ᠮᠣᠩᠭᠤᠯ ᠬᠠᠭᠠᠳ ︵ᠬᠤᠶᠠᠷ︶
ᠨᠡᠶᠢᠲᠡᠯᠡᠭᠰᠡᠨ ᠴᠠᠭ᠄
2018/12/3
ᠪᠤᠶᠠᠨᠲᠤ ᠬᠠᠭᠠᠨ ︵1285 — 1320︶ ᠠᠶᠤᠷᠪᠠᠷᠪᠠᠳᠠ 1311 ᠣᠨ ᠳᠤ ᠶᠡᠭᠡ ᠬᠠᠭᠠᠨ ᠣᠷᠣᠨ᠎ᠠ ᠰᠠᠭᠤᠵᠣ᠂ ᠬᠠᠭᠠᠨ ᠴᠣᠯᠠ ᠪᠠᠨ ᠪᠤᠶᠠᠨᠲᠤ ᠬᠠᠭᠠᠨ ᠭᠡᠵᠦ᠂ ᠬᠢᠲᠠᠳ ᠴᠣᠯᠠ ᠨᠢ ᠷᠧᠨᠽᠦ᠋ᠩ ᠭᠡᠳᠡᠭ᠃ ᠲᠡᠷᠡ ᠪᠣᠯ ᠮᠤᠩᠭᠤᠯ ᠬᠠᠭᠠᠳ ᠤᠨ ᠨᠠᠢᠮᠠᠳᠣᠭᠠᠷ ᠬᠠᠭᠠᠨ ᠪᠤᠯᠤᠨ᠎ᠠ᠃ ᠪᠤᠶᠠᠨᠲᠤ ᠬᠠᠭᠠᠨ ᠠᠶᠣᠷᠪᠠᠷᠪᠠᠳᠠ ᠬᠠᠭᠠᠨ ᠣᠷᠣ ᠰᠠᠭᠤᠭᠰᠠᠨ ᠬᠤᠭᠤᠴᠠᠭᠠᠨ ᠳᠤ ᠪᠠᠨ ᠬᠢᠲᠠᠳ ᠲᠦᠰᠢᠮᠡᠳ ᠢ ᠵᠠᠭᠢᠷᠤᠨ᠂ ᠬᠢᠲᠠᠳ ᠤᠨ ᠨᠤᠶᠠᠷᠬᠠᠭᠴᠢ ᠬᠠᠭᠠᠳ ᠤᠨ ᠣᠯᠣᠰ ᠬᠦᠷᠦᠨ ᠢ ᠵᠠᠬᠢᠷᠣᠨ ᠵᠠᠰᠠᠵᠤ᠂ ᠲᠡᠷᠢᠶᠠᠯᠠᠩ ᠢ ᠬᠦᠭᠵᠢᠭᠦᠯᠬᠦ ᠪᠠ ᠣᠯᠣᠰ ᠬᠦᠷᠦᠨ ᠢᠶᠠᠨ ᠪᠠᠲᠣᠳᠬᠠᠬᠤ ᠠᠷᠭ᠎ᠠ ᠬᠡᠮᠵᠢᠶ᠎ᠡ ᠶᠢ ᠠᠪᠤᠭᠰᠠᠨ ᠪᠠᠶᠢᠨ᠎ᠠ᠃ ᠭᠡᠭᠡᠨ ᠬᠠᠭᠠᠨ ᠰᠣᠳᠪᠠᠯᠠ ︵1303 — 1323︶ 1320 ᠤᠨ ᠳᠤ ᠠᠷᠪᠠᠨ ᠨᠠᠢᠮᠠᠲᠠᠢ ᠳᠤ ᠪᠠᠨ ᠬᠠᠭᠠᠨ ᠰᠠᠭᠤᠷᠢᠨ ᠳᠤ ᠰᠠᠭᠤᠵᠠᠢ᠃ ᠬᠠᠭᠠᠨ ᠴᠣᠯᠠ ᠪᠠᠨ ᠭᠡᠭᠡᠨ ᠬᠠᠭᠠᠨ ᠭᠡᠵᠦ ᠬᠢᠲᠠᠳ ᠴᠣᠯᠠ ᠪᠠᠨ ᠢᠩᠽᠦ᠋ᠩ ᠭᠡᠪᠡ᠃ ᠭᠡᠭᠡᠨ ᠬᠠᠭᠠᠨ ᠪᠣᠯ ᠮᠤᠩᠭᠤᠯ ᠬᠠᠭᠠᠳ ᠤᠨ ᠶᠢᠰᠦᠳᠦᠭᠡᠷ ᠬᠠᠭᠠᠨ ᠪᠤᠯᠤᠨ᠎ᠠ᠃ ᠲᠡᠭᠦᠨ ᠢ ᠬᠠᠭᠠᠨ ᠰᠠᠭᠤᠷᠢᠨ ᠢ ᠵᠠᠯᠭᠠᠮᠵᠢᠯᠠᠭᠰᠠᠨ ᠤ ᠳᠠᠷᠠᠭ᠎ᠠ᠂ ᠲᠠᠶᠢᠬᠡᠦ ᠲᠠᠵᠢ ᠦᠪᠡᠷ ᠤᠨ ᠡᠷᠬᠡ ᠰᠦᠷ ᠢᠶᠠᠨ ᠬᠠᠮᠠᠭᠠᠯᠠᠬᠤ ᠭᠡᠵᠦ ᠠᠯᠢ ᠣᠯᠠᠨ ᠬᠠᠷ᠎ᠠ ᠬᠤᠤᠷ ᠲᠠᠢ ᠠᠷᠭ᠎ᠠ ᠬᠡᠮᠵᠢᠶ᠎ᠡ ᠠᠪᠴᠣ᠂ ᠬᠠᠭᠠᠨ ᠣᠷᠳᠣᠨ ᠤ ᠳᠣᠲᠣᠷᠠᠬᠢ ᠡᠷᠬᠡ ᠪᠤᠯᠢᠶᠠᠯᠳᠣᠬᠤ ᠲᠡᠮᠡᠴᠡᠯ ᠰᠢᠷᠦᠭᠦᠰᠦᠨ᠂ ᠭᠡᠭᠡᠨ ᠬᠠᠭᠠᠨ ︽ᠨᠠᠨ ᠫᠦᠸᠧ ᠶᠢᠨ ᠬᠤᠪᠢᠰᠣᠯ︾ ᠳᠤ ᠠᠮᠢ ᠬᠤᠷᠣᠭᠠᠭᠳᠠᠪᠠ᠃ ᠡᠰᠡᠨᠲᠡᠮᠦᠷ ᠬᠠᠭᠠᠨ ︵1293 — 1328︶ 1323 ᠣᠨ ᠳᠤ ᠬᠠᠭᠠᠨ ᠰᠠᠭᠤᠷᠢᠨ ᠳᠤ ᠰᠠᠭᠤᠵᠣ ᠬᠠᠭᠠᠨ ᠴᠣᠯᠠ ᠪᠠᠨ ᠲᠡᠭᠦᠨ ᠤ ᠨᠡᠷ᠎ᠡ ᠪᠠᠷ ᠡᠰᠡᠨᠲᠡᠮᠦᠷ ᠬᠠᠭᠠᠨ ᠭᠡᠵᠦ ᠬᠢᠲᠠᠳ ᠴᠣᠯᠠ ᠨᠢ ᠲᠠᠢ ᠳ᠋ᠢᠩ ᠳ᠋ᠢ ᠬᠠᠭᠠᠨ ᠭᠡᠳᠡᠭ᠃ ᠡᠰᠡᠨᠲᠡᠮᠦᠷ ᠬᠠᠭᠠᠨ ᠪᠣᠯ ᠮᠤᠩᠭᠤᠯ ᠬᠠᠭᠠᠳ  ᠤᠨ ᠠᠷᠪᠠᠳᠣᠭᠠᠷ ᠬᠠᠭᠠᠨ ᠪᠤᠯᠤᠨ᠎ᠠ᠃ ᠲᠡᠷᠡ ᠳᠡᠭᠡᠳᠦᠰ ᠤᠨ ᠲᠣᠭᠲᠠᠭᠠᠭᠰᠠᠨ ᠬᠠᠣᠯᠢ ᠵᠢᠷᠣᠮ ᠪᠠ ᠲᠦᠷᠢᠮ ᠲᠤᠭᠲᠠᠭᠠᠯ ᠢ ᠡᠮᠬᠢᠳᠬᠡᠨ ᠨᠠᠶᠢᠷᠠᠭᠤᠯᠵᠣ᠂ ᠦᠪᠡᠰᠦᠪᠡᠨ ᠹᠧᠣᠳᠠᠯ ᠤᠨ ᠬᠠᠤᠯᠢ ᠳᠦᠷᠢᠮ ᠢ ᠵᠢᠷᠣᠮᠯᠠᠨ ᠰᠠᠬᠢᠭᠰᠠᠨ  ᠢᠶᠠᠷ ᠦᠯᠦ ᠪᠠᠷᠠᠨ ᠣᠯᠠᠨ ᠲᠦᠰᠢᠮᠡᠳ ᠢᠶᠠᠷ ᠢᠶᠠᠨ ᠴᠦ ᠵᠢᠷᠣᠮᠯᠠᠭᠤᠯᠤᠭᠰᠠᠨ ᠪᠢᠯᠡ᠃ ᠠᠰᠣᠬᠢᠸ᠎ᠠ ᠬᠠᠭᠠᠨ ︵1320 — 1328︶ 1328 ᠣᠨ ᠤ ᠶᠢᠰᠦᠳᠦᠭᠡᠷ ᠰᠠᠷ᠎ᠠ ᠳᠤ ᠳᠡᠭᠡᠳᠦ ᠨᠡᠶᠢᠰᠯᠡᠯ ᠱᠠᠩᠲᠣ ᠳᠤ ᠬᠠᠭᠠᠨ ᠤᠷᠤ ᠳᠤ ᠰᠠᠭᠤᠪᠠ᠃ ᠬᠠᠭᠠᠨ ᠴᠣᠯᠠ ᠶᠢ ᠨᠢ ᠲᠡᠦᠬᠡᠨ᠎ᠡ ᠲᠡᠭᠦᠨ ᠤ ᠨᠡᠷ᠎ᠡ ᠪᠠᠷ ᠠᠰᠣᠬᠢᠸ᠎ᠠ ᠬᠠᠭᠠᠨ ᠭᠡᠵᠦ᠂ ᠬᠢᠲᠠᠳ ᠴᠣᠯᠠ ᠶᠢ ᠨᠢ ᠲᠢᠶᠠᠨ ᠱᠦᠨ ᠳ᠋ᠢ ᠬᠠᠭᠠᠨ ᠭᠡᠳᠡᠭ᠃ ᠮᠤᠩᠭᠤᠯ ᠤᠨ ᠠᠷᠪᠠᠨ ᠨᠢᠭᠡᠳᠦᠭᠡᠷ ᠬᠠᠭᠠᠨ ᠪᠤᠯᠤᠨ᠎ᠠ᠃ ᠲᠤᠬᠠᠢ ᠶᠢᠨ ᠦᠶ᠎ᠡ ᠶᠢᠨ ᠨᠢᠭᠡ ᠲᠦᠷᠦ ᠳᠤ ᠬᠤᠶᠠᠷ ᠬᠠᠭᠠᠨ ᠵᠡᠷᠭᠡᠴᠡᠭᠰᠡᠨ ᠶᠠᠪᠤᠳᠠᠯ ᠨᠢ ᠶᠤᠸᠠᠨ ᠣᠯᠣᠰ ᠤᠨ ᠬᠠᠭᠠᠨ ᠣᠭᠰᠠᠭ᠎ᠠ ᠶᠢᠨ ᠬᠤᠭᠤᠷᠤᠨᠳᠣ ᠪᠠᠨ ᠬᠠᠷᠢᠯᠴᠠᠨ ᠬᠠᠭᠠᠨ ᠣᠷᠣ ᠪᠤᠯᠢᠶᠠᠯᠳᠣᠬᠤ ᠲᠡᠮᠡᠴᠡᠯ ᠢ ᠪᠤᠢ ᠪᠤᠯᠭᠠᠵᠤ᠂ 1328 ᠣᠨ ᠳᠤ ᠲᠦᠷᠦ ᠪᠠᠨ ᠠᠯᠳᠠᠵᠣ ᠲᠡᠶᠢᠨ ᠳᠤ ᠦᠬᠦᠵᠡᠢ᠃ ᠬᠤᠲᠤᠭᠲᠤ ᠬᠠᠭᠠᠨ ︵1300 — 1329︶ ᠬᠦᠰᠡᠯᠡ 1329 ᠣᠨ ᠳᠤ ᠬᠠᠭᠠᠨ ᠰᠠᠭᠤᠷᠢᠨ ᠳᠤ ᠰᠠᠭᠤᠪᠠ᠃ ᠬᠦᠰᠡᠯᠡ ᠶᠢᠨ ᠮᠤᠩᠭᠤᠯ ᠴᠣᠯᠠ ᠨᠢ ᠬᠤᠲᠤᠭᠲᠤ ᠬᠠᠭᠠᠨ ᠭᠡᠵᠦ ᠬᠢᠲᠠᠳ ᠴᠣᠯᠠ ᠨᠢ ᠮᠢᠩᠽᠦ᠋ᠩ ᠬᠠᠭᠠᠨ ᠭᠡᠳᠡᠭ᠃ ᠲᠡᠷᠡ ᠪᠣᠯ ᠮᠤᠩᠭᠤᠯ ᠬᠠᠭᠠᠳ ᠤᠨ ᠠᠷᠪᠠᠨ ᠬᠤᠶᠠᠳᠣᠭᠠᠷ ᠬᠠᠭᠠᠨ ᠪᠤᠯᠤᠨ᠎ᠠ᠃ 1329 ᠣᠨ ᠤ ᠨᠠᠢᠮᠠᠳᠣᠭᠠᠷ ᠰᠠᠷ᠎ᠠ ᠳᠤ ᠬᠠᠭᠠᠨ ᠤ ᠳᠡᠭᠦᠦ ᠲᠦᠪᠲᠡᠮᠦᠷ ᠲᠤ ᠬᠤᠤᠷᠯᠠᠭᠳᠠᠨ ᠨᠠᠢᠮᠠᠨ ᠰᠠᠷ᠎ᠠ ᠬᠠᠭᠠᠨ ᠰᠠᠭᠤᠵᠠᠢ᠃                   ᠠᠯᠲᠠᠨᠪᠠᠭᠠᠨ᠎ᠠ ᠮᠠᠲ᠋ᠧᠷᠢᠶᠠᠯ ᠬᠠᠩᠭᠠᠪᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号