ᠳᠤᠮᠳᠠᠳᠤ ᠤᠯᠤᠰ ᠤᠨ ᠵᠢᠭᠤᠯᠴᠢᠯᠠᠯ ᠤᠨ ᠡᠳᠦᠷ ᠤᠨ ᠢᠷᠡᠯᠲᠡ
ᠨᠡᠶᠢᠲᠡᠯᠡᠭᠰᠡᠨ ᠴᠠᠭ᠄
2023/12/30
            2001 ᠣᠨ ᠤ 5 ᠰᠠᠷ᠎ᠠ  ᠶᠢᠨ 19 ᠎ ᠤ ᠡᠳᠦᠷ᠂ ᠵᠧᠵᠢᠶᠠᠩ ᠮᠤᠵᠢ  ᠶᠢᠨ ᠨᠢᠩᠬᠠᠶ  ᠶᠢᠨ ᠬᠥᠮᠥᠨ ᠮᠠ ᠱᠣᠣ ᠴᠢᠨ ᠨᠢᠩᠬᠠᠶ  ᠶᠢᠨ ᠰᠢᠦᠢ ᠰᠢᠶᠠ ᠺᠧ  ᠶᠢᠨ ᠵᠢᠭᠤᠯᠴᠢᠯᠠᠯ ᠤᠨ ᠺᠯᠦ᠋ᠪ ᠤᠨ ᠨᠡᠷ᠎ᠡ ᠪᠠᠷ ︽ᠰᠢᠦᠢ ᠰᠢᠶᠠ ᠺᠧ ᠎ ᠶᠢᠨ ᠵᠢᠭᠤᠯᠴᠢᠯᠠᠯ ᠤᠨ ᠲᠡᠮᠳᠡᠭᠯᠡᠯ︾᠎ ᠤᠨ ᠠᠩᠬᠠᠳᠠᠭᠴᠢ ︽ᠲᠢᠶᠠᠨ ᠲᠠᠢ ᠱᠠᠨ ᠠᠭᠤᠯᠠᠨ  ᠳᠤ ᠵᠢᠭᠤᠯᠴᠢᠯᠠᠭᠰᠠᠨ ᠡᠳᠦᠷ ᠤᠨ ᠲᠡᠮᠳᠡᠭᠯᠡᠯ︾᠎ ᠤᠨ ᠡᠬᠢᠯᠡᠯᠲᠡ  ᠶᠢᠨ ᠡᠳᠦᠷ ︵5 ᠰᠠᠷ᠎ᠠ  ᠶᠢᠨ 19 ᠎ ᠤ ᠡᠳᠦᠷ︶ ᠎ ᠢ ᠳᠤᠮᠳᠠᠳᠤ ᠤᠯᠤᠰ ᠤᠨ ᠵᠢᠭᠤᠯᠴᠢᠯᠠᠯ ᠤᠨ ᠡᠳᠦᠷ ᠭᠡᠵᠦ ᠨᠡᠷᠡᠯᠡᠬᠦ ᠰᠠᠨᠠᠭᠤᠯᠭ᠎ᠠ ᠭᠠᠷᠭᠠᠵᠠᠢ᠃       2011 ᠣᠨ ᠤ 3 ᠰᠠᠷ᠎ᠠ ᠶᠢᠨ 30 ᠎ ᠤ ᠡᠳᠦᠷ ᠲᠥᠷᠥ ᠶᠢᠨ ᠶᠠᠪᠤᠳᠠᠯ ᠤᠨ ᠬᠤᠷᠢᠶᠠᠨ ᠤ ᠪᠠᠶᠢᠩᠭᠤ ᠶᠢᠨ ᠬᠤᠷᠠᠯ ᠠᠴᠠ ᠰᠢᠢᠳᠪᠦᠷᠢ ᠪᠠᠲᠤᠯᠠᠵᠤ᠂ 2011 ᠣᠨ ᠠᠴᠠ ᠡᠬᠢᠯᠡᠨ ᠵᠢᠯ ᠪᠦᠷᠢ ᠶᠢᠨ 5 ᠰᠠᠷ᠎ᠠ ᠶᠢᠨ 19᠎ ᠤ ᠡᠳᠦᠷ ᠢ ︽ᠳᠤᠮᠳᠠᠳᠤ ᠤᠯᠤᠰ ᠤᠨ ᠵᠢᠭᠤᠯᠴᠢᠯᠠᠯ ᠤᠨ ᠡᠳᠦᠷ︾᠎ ᠢᠶᠠᠷ ᠲᠣᠭᠲᠠᠭᠠᠭᠰᠠᠨ ᠪᠠᠶᠢᠨ᠎ᠠ᠃ ᠰᠢᠦᠢ ᠰᠢᠶᠠ ᠺᠧ ︵1587 ᠊᠊ 1641ᠣᠨ︶ ᠪᠣᠯ ᠮᠢᠩ ᠤᠯᠤᠰ ᠤᠨ ᠦᠶ᠎ᠡ ᠶᠢᠨ ᠭᠠᠵᠠᠷ ᠵᠦᠢ ᠶᠢᠨ ᠤᠬᠠᠭᠠᠨᠲᠠᠨ᠂ ᠵᠢᠭᠤᠯᠴᠢᠯᠠᠭᠴᠢ᠂ ᠤᠷᠠᠨ ᠵᠣᠬᠢᠶᠠᠯᠴᠢ᠃ ᠲᠡᠷᠡ ᠨᠢᠭᠡ ᠨᠠᠰᠤ ᠪᠠᠷ ᠢᠶᠠᠨ ᠡᠬᠡ ᠤᠯᠤᠰ ᠤᠨ ᠭᠠᠵᠠᠷ ᠪᠣᠯᠭᠠᠨ ᠢᠶᠠᠷ ᠶᠠᠪᠤᠵᠤ᠂ ᠤᠯᠠ ᠮᠥᠷ ᠢᠶᠠᠨ 21 ᠮᠤᠵᠢ᠂ ᠬᠤᠲᠠ᠂ ᠥᠪᠡᠷᠲᠡᠭᠡᠨ ᠵᠠᠰᠠᠬᠤ ᠣᠷᠣᠨ ᠳᠤ ᠦᠯᠡᠳᠡᠭᠡᠵᠦ᠂ ᠵᠢᠭᠤᠯᠴᠢᠯᠠᠨ ᠲᠣᠭᠤᠷᠢᠭᠰᠠᠨ ᠭᠠᠵᠠᠷ ᠣᠷᠣᠨ ᠨᠢ ᠬᠠᠭᠠᠰ ᠢᠯᠡᠭᠦᠦ ᠳᠤᠮᠳᠠᠳᠤ ᠤᠯᠤᠰ  ᠢ ᠪᠦᠷᠬᠦᠭᠰᠡᠨ ᠪᠠᠶᠢᠨ᠎ᠠ᠃ ᠬᠥᠷᠥᠭᠰᠡᠨ ᠭᠠᠵᠠᠷ ᠪᠣᠯᠭᠠᠨ ᠳᠠᠭᠠᠨ ᠲᠡᠷᠡ ᠨᠢᠭᠤᠴᠠᠭᠠᠢ ᠪᠠᠷᠳᠠᠭ᠎ᠠ ᠶᠢ ᠰᠢᠨᠵᠢᠯᠡᠨ᠂ ᠵᠢᠭᠤᠯᠴᠢᠯᠠᠯ ᠤᠨ ᠠᠶᠠᠯᠠᠯ ᠤᠨ ᠲᠡᠮᠳᠡᠭᠯᠡᠯ ᠪᠢᠴᠢᠵᠦ᠂ ᠰᠢᠨᠵᠢᠵᠦ ᠠᠩᠬᠠᠷᠤᠭᠰᠠᠨ ᠡᠯ᠎ᠡ ᠳᠦᠷᠦᠯ ᠤᠨ ᠦᠵᠡᠮᠵᠢ ᠦᠵᠡᠭᠳᠡᠯ᠂ ᠬᠥᠮᠥᠨ ᠰᠣᠶᠣᠯ᠂ ᠭᠠᠵᠠᠷ ᠵᠦᠢ᠂ ᠤᠷᠭᠤᠮᠠᠯ ᠠᠮᠢᠳᠠᠨ ᠤ ᠪᠠᠶᠢᠳᠠᠯ ᠵᠡᠷᠭᠡ ᠶᠢ ᠨᠠᠷᠢᠯᠢᠭ ᠲᠡᠮᠳᠡᠭᠯᠡᠭᠰᠡᠨ ᠪᠠᠶᠢᠨ᠎ᠠ᠃  ᠭᠤᠴᠢ ᠭᠠᠷᠤᠢ ᠵᠢᠯ ᠤᠨ ᠵᠢᠭᠤᠯᠴᠢᠯᠠᠯ ᠤᠨ ᠶᠠᠪᠤᠴᠠ ᠳᠤ ᠲᠡᠷᠡ 60 ᠲᠦᠮᠡᠨ ᠦᠰᠦᠭ ᠤᠨ ᠨᠡᠷᠡᠲᠦ ᠪᠦᠲᠦᠭᠡᠯ ᠪᠣᠯᠬᠤ ︽ᠰᠢᠦᠢ ᠰᠢᠶᠠ ᠺᠧ  ᠶᠢᠨ ᠵᠢᠭᠤᠯᠴᠢᠯᠠᠯ ᠤᠨ ᠲᠡᠮᠳᠡᠭᠯᠡᠯ︾ ᠎ ᠢ ᠪᠢᠴᠢᠵᠦ ᠳᠠᠭᠤᠰᠬᠠᠵᠠᠢ᠃ ᠲᠣᠰ ᠨᠣᠮ ᠨᠢ ᠥᠨᠥᠳᠥᠷ ᠤᠨ ᠬᠠᠭᠠᠰ ᠢᠯᠡᠭᠦᠦ ᠳᠤᠮᠳᠠᠳᠤ ᠤᠯᠤᠰ ᠲᠤ ᠬᠤᠯᠪᠣᠭᠳᠠᠭᠰᠠᠨ ᠮᠠᠰᠢ ᠤᠯᠠᠨ ᠠᠭᠤᠯᠠ ᠤᠰᠤ᠂ ᠭᠠᠶᠢᠬᠠᠮᠰᠢᠬᠲᠤ ᠦᠵᠡᠮᠵᠢ ᠵᠢᠴᠢ ᠠᠷᠠᠳ  ᠤᠨ ᠵᠠᠩ ᠦᠢᠯᠡ᠂ ᠨᠡᠶᠢᠭᠡᠮ ᠤᠨ ᠠᠮᠢᠳᠤᠷᠠᠯ ᠵᠡᠷᠭᠡ ᠶᠢ ᠠᠮᠢᠳᠤᠯᠢᠭ ᠢᠶᠠᠷ ᠵᠢᠷᠤᠭᠯᠠᠵᠤ᠂ ᠬᠤᠵᠢᠮ ᠤᠨ ᠬᠥᠮᠥᠰ ᠲᠤ ᠲᠤᠶᠢᠯ ᠤᠨ ᠡᠷᠬᠢᠮ ᠨᠠᠨᠳᠢᠨ ᠰᠣᠶᠣᠯ ᠤᠨ ᠥᠪ ᠬᠥᠷᠥᠩᠭᠡ ᠶᠢ ᠦᠯᠡᠳᠡᠭᠡᠨ ᠥᠭᠴᠦ᠂ ᠳᠤᠮᠳᠠᠳᠤ ᠤᠯᠤᠰ ᠤᠨ ᠵᠤᠭᠠᠴᠠᠯ ᠤᠨ ᠲᠡᠦᠬᠡ ᠵᠢᠴᠢ ᠳᠤᠮᠳᠠᠳᠤ ᠤᠯᠤᠰ ᠤᠨ ᠰᠣᠶᠣᠯ  ᠤᠨ ᠲᠡᠦᠬᠡᠨ ᠳᠠᠬᠢ ᠨᠢᠭᠡᠨ ᠬᠥᠰᠢᠶ᠎ᠡ ᠳᠤᠷᠠᠰᠬᠠᠯ ᠤᠨ ᠲᠡᠮᠳᠡᠭ ᠪᠤᠯᠤᠬᠰᠠᠨ ᠪᠠᠶᠢᠨ᠎ᠠ᠃ ︽ᠰᠢᠦᠢ ᠰᠢᠶᠠ ᠺᠧ  ᠶᠢᠨ ᠵᠢᠭᠤᠯᠴᠢᠯᠠᠯ  ᠤᠨ ᠲᠡᠮᠳᠡᠭᠯᠡᠯ︾᠎ ᠨᠢ ᠡᠷᠳᠡᠮ ᠰᠢᠨᠵᠢᠯᠡᠭᠡᠨ ᠤ ᠬᠢᠨ ᠳᠤ ᠳᠤᠮᠳᠠᠳᠤ ᠤᠯᠤᠰ ᠤᠨ ᠬᠠᠮᠤᠭ ᠶᠡᠭᠡ ᠨᠥᠯᠥᠭᠡᠯᠡᠬᠦ ᠬᠦᠴᠦᠨ ᠲᠠᠢ 20 ᠪᠦᠲᠦᠭᠡᠯ ᠤᠨ ᠨᠢᠭᠡ ᠭᠡᠭᠳᠡᠵᠦ᠂ ᠳᠤᠮᠳᠠᠳᠤ ᠤᠯᠤᠰ ᠲᠤ ᠯᠠ ᠪᠢᠰᠢ᠂ ᠠᠮᠧᠷᠢᠺᠠ᠂ ᠶᠠᠫᠤᠨ᠂ ᠰᠢᠩᠭᠠᠫᠤᠷ ᠵᠡᠷᠭᠡ ᠤᠯᠤᠰ ᠲᠤ ᠴᠤ ︽ᠰᠢᠦᠢ ᠰᠢᠶᠠ ᠺᠧ  ᠶᠢᠨ ᠰᠤᠳᠤᠯᠭᠠᠨ ᠤ ᠨᠡᠶᠢᠭᠡᠮᠯᠢᠭ︾ ᠪᠠᠶᠢᠭᠤᠯᠤᠭᠳᠠᠭᠰᠠᠨ ᠪᠠᠶᠢᠨ᠎ᠠ᠃  
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号