ᠮᠣᠩᠭᠤᠯ ᠬᠠᠭᠠᠳ ︵ᠭᠤᠷᠪᠠ︶
ᠨᠡᠶᠢᠲᠡᠯᠡᠭᠰᠡᠨ ᠴᠠᠭ᠄
2018/12/3
ᠵᠠᠶᠠᠭᠠᠲᠤ ᠬᠠᠭᠠᠨ ︵1304 — 1332︶ ᠲᠦᠪᠲᠡᠮᠦᠷ 1329 ᠣᠨ ᠤ ᠨᠠᠢᠮᠠᠳᠣᠭᠠᠷ ᠰᠠᠷ᠎ᠠ ᠳᠤ ᠬᠠᠭᠠᠨ ᠣᠷᠣᠨ ᠳᠤ ᠰᠠᠭᠤᠵᠣ᠂ ᠮᠤᠩᠭᠤᠯ ᠴᠣᠯᠠ ᠪᠠᠨ ᠵᠠᠶᠠᠭᠠᠲᠣ ᠬᠠᠭᠠᠨ ᠭᠡᠵᠦ᠂ ᠬᠢᠲᠠᠳ ᠴᠣᠯᠠ ᠨᠢ ᠸᠧᠽᠦ᠋ᠩ ᠭᠡᠳᠡᠭ᠃ ᠲᠡᠷᠡ ᠪᠣᠯ ᠮᠤᠩᠭᠤᠯ ᠤᠨ ᠠᠷᠪᠠᠨ ᠭᠤᠷᠪᠠᠳᠣᠭᠠᠷ ᠬᠠᠭᠠᠨ ᠪᠤᠯᠤᠨ᠎ᠠ᠃ 1328 ᠣᠨ ᠤ ᠵᠢᠯ ᠤᠨ ᠡᠴᠦᠰ ᠲᠤ ᠠᠬ᠎ᠠ ᠬᠦᠰᠡᠯᠡ ᠳᠤ ᠪᠠᠨ ᠨᠠᠶᠢᠷ ᠲᠠᠯᠪᠢᠵᠦ ᠬᠠᠭᠠᠨ ᠡᠷᠭᠦᠮᠵᠢᠯᠡᠭᠰᠡᠨ ᠪᠤᠯᠪᠠᠴᠣ 1329 ᠣᠨ ᠤ 8 ᠰᠠᠷ᠎ᠠ ᠳᠤ ᠠᠬ᠎ᠠ ᠪᠠᠨ ᠬᠤᠤᠷᠯᠠᠨ ᠦᠪᠡᠷ ᠢᠶᠠᠨ ᠬᠠᠭᠠᠨ ᠰᠠᠭᠤᠷᠢᠨ ᠳᠤ ᠭᠠᠷᠴᠦ 1332 ᠣᠨ ᠤ 8 ᠰᠠᠷ᠎ᠠ ᠳᠤ ᠨᠠᠰᠣ ᠪᠠᠷᠠᠪᠠ᠃ ᠷᠢᠨᠴᠢᠨᠪᠠᠯ ᠬᠠᠭᠠᠨ ︵1326 — 1332︶ 1332 ᠣᠨ ᠤ ᠠᠷᠪᠠᠳᠣᠭᠠᠷ ᠰᠠᠷ᠎ᠠ ᠳᠤ ᠬᠠᠭᠠᠨ ᠰᠠᠭᠤᠷᠢᠨ ᠳᠤ ᠭᠠᠷᠪᠠ᠃ ᠷᠢᠨᠴᠢᠨᠪᠠᠯ ᠬᠠᠭᠠᠨ ᠤ ᠬᠢᠲᠠᠳ ᠴᠣᠯᠠ ᠨᠢ ᠨᠢᠩᠽᠦ᠋ᠩ ᠭᠡᠳᠡᠭ᠃ ᠮᠤᠩᠭᠤᠯ ᠬᠠᠭᠠᠳ ᠤᠨ ᠠᠷᠪᠠᠨ ᠳᠦᠷᠪᠡᠳᠦᠭᠡᠷ ᠬᠠᠭᠠᠨ ᠪᠤᠯᠤᠨ᠎ᠠ᠃ ᠷᠢᠨᠴᠢᠨᠪᠠᠯ ︵ᠲᠦᠪᠡᠳ ᠨᠡᠷ᠎ᠡ ᠮᠥᠨ᠂ ᠮᠤᠩᠭᠤᠯ ᠢᠶᠠᠷ ᠢᠶᠠᠨ ᠡᠷᠳᠡᠨᠢᠴᠣᠭᠲᠣ ᠭᠡᠳᠡᠭ︶ ᠬᠠᠭᠠᠨ ᠰᠠᠭᠤᠷᠢᠨ ᠳᠤ ᠰᠠᠭᠤᠭᠰᠠᠨ ᠤ ᠮᠥᠨ ᠵᠢᠯ ᠤᠨ ᠠᠷᠪᠠᠨ ᠨᠢᠭᠡᠳᠦᠭᠡᠷ ᠰᠠᠷ᠎ᠠ ᠶᠢᠨ ᠬᠤᠷᠢᠨ ᠵᠢᠷᠭᠤᠭᠠᠨ ᠤ ᠡᠳᠦᠷ ᠨᠠᠰᠣ ᠪᠠᠷᠠᠪᠠ᠃ ᠬᠠᠭᠠᠨ ᠣᠷᠣᠨ  ᠳᠤ ᠠᠷᠠᠢ ᠬᠤᠶᠠᠷ ᠰᠠᠷ᠎ᠠ ᠪᠤᠯᠤᠭᠰᠠᠨ ᠦᠭᠡᠢ ᠲᠤᠯᠤᠭᠠᠨ ᠨᠠᠰᠣᠲᠠᠢ ᠳᠤ ᠪᠠᠨ ᠨᠠᠰᠣ ᠪᠠᠷᠠᠵᠠᠢ᠃ ᠲᠤᠭᠤᠨᠲᠡᠮᠦᠷ ᠬᠠᠭᠠᠨ ︵1320 — 1370︶ ᠲᠤᠭᠤᠨᠲᠡᠮᠦᠷ 1333 ᠣᠨ ᠳᠤ ᠬᠠᠭᠠᠨ ᠣᠷᠣᠨ᠎ᠠ ᠰᠠᠭᠤᠵᠣ᠂ ᠬᠠᠭᠠᠨ ᠴᠣᠯᠠ ᠪᠠᠨ ᠤᠬᠠᠭᠠᠨᠲᠤ ᠬᠠᠭᠠᠨ ᠭᠡᠵᠡᠢ᠃ ᠲᠡᠷᠡ ᠪᠣᠯ ᠮᠤᠩᠭᠤᠯ ᠬᠠᠭᠠᠨᠲᠤ ᠤᠯᠤᠰ ᠤᠨ ᠠᠷᠪᠠᠨ ᠲᠠᠪᠤᠳᠣᠭᠠᠷ ᠦᠶ᠎ᠡ ᠶᠢᠨ ᠬᠠᠭᠠᠨ ᠮᠥᠨ᠃ ᠲᠤᠭᠤᠨᠲᠡᠮᠦᠷ ᠬᠠᠭᠠᠨ ᠰᠠᠭᠤᠷᠢᠨ ᠳᠤ ᠪᠠᠶᠢᠬᠤ ᠬᠤᠭᠤᠴᠠᠭᠠᠨ ᠳᠤ ᠪᠠᠨ ᠲᠠᠷᠢᠶᠠᠴᠢᠳ ᠤᠨ ᠪᠣᠰᠣᠯᠭ᠎ᠠ ᠣᠯᠠᠰᠢᠷᠠᠨ᠂ ᠣᠯᠣᠰ ᠨᠢ ᠲᠠᠶᠢᠪᠣᠩ ᠪᠤᠰᠣ ᠪᠠᠶᠢᠵᠤ᠂ 1370 ᠤᠨ ᠳᠤ ᠮᠢᠩ ᠤᠯᠤᠰ ᠤᠨ ᠴᠡᠷᠢᠭ ᠲᠤ ᠲᠤᠪᠲᠤᠯᠤᠭᠳᠠᠨ ᠨᠡᠶᠢᠰᠯᠡᠯ ᠢᠶᠠᠨ ᠠᠯᠳᠠᠭᠠᠳ ᠮᠥᠨ ᠵᠢᠯ ᠤᠨ ᠳᠦᠷᠪᠡᠳᠦᠭᠡᠷ ᠰᠠᠷ᠎ᠠ ᠳᠤ ᠨᠠᠰᠣ ᠪᠠᠷᠠᠪᠠ᠃ ᠠᠶᠤᠰᠢᠷᠠᠳ᠋ᠷᠠ ᠬᠠᠭᠠᠨ ︵1338 — 1378︶ 1370 ᠣᠨ ᠳᠤ ᠬᠠᠭᠠᠨ ᠣᠷᠣ ᠵᠠᠯᠭᠠᠮᠵᠢᠯᠠᠵᠤ᠂ ᠬᠠᠭᠠᠨ ᠴᠣᠯᠠ ᠪᠠᠨ ᠪᠢᠯᠢᠭᠲᠦ ᠬᠠᠭᠠᠨ ᠭᠡᠵᠡᠢ᠃ ᠪᠢᠯᠢᠭᠲᠦ ᠬᠠᠭᠠᠨ ᠪᠣᠯ ᠮᠤᠩᠭᠤᠯ ᠤᠨ ᠠᠷᠪᠠᠨ ᠵᠢᠷᠭᠤᠳᠣᠭᠠᠷ ᠬᠠᠭᠠᠨ ᠪᠤᠯᠤᠨ᠎ᠠ᠃ ᠲᠡᠭᠦᠨ ᠢ ᠬᠠᠭᠠᠨ ᠰᠠᠭᠤᠷᠢᠨ ᠵᠠᠯᠭᠠᠮᠵᠢᠯᠠᠬᠤ  ᠲᠠᠢ ᠵᠡᠷᠭᠡ ᠶᠤᠸᠠᠨ ᠤᠯᠤᠰ ᠨᠢ ᠮᠢᠩ ᠣᠯᠣᠰ ᠤᠨ ᠬᠦᠴᠦᠲᠠᠢ ᠲᠠᠭᠠᠷᠢᠯᠭ᠎ᠠ ᠳᠤ ᠣᠴᠠᠷᠠᠵᠤ ᠪᠢᠯᠢᠭᠲᠦ ᠬᠠᠭᠠᠨ ᠴᠡᠷᠢᠭ ᠤᠨ ᠬᠦᠴᠦᠨ ᠢᠶᠠᠨ ᠲᠦᠪᠯᠡᠷᠡᠭᠦᠯᠦᠨ ᠮᠢᠩ ᠤᠯᠤᠰ ᠤᠨ ᠲᠤᠪᠲᠤᠯᠭ᠎ᠠ ᠶᠢ ᠪᠤᠲᠠ ᠨᠢᠷᠭᠡᠵᠦ ᠤᠯᠤᠰ ᠨᠢ ᠲᠠᠶᠢᠪᠤᠩ ᠪᠤᠯᠤᠭᠰᠠᠨ ᠪᠠᠶᠢᠨ᠎ᠠ᠃ ᠲᠡᠭᠦᠰᠲᠡᠮᠦᠷ ᠬᠠᠭᠠᠨ ︵1342 — 1388︶ 1378 ᠣᠨ ᠳᠤ ᠬᠠᠭᠠᠨ ᠣᠷᠣ ᠶᠢ ᠵᠠᠯᠭᠠᠮᠵᠢᠯᠠᠵᠤ ᠬᠠᠭᠠᠨ ᠴᠣᠯᠠ ᠪᠠᠨ ᠣᠰᠬᠠᠯ ᠭᠡᠵᠡᠢ᠃ ᠲᠡᠭᠦᠰᠲᠡᠮᠦᠷ ᠬᠠᠭᠠᠨ ᠪᠣᠯ ᠮᠤᠩᠭᠤᠯ ᠬᠠᠭᠠᠨᠲᠤ ᠤᠯᠤᠰ ᠤᠨ ᠠᠷᠪᠠᠨ ᠲᠤᠯᠤᠳᠣᠭᠠᠷ ᠬᠠᠭᠠᠨ ᠮᠥᠨ᠃ 1338 ᠣᠨ ᠤ ᠬᠠᠪᠤᠷ ᠲᠡᠭᠦᠰᠲᠡᠮᠦᠷ ᠬᠠᠭᠠᠨ ᠲᠠᠶᠢᠨ ᠳᠤ ᠢᠯᠠᠭᠳᠠᠨ ᠲᠤᠲᠠᠭᠠᠬᠤ ᠶᠠᠪᠤᠴᠠ ᠳᠤ ᠪᠠᠨ ᠲᠦᠰᠢᠮᠡᠯ ᠳᠤ ᠪᠠᠨ ᠠᠯᠠᠭᠳᠠᠭᠰᠠᠨ  ᠠᠴᠠ ᠬᠤᠶᠢᠰᠢ ᠣᠮᠠᠷᠠᠲᠣ ᠶᠤᠸᠠᠨ ᠣᠯᠣᠰ ᠤᠨ ᠬᠠᠭᠠᠨ ᠤ ᠡᠷᠬᠡ ᠨᠢ ᠶᠡᠬᠡᠪᠡᠷ ᠪᠠᠭᠤᠷᠠᠵᠤ᠂ ᠡᠷᠬᠡᠲᠦ ᠲᠦᠰᠢᠮᠡᠳ ᠵᠠᠰᠠᠭ ᠪᠠᠷᠢᠵᠦ ᠬᠠᠭᠠᠨ ᠢᠶᠠᠨ ᠮᠠᠨᠤᠤᠯ ᠪᠤᠯᠭᠠᠬᠤ ᠪᠤᠶᠤ ᠬᠤᠤᠷᠯᠠᠨ ᠠᠯᠠᠬᠤ ᠶᠠᠪᠤᠳᠠᠯ ᠦᠷᠭᠦᠯᠵᠢ ᠭᠠᠷᠬᠤ ᠪᠤᠯᠵᠠᠢ᠃ ᠡᠩᠬᠡ ᠵᠤᠷᠢᠭᠲᠦ ᠬᠠᠭᠠᠨ ︵1359 — 1392︶ 1389 ᠣᠨ ᠳᠤ ᠬᠠᠭᠠᠨ ᠣᠷᠣ ᠰᠠᠭᠤᠵᠣ᠂ ᠮᠤᠩᠭᠤᠯ ᠤᠨ ᠠᠷᠪᠠᠨ ᠨᠠᠢᠮᠠᠳᠣᠭᠠᠷ ᠬᠠᠭᠠᠨ ᠪᠤᠯᠤᠭᠰᠠᠨ ᠪᠠᠶᠢᠨ᠎ᠠ᠃ ᠲᠡᠷᠡ ᠬᠠᠭᠠᠨ ᠰᠠᠭᠤᠷᠢᠨ ᠵᠠᠯᠭᠠᠮᠵᠢᠯᠠᠭᠰᠠᠨ ᠪᠤᠯᠪᠠᠴᠣ ᠬᠠᠭᠠᠨ ᠤ ᠪᠤᠳᠠᠳᠣ ᠬᠦᠴᠦ ᠪᠠ ᠡᠷᠬᠡ ᠰᠦᠷ ᠢᠶᠠᠨ ᠪᠠᠳᠠᠷᠠᠭᠤᠯᠵᠤ ᠴᠢᠳᠠᠭᠰᠠᠨ ᠦᠭᠡᠢ ᠮᠦᠷᠲᠡᠭᠡᠨ ᠲᠦᠰᠢᠮᠡᠳ ᠪᠠ ᠵᠠᠰᠠᠭ ᠪᠠᠷᠢᠭᠴᠢᠳ ᠨᠢ ᠮᠢᠩ ᠣᠯᠣᠰ ᠲᠤ ᠪᠠᠭᠤᠨ ᠦᠭᠴᠦ ᠪᠠᠰᠠ ᠣᠮᠠᠷᠠᠲᠣ ᠶᠤᠸᠠᠨ ᠣᠯᠣᠰ ᠪᠠ ᠮᠢᠩ ᠣᠯᠣᠰ ᠤᠨ ᠲᠠᠶᠢᠨ ᠪᠠᠶᠢᠯᠳᠣᠭᠠᠨ ᠦᠷᠭᠦᠯᠵᠢᠯᠡᠭᠰᠡᠨ ᠪᠠᠶᠢᠳᠠᠯ  ᠳᠤ ᠵᠠᠩᠵᠤᠨ ᠲᠦᠰᠢᠮᠡᠳ ᠨᠢ ᠪᠠᠷᠢᠪᠴᠢᠯᠠᠭᠳᠠᠨ ᠠᠯᠠᠭᠳᠠᠵᠤ᠂ 1392 ᠣᠨ ᠳᠤ ᠡᠩᠬᠡ ᠵᠤᠷᠢᠭᠲᠦ ᠬᠠᠭᠠᠨ ᠨᠠᠰᠣ ᠪᠠᠷᠠᠵᠠᠢ᠃                   ᠠᠯᠲᠠᠨᠪᠠᠭᠠᠨ᠎ᠠ ᠮᠠᠲ᠋ᠧᠷᠢᠶᠠᠯ ᠬᠠᠩᠭᠠᠪᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号