ᠭᠠᠨᠭ᠌ ᠵᠢᠯ ᠬᠠᠳᠤᠯᠠᠩ ᠤᠨ ᠭᠠᠷᠤᠯᠳᠠ ᠶᠢ ᠨᠡᠮᠡᠭᠳᠡᠭᠦᠯᠬᠦ
ᠨᠡᠶᠢᠲᠡᠯᠡᠭᠰᠡᠨ ᠴᠠᠭ᠄
2024/3/1
                    ᠭᠤ᠂ ᠰᠠᠶᠢᠨᠪᠠᠶᠠᠷ         ᠡᠪᠦᠯ ᠬᠠᠪᠤᠷ ᠪᠤᠯᠤᠨ ᠬᠠᠰᠢᠶᠠᠯᠠᠬᠤ ᠬᠤᠭᠤᠴᠠᠭᠠᠨ ᠤ ᠬᠡᠷᠡᠭᠰᠡᠬᠦ ᠡᠪᠡᠰᠤᠨ ᠤ ᠬᠡᠮᠵᠢᠶ᠎ᠡ᠎ ᠪᠠᠨ ᠪᠤᠳᠤᠨ ᠭᠠᠷᠭᠠᠭᠰᠠᠨ ᠤ ᠰᠠᠭᠤᠷᠢᠨ ᠳᠡᠭᠡᠷ᠎ᠡ ᠬᠠᠳᠤᠯᠠᠩ ᠤᠨ ᠬᠡᠮᠵᠢᠶ᠎ᠡ ᠪᠠᠨ ᠵᠢᠯ ᠳᠤ ᠬᠤᠶᠠᠷᠤᠳᠠᠭ᠎ᠠ ᠬᠠᠳᠤᠬᠤ᠂ ᠮᠤ᠋ ᠪᠦᠷᠢ ᠠᠴᠠ ᠡᠩ ᠤᠨ ᠰᠢᠯᠢ ᠶᠢᠨ ᠬᠠᠳᠤᠯᠠᠩ ᠠᠴᠠ ᠳᠦᠷᠪᠡᠨ ᠳᠠᠬᠢᠨ ᠭᠠᠷᠬᠤ᠎ ᠪᠠᠷ ᠳᠦᠰᠦᠪᠯᠡᠨ ᠪᠤᠳᠤᠵᠦ ᠳᠤᠭᠳᠠᠭᠠᠨ᠎ᠠ᠃     ᠠᠪᠬᠤ ᠠᠷᠭ᠎ᠠ ᠬᠡᠮᠵᠢᠶ᠎ᠡ᠄     1᠂ ᠬᠠᠭᠤᠴᠢᠨ ᠬᠤᠯᠢᠮᠠᠭ ᠬᠤᠮᠠᠭ᠂ ᠡᠪᠦᠯ ᠤᠨ ᠳᠠᠵᠢᠭᠡᠪᠦᠷᠢ ᠶᠢᠨ ᠬᠤᠷᠢᠶᠠᠨ ᠠᠴᠠᠭᠠᠷᠤᠭᠰᠠᠨ ᠡᠪᠡᠰᠤᠨ ᠦᠷ᠎ᠡ ᠲᠠᠢ ᠬᠤᠭ ᠢ ᠬᠤᠯᠢᠵᠦ᠂ ᠬᠠᠪᠤᠷ ᠤᠨ ᠰᠠᠯᠬᠢᠨ ᠦᠡᠭᠭᠡᠷᠡᠭᠰᠡᠨ ᠤ ᠳᠠᠷᠠᠭ᠎ᠠᠬᠠᠳᠤᠯᠠᠩ ᠳᠤ ᠤᠷᠤᠭᠤᠯᠤᠨ᠎ᠠ᠃     2᠂ ᠢᠰᠷᠧᠯ ᠤᠨ ᠱᠦᠭᠦᠷᠡᠭᠦᠯᠦᠨ ᠤᠰᠤᠯᠠᠬᠤ ᠮᠡᠷᠭᠡᠵᠢᠯ ᠠᠴᠠ ᠢᠷᠡᠯᠳᠡ ᠲᠠᠢᠱᠦᠭᠦᠷᠡᠭᠦᠯᠦᠨ ᠤᠰᠤᠯᠠᠬᠤ ᠳᠦᠬᠦᠷᠦᠮᠵᠢ ᠶᠢ ᠦᠪᠡᠷ ᠤᠨ ᠬᠡᠷᠡᠭᠴᠡᠭᠡᠨ ᠳᠤ ᠪᠠᠨ ᠳᠤᠬᠢᠷᠠᠭᠤᠯᠵᠦᠳᠤᠬᠢᠶᠠᠨ᠎ᠠ᠃ ᠦᠨᠳᠦᠷ ᠳᠡᠭᠡᠷ᠎ᠡ ᠦᠪᠡᠷ ᠢᠶᠠᠨ ᠳᠠᠷᠤᠯᠳᠠ ᠡᠭᠦᠰᠬᠦ ᠤᠰᠤᠨ ᠰᠠᠪᠠ ᠪᠠᠵᠠᠭᠠᠵᠦ᠂ᠲᠡᠭᠦᠨ ᠠᠴᠠ ᠪᠠᠨ ᠪᠦᠬᠦ ᠲᠠᠯᠠᠪᠠᠢ ᠶᠢ ᠪᠦᠷᠬᠦᠬᠦ ᠱᠦᠭᠦᠷᠡᠭᠦᠯᠬᠦ ᠭᠤᠤᠷᠰᠤ ᠶᠢ ᠮᠡᠷᠭᠡᠵᠢᠯᠳᠡᠨ ᠤᠵᠢᠯᠤᠭᠤᠳᠤᠯᠭ᠎ᠠ ᠪᠠᠷ ᠵᠠᠯᠭᠠᠪᠠᠯ ᠪᠤᠯᠴᠢᠬᠠᠨ᠎ᠠ᠃     3᠂ ᠬᠤᠶᠠᠷ ᠤᠳᠠᠭ᠎ᠠ ᠬᠠᠳᠤᠬᠤ ᠬᠡᠪᠡᠯ ᠬᠡᠭᠡᠷ᠎ᠡ ᠶᠢᠨ ᠨᠤᠭᠤᠭ᠎ᠠ ᠰᠤᠶᠤᠭᠠᠯᠠᠬᠤ ᠦᠶ᠎ᠡ ᠠᠴᠠᠡᠬᠢᠯᠡᠨ ᠤᠰᠤᠯᠠᠵᠦ᠂ ᠤᠷᠭᠤᠴᠠ ᠶᠢᠨ ᠪᠠᠶᠢᠳᠠᠯ ᠢ ᠦᠵᠡᠵᠦ ᠪᠠᠶᠢᠭᠠᠳ ᠠᠩᠬ᠎ᠠ ᠤᠳᠠᠭ᠎ᠠ ᠪᠠᠨ ᠬᠠᠳᠤᠵᠦ᠂ᠭᠠᠨᠭ᠌ ᠲᠠᠢ ᠪᠤᠯ ᠦᠷᠭᠦᠯᠵᠢᠯᠡᠨ ᠤᠰᠤᠯᠠᠵᠦ᠂ ᠤᠷᠭᠤᠭᠤᠯᠭᠠᠳ ᠬᠤᠶᠠᠳᠠᠬᠢ ᠤᠳᠠᠭ᠎ᠠ ᠪᠠᠨ ᠬᠠᠳᠤᠨ᠎ᠠ᠃     4᠂ ᠭᠤᠤᠷᠰᠤ ᠪᠦᠷᠬᠦᠭᠦᠯᠬᠦ ᠠᠴᠠ ᠡᠮᠦᠨ᠎ᠡ ᠠᠳᠤᠭᠤ ᠤᠷᠤᠭᠤᠯᠵᠦ ᠲᠤᠭᠤᠴᠢᠭᠤᠯᠪᠠᠯ ᠡᠪᠡᠰᠤᠢᠭ᠌ᠴᠢ ᠰᠠᠬᠤᠯᠠᠭ ᠤᠷᠭᠤᠨ᠎ᠠ᠃      ᠦᠷ᠎ᠡ ᠠᠰᠢᠭ᠄     1᠂ ᠪᠠᠭ᠎ᠠ ᠭᠠᠵᠠᠷ ᠠᠴᠠ ᠶᠡᠭᠡ ᠤᠨᠠᠯᠳᠠ ᠠᠪᠤᠨ᠎ᠠ᠃     2᠂ ᠰᠢᠨ᠎ᠡ ᠮᠡᠷᠭᠡᠵᠢᠯ ᠪᠤᠯᠬᠤᠷ ᠤᠰᠤ ᠴᠠᠬᠢᠯᠭᠠᠨ ᠳᠤ ᠠᠷᠪᠢᠲᠡᠢ᠃     3᠂ ᠬᠤᠶᠠᠷ ᠤᠳᠠᠭ᠎ᠠ ᠬᠠᠳᠤᠵᠦ ᠬᠤᠷᠢᠶᠠᠭᠰᠠᠨ ᠤ ᠳᠠᠷᠠᠭ᠎ᠠ ᠪᠡᠯᠴᠢᠭᠡᠷ ᠤᠷᠭᠤᠵᠦᠵᠠᠪᠳᠤᠨ᠎ᠠ᠃     4᠂ ᠤᠯᠠᠨ ᠲᠦᠷᠦᠯ ᠤᠨ ᠡᠪᠠᠰᠤ ᠤᠷᠭᠤᠬᠤ ᠪᠤᠯᠬᠤᠷ ᠰᠢᠮ᠎ᠡ ᠳᠡᠵᠢᠭᠡᠯ ᠪᠦᠷᠢᠨ᠃     5᠂ ᠲᠠᠷᠢᠮᠠᠯ ᠡᠪᠡᠰᠤ ᠰᠢᠭ ᠰᠢᠷᠦᠭᠦᠨ ᠪᠤᠷᠤᠭᠠᠨ ᠤᠷᠤᠬᠤ ᠠᠴᠠ ᠠᠶᠤᠬᠤ ᠦᠭᠡᠢ᠃     6᠂ ᠬᠠᠰᠢᠶᠠᠯᠠᠵᠦ ᠪᠠᠶᠢᠬᠤ ᠬᠤᠭᠤᠴᠠᠭᠠᠨ ᠳᠤ ᠪᠠᠨ ᠨᠤᠭᠤᠭᠠᠨ ᠡᠪᠡᠰᠤ ᠪᠠᠷ ᠳᠡᠵᠢᠭᠡᠯᠨᠦᠬᠦᠬᠦ ᠪᠤᠯᠤᠮᠵᠢ ᠲᠠᠢ᠃     7᠂ ᠦᠨᠳᠦᠷ ᠮᠡᠷᠭᠡᠵᠢᠯ ᠨᠠᠷᠢᠯᠠᠭ ᠠᠷᠠᠴᠢᠯᠠᠯᠳᠠ ᠱᠠᠭᠠᠷᠳᠠᠭᠳᠠᠬᠤ ᠦᠭᠡᠢ᠃     8᠂ ᠪᠡᠯᠡ ᠤᠷᠤᠭᠤᠯᠤᠯᠳᠠ ᠶᠡᠭᠡ ᠪᠢᠰᠢ᠃     9᠂ ᠬᠦᠷᠦᠰᠦᠨ ᠤ ᠴᠢᠨᠠᠷ ᠰᠠᠶᠢᠵᠢᠷᠠᠨ᠎ᠠ᠃ ᠪᠢ ᠨᠤᠳᠤᠭ ᠪᠡᠯᠴᠢᠭᠡᠷ ᠤᠨ ᠮᠡᠷᠭᠡᠵᠢᠯᠳᠡᠨ ᠪᠢᠰᠢ ᠪᠤᠯᠪᠠᠴᠤ ᠰᠤᠮᠤᠨ ᠤ ᠱᠦᠵᠢ ᠪᠠᠶᠢᠬᠤ ᠳᠤ ᠪᠠᠨᠳᠤᠰᠬᠠᠢ ᠮᠡᠷᠭᠡᠵᠢᠯᠳᠡᠨ ᠤ ᠵᠢᠯᠤᠭᠤᠳᠤᠯᠭ᠎ᠠ ᠪᠠᠷ ᠬᠦᠮᠦᠨ ᠤ ᠬᠦᠴᠦ ᠪᠠᠷ ᠬᠠᠳᠤᠯᠠᠩ ᠰᠠᠶᠢᠵᠢᠷᠠᠭᠤᠯᠬᠤᠠᠵᠢᠯ ᠳᠤ ᠤᠷᠤᠯᠴᠠᠵᠦ ᠪᠠᠶᠢᠭᠰᠠᠨ ᠳᠤᠷᠰᠢᠯᠭ᠎ᠠ ᠲᠠᠢ᠃ ᠬᠡᠰᠢᠭᠲᠡᠨ ᠤ ᠳᠠᠷᠬᠠᠨ ᠠᠭᠤᠯᠠ ᠰᠤᠮᠤᠨ ᠤᠬᠠᠰᠢᠶᠠᠳᠤ ᠭᠠᠴᠠᠭᠠᠨ ᠤ ᠪᠠᠶᠠᠨᠵᠢᠷᠭᠠᠯ ᠤᠨ ᠤᠳᠠᠭᠠᠨ ᠵᠢᠯ ᠬᠠᠳᠤᠯᠠᠩ ᠳᠤ ᠪᠠᠨ ᠬᠤᠮᠠᠭ ᠤᠷᠤᠭᠤᠯᠵᠦ︵ᠤᠰᠤᠯᠠᠭᠰᠠᠨ ᠦᠭᠡᠢ︶ ᠤᠨᠠᠯᠳᠠ ᠪᠠᠨ ᠡᠩ ᠤᠨ ᠬᠠᠳᠤᠯᠠᠩ ᠠᠴᠠ ᠬᠡᠳᠦᠨ ᠳᠠᠬᠢᠨᠨᠡᠮᠡᠭᠳᠡᠭᠦᠯᠦᠭᠰᠡ ᠢ ᠨᠢᠳᠦ ᠪᠠᠷ ᠢᠶᠠᠨ ᠦᠵᠡᠭᠰᠡᠨ ᠦᠡᠭᠭᠡᠷᠡᠯᠳᠡ ᠲᠠᠢ᠃ ᠬᠠᠶᠢᠷ ᠴᠢᠯᠠᠭᠤ ᠮᠠᠩᠬ᠎ᠠᠬᠤᠯᠢᠯᠳᠤᠭᠰᠠᠨ ᠬᠦᠷᠦᠰᠦ ᠲᠠᠢ ᠳᠤᠤᠷ᠎ᠠ ᠨᠢ ᠨᠠᠩᠭᠢ ᠰᠢᠷᠤᠢ ᠲᠠᠢ ᠭᠠᠵᠠᠷ ᠤᠨ ᠴᠢᠭᠢᠭ ᠦᠭᠡᠢ ᠭᠠᠵᠠᠷ᠎ ᠲᠤ ᠬᠤᠮᠠᠭ ᠤᠷᠤᠭᠤᠯᠭᠰᠠᠨ ᠦᠭᠡᠢ ᠪᠠᠷ ᠱᠦᠭᠦᠷᠡᠭᠦᠯᠦᠨ ᠤᠰᠤᠯᠠᠭᠰᠠᠨ ᠠᠴᠠ ᠡᠪᠠᠰᠤ ᠨᠢ ᠢᠭ᠌ᠴᠢᠰᠠᠬᠤᠯᠠᠭ ᠤᠷᠭᠤᠭᠰᠠᠨ ᠡᠷᠢᠶᠡᠨ ᠬᠤᠳᠠ ᠶᠢᠨ ᠴᠡᠴᠡᠷᠯᠢᠭ ᠲᠤ ᠠᠵᠢᠭᠯᠠᠯᠳᠠ ᠬᠢᠭᠰᠡᠨ ᠵᠢᠱᠢᠶ᠎ᠡ ᠲᠠᠢᠪᠤᠯᠬᠤᠷ ᠮᠠᠯᠴᠢᠨ ᠲᠦᠮᠡᠨ ᠳᠤ ᠳᠤᠰᠠ ᠪᠤᠯᠬᠤ ᠪᠤᠯᠪᠠᠤ ᠬᠡᠮᠡᠨ ᠮᠡᠳᠡᠮᠡᠬᠡᠶᠢᠷᠡᠨ ᠮᠤᠩᠬᠠᠯᠠᠪᠠ᠃ᠰᠢᠭᠦᠮᠵᠢᠯᠡᠯ ᠲᠠᠢ ᠬᠠᠨᠳᠤᠭᠠᠷᠠᠢ︕
 
ᠢᠷᠡᠯᠲᠡ᠄ ᠬᠤᠯᠪᠤᠭ᠎ᠠ ᠪᠦᠷᠭᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号