︽ᠱᠠᠯᠪᠢᠩ︾᠎ ᠤᠨ ᠳᠣᠣᠷ᠎ᠠ ᠨᠢ ︽ᠤᠨᠠᠭᠤᠯᠢ︾ ᠪᠠᠶᠢᠳᠠᠭ
ᠨᠡᠶᠢᠲᠡᠯᠡᠭᠰᠡᠨ ᠴᠠᠭ᠄
2023/12/30
                  ᠵᠣᠭᠤᠰ ᠣᠯᠬᠤ ᠳᠤ ︽ᠲᠡᠭᠷᠢ ᠳᠡᠭᠡᠷ᠎ᠡ ᠠᠴᠠ ᠱᠠᠯᠪᠢᠩ ᠤᠨᠠᠳᠠᠭ︾ ᠦᠭᠡᠢ ᠶᠤᠮ᠃ ᠳᠠᠷᠠᠭᠠᠬᠢ ᠨᠠᠢᠮᠠᠨ ᠵᠦᠢᠯ ᠤᠨ ︽ᠱᠠᠯᠪᠢᠩ︾ ᠎ ᠢ ᠣᠯᠵᠤ ᠦᠵᠡᠪᠡᠯ ᠲᠡᠭᠦᠨ ᠤ ᠳᠣᠣᠷ᠎ᠠ ᠨᠢ ︽ᠤᠨᠠᠭᠤᠯᠢ︾ ᠪᠠᠶᠢᠬᠤ ᠠᠴᠠ ᠭᠡᠷᠰᠦᠯᠡᠭᠡᠷᠡᠢ︕       1. ᠺᠣᠮᠫᠠᠨᠢ ᠶᠢᠨ ᠲᠡᠩᠰᠡᠯᠡᠵᠦ ᠲᠡᠮᠳᠡᠭᠯᠡᠭᠰᠡᠨ ᠡᠵᠡᠩᠨᠡᠯᠲᠡ ᠶᠢᠨ ᠬᠡᠪᠴᠢᠶ᠎ᠡ ᠠᠴᠠ ᠪᠠᠨ ᠢᠯᠡᠷᠬᠡᠢ ᠬᠡᠲᠦᠷᠡᠭᠰᠡᠨ ᠪᠠᠶᠢᠵᠤ᠂ ᠣᠨᠴᠠᠭᠠᠶᠢᠯᠠᠨ ᠮᠥᠩᠭᠦᠨ ᠭᠦᠢᠯᠭᠡᠭᠡᠨ ᠤ ᠦᠢᠯᠡᠰ ᠤᠨ ᠠᠵᠢᠯᠯᠠᠭᠠᠨ ᠤ ᠪᠦᠷᠢᠨ ᠡᠷᠬᠡ ᠦᠭᠡᠢ ᠮᠥᠷᠲᠡᠭᠡᠨ ᠺᠣᠮᠫᠠᠨᠢ ᠶᠢᠨ ᠨᠡᠷ᠎ᠡ ᠵᠢᠴᠢ ᠪᠡᠯᠡ ᠣᠷᠣᠭᠤᠯᠤᠯᠲᠠ ᠶᠢᠨ ᠳᠦᠷᠦᠯ ᠵᠦᠢᠯ ᠤᠨ ᠨᠡᠷᠡᠰ ᠢᠶᠠᠨ ᠪᠠᠶᠢᠩᠭᠤ ᠰᠣᠯᠢᠳᠠᠭ᠃       2. ᠬᠡᠲᠦᠷᠬᠡᠢ ᠥᠨᠳᠥᠷ ᠠᠰᠢᠭ ᠣᠯᠭᠤᠬᠤ ᠪᠠᠷ ᠠᠮᠠᠯᠳᠠᠬᠤ᠃       3. ᠬᠤᠪᠢ ᠬᠥᠮᠥᠨ ᠤ ᠪᠠᠩᠬᠢ ᠶᠢᠨ ᠲᠠᠩᠰᠠ ᠪᠤᠶᠤ ᠪᠡᠯᠡ ᠮᠥᠩᠭᠦ ᠪᠠᠷ ᠪᠡᠯᠡ ᠮᠥᠩᠭᠦ ᠬᠤᠷᠢᠶᠠᠬᠤ᠂ ᠲᠤᠬᠠᠢ ᠶᠢᠨ ᠲᠠᠯᠠᠪᠠᠢ ᠳᠤ ᠪᠤᠶᠤ ᠲᠡᠷᠡ ᠳᠠᠷᠤᠢ ᠳᠤᠨᠢ ᠡᠬᠡ ᠮᠥᠩᠭᠦ ᠪᠠᠨ ᠲᠤᠰᠢᠶᠠᠪᠠᠯ ᠬᠡᠰᠡᠭ ᠠᠰᠢᠭ ᠬᠤᠪᠢᠶᠠᠵᠤ᠂ ᠬᠦᠦ ᠮᠥᠩᠭᠦ ᠥᠭᠲᠡᠭ᠃       4. ᠵᠡᠭᠡᠯᠢ ᠭᠤᠳᠤᠮᠵᠢ᠂ ᠳᠡᠯᠭᠡᠭᠦᠷ ᠬᠤᠳᠠᠯᠳᠤᠭ᠎ᠠ ᠵᠡᠷᠭᠡ ᠬᠥᠮᠥᠨ ᠣᠯᠠᠨ ᠴᠤᠭᠯᠠᠷᠠᠳᠠᠭ ᠲᠠᠯᠠᠪᠤᠷ ᠲᠤ ᠵᠠᠷ ᠲᠠᠷᠬᠠᠭᠠᠵᠤ᠂ ︽ᠮᠥᠩᠭᠦ ᠠᠷᠪᠢᠵᠢᠭᠤᠯᠬᠤ ᠪᠦᠲᠦᠭᠡᠭᠳᠡᠬᠦᠨ︾ ᠎ ᠤ ᠰᠤᠷᠳᠠᠯᠴᠢᠯᠠᠭ᠎ᠠ ᠬᠢᠵᠦ᠂ ᠭᠤᠣᠯᠳᠠᠭᠤ ᠨᠠᠰᠤᠲᠠᠶᠢᠴᠤᠳ ᠲᠤ ᠤᠬᠠᠭᠤᠯᠭ᠎ᠠ ᠬᠢᠵᠦ ᠰᠤᠷᠲᠠᠯᠴᠢᠯᠠᠳᠠᠭ᠃       5.ᠤᠬᠠᠭᠤᠯᠤᠨ ᠵᠠᠷᠯᠠᠵᠤ ᠪᠠᠶᠢᠭ᠎ᠠ ᠬᠠᠭᠤᠳᠠᠰᠤᠨ ᠳᠡᠭᠡᠷ᠎ᠡ ᠪᠠᠨ ᠥᠪᠡᠷᠰᠡᠳ ᠤᠨ ᠨᠡᠷᠡᠯᠡᠭᠰᠡᠨ ᠥᠨᠳᠥᠷ ᠲᠠᠰ ᠤᠨ ᠤᠳᠤᠷᠢᠳᠤᠯᠭ᠎ᠠ ᠶᠢᠨ ᠵᠢᠷᠤᠭ᠂ ᠶᠠᠷᠢᠶ᠎ᠠ᠂ ᠴᠢᠬᠤᠯᠠ ᠬᠤᠷᠠᠯ ᠤᠨ ᠮᠠᠲ᠋ᠧᠷᠢᠶᠠᠯ ᠵᠡᠷᠭᠡ ᠠᠭᠤᠯᠭ᠎ᠠ ᠨᠤᠭᠤᠳ ᠬᠡᠪᠯᠡᠵᠦ᠂ ᠬᠤᠳᠠᠯᠳᠤᠨ ᠪᠣᠷᠣᠯᠠᠭᠤᠯᠵᠤ ᠪᠠᠶᠢᠭ᠎ᠠ ᠪᠡᠯᠡ ᠣᠷᠣᠭᠤᠯᠤᠯᠲᠠ ᠪᠠ ᠮᠥᠩᠭᠦ ᠠᠷᠪᠢᠵᠢᠭᠤᠯᠬᠤ ᠳᠦᠷᠦᠯ ᠵᠦᠢᠯ ᠨᠢ ᠤᠯᠤᠰ ᠤᠨ ᠳᠡᠮᠵᠢᠯᠭᠡ ᠶᠢ ᠣᠯᠣᠭᠰᠠᠨ ᠭᠡᠳᠡᠭ ᠢ ᠭᠡᠷᠡᠴᠢᠯᠡᠬᠦ ᠪᠠᠷ ᠬᠡᠷᠡᠭᠯᠡᠭᠰᠡᠨ ᠪᠠᠶᠢᠳᠠᠭ᠃       6. ᠣᠯᠠᠨ ᠲᠦᠮᠡᠨ ᠢ ᠥᠳᠥᠭᠡᠵᠦ᠂ ᠬᠤᠪᠢ ᠬᠥᠮᠥᠨ ᠤ ᠭᠡᠷ ᠪᠠᠶᠢᠰᠢᠩ ᠤᠨ ᠥᠮᠴᠢ ᠪᠠᠷ ᠪᠠᠷᠢᠴᠠᠭᠠᠯᠭᠠᠵᠤ ᠂ ᠪᠠᠩᠬᠢ ᠶᠢᠨ ᠵᠢᠭᠡᠯᠡᠯᠭᠡ ᠶᠢ ᠣᠯᠣᠭᠰᠠᠨ ᠬᠤᠶᠢᠨ᠎ᠠ ︽ᠳᠦᠷᠦᠯ ᠵᠦᠢᠯ︾ ᠪᠤᠶᠤ ︽ᠮᠥᠩᠭᠦ ᠠᠷᠪᠢᠵᠢᠭᠤᠯᠬᠤ ᠪᠦᠲᠦᠭᠡᠭᠳᠡᠬᠦᠨ︾᠎ ᠳᠡᠭᠡᠨ ᠪᠡᠯᠡ ᠣᠷᠣᠭᠤᠯᠬᠤ ᠶᠢ ᠱᠠᠭᠠᠷᠳᠠᠳᠠᠭ᠃       7. ᠣᠯᠠᠨ ᠲᠦᠮᠡᠨ ᠢ ᠴᠤᠭᠯᠠᠭᠤᠯᠵᠤ ᠪᠠᠭᠤᠳᠠᠯ᠂ ᠬᠤᠭᠤᠯᠠᠨ ᠤ ᠭᠠᠵᠠᠷ᠂ ᠠᠯᠪᠠᠯᠠᠬᠤ ᠠᠰᠠᠷ ᠲᠤ ︽ᠪᠡᠯᠡ ᠣᠷᠤᠭᠤᠯᠤᠯᠲᠠ ᠶᠢ ᠠᠬᠢᠭᠤᠯᠬᠤ ᠬᠤᠷᠠᠯ︾᠎ ᠳᠤ ᠣᠷᠣᠯᠴᠠᠭᠤᠯᠳᠠᠭ᠃       8. ᠣᠯᠠᠨ ᠲᠦᠮᠡᠨ ᠳᠤ ᠣᠬᠤᠷ ᠮᠡᠳᠡᠭᠡ ᠶᠠᠪᠤᠭᠤᠯᠬᠤ᠂ ᠬᠤᠯᠪᠣᠭ᠎ᠠ ᠠᠪᠬᠤ ᠵᠡᠷᠭᠡ ᠴᠠᠬᠢᠯᠭᠠᠨ ᠮᠡᠳᠡᠭᠡᠨ ᠤ ᠬᠡᠯᠪᠡᠷᠢ ᠪᠠᠷ ︽ᠪᠡᠯᠡ ᠣᠷᠣᠭᠤᠯᠬᠤ ᠳᠦᠷᠦᠯ ᠵᠦᠢᠯ︾ ︽ᠮᠥᠩᠭᠦ ᠠᠷᠪᠢᠵᠢᠭᠤᠯᠬᠤ ᠪᠦᠲᠦᠭᠡᠭᠳᠡᠬᠦᠨ︾᠎ ᠢᠶᠠᠨ ᠰᠤᠷᠲᠠᠯᠴᠢᠯᠠᠨ ᠪᠣᠷᠣᠯᠠᠭᠤᠯᠳᠠᠭ᠃  
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号