠠ ᠪᠠᠨ ᠭᠦᠦᠷᠡᠭ ᠤᠨ ᠲᠠᠯᠬ᠎ᠠ ᠬᠢᠬᠦ ᠠᠷᠭ᠎ᠠ ᠶᠢ ᠰᠤᠷᠮᠠᠭᠠᠢ ᠡᠵᠡᠮᠰᠢᠵᠦ᠂ ᠮᠠᠯᠵᠢᠬᠤ ᠠᠮᠢᠳᠤᠷᠠᠯ ᠤᠨ ᠢᠶᠠᠨ ᠳᠤᠮᠳᠠ ᠭᠦᠦᠷᠡᠭ ᠤᠨ ᠲᠠᠯᠬ᠎ᠠ ᠪᠠᠷ ᠬᠤᠭᠤᠯᠠ ᠤᠮᠳᠠ ᠪᠣᠯᠭᠠᠳᠠᠭ ᠪᠠᠶᠢᠭᠰᠠᠨ ᠭᠡᠵᠦ ᠪᠤᠭᠤᠷᠤᠯᠴᠤᠳ ᠶᠠᠷᠢᠵᠤ ᠪᠤᠢ᠃ ᠭᠦᠦᠷᠡᠭ ᠤᠨ ᠲᠠᠯᠬ᠎ᠠ ᠪᠣᠯ ᠲᠣᠰᠣᠯᠢᠭ ᠮᠥᠷᠲᠡᠭᠡᠨ ᠰᠢᠬᠢᠷᠯᠢᠭ ᠠᠮᠲᠠ ᠲᠠᠢ᠃ ᠣᠨᠴᠠᠭᠠᠶᠢᠯᠠᠨ ᠠᠮᠤ ᠬᠦᠨᠡᠰᠦ ᠬᠤᠪᠣᠷ᠂ ᠢᠳᠡᠭᠡᠨ ᠤᠮᠳᠠᠭᠠᠨ ᠬᠤᠮᠰᠠ ᠴᠠᠭ ᠪᠤᠶᠤ ᠠᠶᠠᠨ ᠵᠢᠩ᠂ ᠡᠷᠢᠯ᠂ ᠬᠤᠯᠠ ᠵᠠᠮ ᠶᠠᠪᠤᠬᠤ ᠦᠶᠡᠰ ᠬᠥᠮᠥᠰ ᠭᠦᠦᠷᠡᠭ ᠤᠨ ᠲᠠᠯᠬ᠎ᠠ ᠪᠠᠷ ᠴᠠᠢ ᠶᠢᠨ ᠠᠮᠲᠠ᠂ ᠤᠮᠳᠠ ᠬᠤᠭᠤᠯᠠ ᠬᠢᠳᠡᠭ ᠪᠠᠶᠢᠵᠠᠢ᠃ ᠭᠦᠦᠷᠡᠭ ᠤᠨ ᠲᠠᠯᠬ᠎ᠠ ᠨᠢ ᠴᠢᠬᠢᠭ ᠪᠠᠮ ᠡᠪᠡᠳᠴᠢᠨ᠂ ᠨᠢᠷᠤᠭᠤ ᠪᠥᠭᠡᠷ᠎ᠡ ᠶᠢᠨ ᠡᠪᠡᠳᠴᠢᠨ᠂ ᠰᠡᠷᠢᠭᠦᠨ ᠡᠪᠡᠳᠴᠢᠨ ᠵᠡᠷᠭᠡ  ᠳᠤ ᠲᠤᠰᠠᠲᠠᠢ ᠢᠳᠡᠭᠡᠨ ᠪᠣᠯᠬᠤ ᠶᠤᠮ᠃       ᠭᠦᠦᠷᠡᠭ ᠤᠨ ᠲᠠᠯᠬ᠎ᠠ ᠬᠢᠬᠦ ᠶᠠᠪᠤᠴᠠ       1. ᠪᠠᠷᠤᠭ ᠡᠪᠦᠯ ᠤᠨ ᠡᠬᠢ ᠪᠠᠷ ᠭᠦᠦᠷᠡᠭ ᠤᠨ ᠬᠡᠪᠡᠭ ᠢ ᠦᠩᠭᠡᠵᠦ ᠠᠪᠤᠨ᠎ᠠ᠃       2. ᠦᠩᠭᠡᠵᠦ ᠠᠪᠤᠭᠰᠠᠨ ᠬᠡᠪᠡᠭ ᠢ ᠨᠢ ᠨᠦᠳᠦᠭᠦᠷ ᠲᠤ ᠬᠢᠵᠦ ᠨᠦᠳᠦᠬᠦ ᠪᠤᠶᠤ ᠮᠣᠳᠣ ᠪᠠᠷ ᠴᠣᠬᠢᠵᠤ ᠦᠷ᠎ᠡ ︵ᠢᠲᠡᠭᠡ︶ ᠎ ᠶᠢ ᠨᠢ ᠠᠪᠤᠨ᠎ᠠ᠃       3. ᠨᠦᠳᠦᠬᠦ ᠪᠤᠶᠤ ᠴᠣᠬᠢᠵᠤ ᠠᠪᠤᠭᠰᠠᠨ ᠭᠦᠦᠷᠡᠭ ᠤᠨ ᠦᠷ᠎ᠡ ᠪᠠᠨ ᠬᠤᠳᠳᠤᠭ ᠤᠨ ᠣᠩᠭᠤᠴᠠᠨ ᠳᠤ ᠬᠢᠵᠦ᠂ ᠡᠰᠡᠬᠦᠯ᠎ᠡ ᠥᠭᠡᠷ᠎ᠡ ᠰᠠᠪᠠᠨ ᠳᠤ ᠬᠢᠵᠦ ᠣᠯᠠᠨᠲᠠ ᠤᠬᠢᠶᠠᠵᠤ ᠴᠡᠪᠡᠷᠯᠡᠨ᠎ᠡ᠃ ᠳᠠᠷᠤᠢ ᠬᠤᠵᠢᠷ᠂ ᠰᠢᠷᠣᠢ᠂ ᠲᠣᠭᠤᠰᠣ ᠶᠢ ᠨᠢ ᠤᠬᠢᠶᠠᠵᠤ ᠠᠷᠢᠯᠭᠠᠨ᠎ᠠ᠃ ᠪᠤᠭᠤᠷᠤᠯᠴᠤᠳ ᠤᠨ ᠶᠠᠷᠢᠬᠤ ᠪᠠᠷ ᠭᠦᠦᠷᠡᠭ ᠤᠨ ᠦᠷ᠎ᠡ ᠶᠢ ᠬᠤᠳᠳᠤᠭ ᠠᠴᠠ ᠬᠤᠯᠠ ᠵᠠᠶᠢᠯᠠᠭᠤᠯᠵᠤ ᠤᠬᠢᠶᠠᠳᠠᠭ ᠭᠡᠨ᠎ᠡ᠃ ᠤᠴᠢᠷ ᠨᠢ ᠭᠦᠦᠷᠡᠭ ᠪᠣᠯ ᠬᠤᠵᠢᠷᠯᠢᠭ ᠤᠷᠭᠤᠮᠠᠯ ᠪᠣᠯᠬᠤᠷ ᠬᠤᠳᠳᠤᠭ ᠤᠨ ᠤᠰᠤ ᠬᠤᠵᠢᠷᠯᠢᠭ ᠠᠮᠲᠠ ᠲᠠᠢ ᠪᠤᠶᠤ ᠠᠮᠲᠠ ᠬᠤᠪᠢᠷᠠᠬᠤ ᠶᠢ ᠰᠡᠷᠭᠡᠶᠢᠯᠡᠳᠡᠭ ᠶᠤᠮ ᠪᠠᠶᠢᠨ᠎ᠠ᠃       4. ᠤᠬᠢᠶᠠᠵᠤ ᠴᠡᠪᠡᠷᠯᠡᠭᠰᠡᠨ ᠭᠦᠦᠷᠡᠭ ᠤᠨ ᠦᠷ᠎ᠡ ᠪᠠᠨ ᠨᠠᠮᠤᠭᠤᠨ ᠭᠠᠯ ᠳᠡᠭᠡᠷ᠎ᠡ ᠪᠠᠷᠤᠭ ᠠᠷᠪᠠᠭᠠᠳ ᠮᠢᠨᠥᠲ ᠬᠢᠷᠢᠲᠡᠢ ᠬᠠᠭᠤᠷᠤᠨ᠎ᠠ᠃       5. ᠬᠠᠭᠤᠷᠤᠭᠰᠠᠨ ᠭᠦᠦᠷᠡᠭ ᠤᠨ ᠦᠷ᠎ᠡ ᠪᠠᠨ ᠲᠡᠭᠡᠷᠮ᠎ᠡ ᠪᠠᠷ ᠳᠡᠭᠡᠷᠡᠮᠳᠡᠵᠦ ᠲᠠᠯᠬ᠎ᠠ ᠪᠣᠯᠭᠠᠨ᠎ᠠ᠃  
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号