ᠡᠯᠪᠡᠭ ᠬᠠᠭᠠᠨ ︵1361 — 1399︶ | 1393 ᠤᠨ ᠳᠤ ᠬᠠᠭᠠᠨ ᠣᠷᠣ ᠵᠠᠯᠭᠠᠮᠵᠢᠯᠠᠵᠤ᠂ ᠬᠠᠭᠠᠨ ᠴᠣᠯᠠ ᠪᠠᠨ ᠨᠢᠭᠦᠯᠡᠰᠦᠭᠴᠢ ᠬᠡᠮᠡᠨ ᠮᠤᠩᠭᠤᠯ ᠤᠨ | ᠠᠷᠪᠠ ᠶᠢᠰᠦᠳᠦᠭᠡᠷ ᠬᠠᠭᠠᠨ ᠪᠤᠯᠵᠠᠢ᠃ ᠡᠯᠪᠡᠭ ᠨᠢᠭᠦᠯᠡᠰᠦᠭᠴᠢ ᠬᠠᠭᠠᠨ ᠰᠠᠭᠤᠷᠢᠨ ᠳᠤ ᠪᠠᠶᠢᠬᠤ ᠳᠤ ᠪᠠᠨ ᠣᠯᠠᠨ | ᠶᠤᠰᠣ ᠪᠤᠰᠣ ᠠᠵᠢᠯᠯᠠᠭ᠎ᠠ ᠬᠢᠭᠰᠡᠨ ᠠᠴᠠ ᠪᠤᠯᠵᠤ ᠣᠶᠢᠷᠠᠳ ᠮᠤᠩᠭᠤᠯ ᠬᠠᠭᠠᠴᠠᠵᠤ ᠵᠠᠳᠠᠷᠠᠯ ᠤᠨ ᠪᠠᠶᠢᠳᠠᠯ ᠳᠤ | ᠣᠷᠣᠵᠠᠢ᠃ ᠲᠡᠨᠳᠡᠴᠡ ᠡᠬᠢᠯᠡᠨ ᠮᠤᠩᠭᠤᠯ ᠤᠨ ᠬᠠᠭᠠᠳ ᠨᠤᠶᠠᠳ ᠤᠨ ᠳᠣᠲᠣᠭᠠᠳᠣ ᠶᠢᠨ ᠲᠠᠶᠢᠨ ᠣᠷᠲᠣ | ᠬᠤᠭᠤᠴᠠᠭ᠎ᠠ ᠦᠷᠭᠦᠯᠵᠢᠯᠡᠨ ᠶᠠᠪᠤᠭᠳᠠᠪᠠ᠃ | ᠬᠦᠨᠲᠡᠮᠦᠷ ᠬᠠᠭᠠᠨ ︵1377 — 0402︶ | ᠬᠦᠨᠲᠡᠮᠦᠷ ᠬᠠᠭᠠᠨ ᠪᠣᠯ ᠡᠯᠪᠡᠭ ᠨᠢᠭᠦᠯᠡᠰᠦᠭᠴᠢ ᠬᠠᠭᠠᠨ ᠤ ᠠᠬᠠᠮᠠᠳ ᠬᠦᠪᠡᠭᠦᠨ ᠪᠤᠯᠤᠨ᠎ᠠ᠃ ᠲᠡᠷᠡ 1400 ᠤᠨ | ᠤ ᠬᠤᠶᠠᠳᠣᠭᠠᠷ ᠰᠠᠷ᠎ᠠ ᠳᠤ ᠬᠠᠭᠠᠨ ᠤᠷᠤ ᠵᠠᠯᠭᠠᠮᠵᠢᠯᠠᠨ ᠮᠤᠩᠭᠤᠯ ᠤᠨ ᠬᠤᠷᠢᠳᠣᠭᠠᠷ ᠬᠠᠭᠠᠨ ᠪᠤᠯᠵᠠᠢ᠃ ᠬᠦᠨᠲᠡᠮᠦᠷ | ᠬᠠᠭᠠᠨ ᠣᠶᠢᠷᠠᠳ ︵ᠪᠠᠷᠠᠭᠤᠨ ᠮᠤᠩᠭᠤᠯ︶᠂ ᠲᠠᠲ᠋ᠠᠷ ︵ᠵᠡᠭᠦᠨ ᠮᠤᠩᠭᠤᠯ︶ ᠬᠠᠷᠢᠴᠠᠭ᠎ᠠ ᠲᠤᠩ ᠰᠢᠷᠦᠭᠦᠨ | ᠪᠠᠶᠢᠭᠰᠠᠨ ᠨᠠᠷᠢᠨ ᠪᠤᠲᠤᠯᠢᠶᠠᠨᠲᠠᠢ ᠪᠠᠶᠢᠳᠠᠯ ᠤᠨ ᠳᠣᠣᠷ᠎ᠠ ᠬᠠᠭᠠᠨ ᠣᠷᠣ ᠶᠢ ᠵᠠᠯᠭᠠᠮᠵᠢᠯᠠᠭᠰᠠᠨ ᠠᠴᠠ ᠬᠠᠭᠠᠨ ᠤ | ᠪᠤᠳᠠᠳᠣ ᠡᠷᠬᠡ ᠪᠠᠨ ᠬᠡᠷᠡᠭᠯᠡᠵᠦ ᠴᠢᠳᠠᠭᠰᠠᠨ ᠦᠭᠡᠢ ᠮᠠᠨᠤᠤᠯ ᠳᠡᠳᠦᠢ ᠯᠠ ᠪᠠᠶᠢᠪᠠ᠃ | ᠪᠤᠶᠠᠨᠰᠢᠷᠢ ᠬᠠᠭᠠᠨ ︵1379 — 1411︶ | 1408 ᠣᠨ ᠳᠤ ᠬᠠᠭᠠᠨ ᠣᠷᠣ ᠵᠠᠯᠭᠠᠮᠵᠢᠯᠠᠵᠤ᠂ ᠬᠠᠭᠠᠨ ᠴᠣᠯᠠ ᠪᠠᠨ ᠦᠯᠵᠡᠶᠢᠲᠡᠮᠦᠷ ᠬᠡᠮᠡᠭᠡᠳ ᠬᠠᠷᠠᠬᠤᠷᠣᠮ | ᠳᠤ ᠨᠡᠶᠢᠰᠯᠡᠵᠡᠢ᠃ ᠮᠤᠩᠭᠤᠯ ᠤᠨ ᠬᠤᠷᠢᠨ ᠨᠢᠭᠡᠳᠦᠭᠡᠷ ᠬᠠᠭᠠᠨ ᠮᠥᠨ᠃ ᠲᠡᠭᠦᠨ ᠢ ᠬᠠᠭᠠᠨ ᠰᠠᠭᠤᠷᠢᠨ ᠳᠤ | ᠪᠠᠶᠢᠥᠬᠤ ᠬᠤᠭᠤᠴᠠᠭᠠᠨ ᠳᠤ ᠮᠢᠩ ᠣᠯᠣᠰ ᠯᠤᠭ᠎ᠠ ᠶᠢᠨ ᠬᠤᠭᠤᠷᠤᠨᠳᠣᠬᠢ ᠵᠦᠷᠢᠴᠡᠯ ᠬᠤᠷᠴᠠ ᠰᠢᠷᠦᠭᠦᠨ ᠪᠠᠶᠢᠵᠤ᠂ | 1411 ᠣᠨ ᠳᠤ ᠣᠶᠢᠷᠠᠳ ᠤᠨ ᠠᠬᠠᠮᠠᠳ ᠨᠠᠷ ᠲᠤ ᠠᠯᠠᠭᠳᠠᠭᠠᠳ ᠬᠠᠷᠠᠬᠤᠷᠣᠮ ᠬᠤᠲᠠ ᠪᠠᠨ ᠴᠦ ᠡᠵᠡᠯᠡᠭᠳᠡᠵᠡᠢ᠃ | | ᠳᠡᠯᠪᠡᠭ ᠬᠠᠭᠠᠨ ︵1395 — 1415︶ | ᠦᠯᠵᠡᠶᠢᠲᠡᠮᠦᠷ ᠬᠠᠭᠠᠨ ᠤ ᠬᠦᠪᠡᠭᠦᠨ᠂ 1411 ᠣᠨ ᠳᠤ ᠬᠠᠭᠠᠨ ᠤᠷᠤ ᠵᠠᠯᠭᠠᠮᠵᠢᠯᠠᠵᠤ᠂ ᠮᠤᠩᠭᠤᠯ ᠤᠨ | ᠬᠤᠷᠢᠨ ᠬᠤᠶᠠᠳᠣᠭᠠᠷ ᠬᠠᠭᠠᠨ ᠪᠤᠯᠵᠠᠢ᠃ ᠪᠠᠲᠣᠯᠠ ᠴᠧᠩᠰᠢᠶᠠᠩ ᠣᠶᠢᠷᠠᠳ ︵ᠪᠠᠷᠠᠭᠤᠨ ᠮᠤᠩᠭᠤᠯ︶᠂ ᠲᠠᠲ᠋ᠠᠷ ︵ | ᠵᠡᠭᠦᠨ ᠮᠤᠩᠭᠤᠯ︶ ᠢ ᠵᠠᠬᠢᠷᠬᠤ ᠣᠯᠣᠰ ᠲᠦᠷᠦ ᠶᠢᠨ ᠵᠤᠷᠢᠯᠭ᠎ᠠ ᠠᠴᠠ ᠳᠡᠯᠪᠡᠭ ᠢ ᠬᠠᠭᠠᠨ ᠡᠷᠭᠦᠮᠵᠢᠯᠡᠵᠦ ᠦᠪᠡᠷ | ᠤᠨ ᠮᠨᠤᠤᠯ ᠢᠶᠠᠨ ᠪᠤᠯᠭᠠᠵᠠᠢ᠃ 1414 ᠣᠨ ᠳᠤ ᠳᠡᠯᠪᠡᠭ ᠬᠠᠭᠠᠨ ᠪᠠᠲᠣᠯᠠ ᠴᠧᠩᠰᠢᠶᠠᠩ ᠨᠠᠷ ᠲᠣᠣᠯᠠ ᠭᠤᠣᠯ | ᠤᠨ ᠳᠡᠭᠡᠳᠦ ᠣᠷᠣᠰᠬᠠᠯ ᠳᠤ ᠮᠢᠩ ᠣᠯᠣᠰ ᠤᠨ ᠴᠧᠩᠽᠦ ᠬᠠᠭᠠᠨ ᠲᠠᠢ ᠰᠢᠷᠦᠭᠦᠨ ᠪᠠᠶᠢᠯᠳᠣᠵᠣ ᠢᠯᠠᠭᠳᠠᠭᠠᠳ | 1415 ᠣᠨ ᠳᠤ ᠨᠠᠶᠢᠷᠠᠮᠳᠠᠪᠠ᠃ ᠲᠣᠰ ᠵᠢᠯ ᠨᠢ ᠳᠡᠯᠪᠡᠭ ᠬᠠᠭᠠᠨ ᠬᠤᠷᠢᠨ ᠨᠢᠭᠡᠲᠠᠢ ᠨᠠᠰᠣ ᠪᠠᠷᠠᠵᠠᠢ᠃ | ᠠᠳᠠᠢ ᠬᠠᠭᠠᠨ ︵1400 — 1438︶ | ᠴᠢᠩᠬᠢᠰ ᠬᠠᠭᠠᠨ ᠤ ᠳᠡᠭᠦᠦ ᠬᠠᠰᠠᠷ ᠤᠨ ᠬᠤᠶᠢᠴᠢᠰ᠂ 1426 ᠣᠨ ᠳᠤ ᠬᠠᠭᠠᠨ ᠣᠷᠣ ᠳᠤ ᠰᠠᠭᠤᠵᠣ ᠮᠤᠩᠭᠤᠯ | ᠤᠨ ᠬᠤᠷᠢᠨ ᠭᠤᠷᠪᠠᠳᠣᠭᠠᠷ ᠬᠠᠭᠠᠨ ᠪᠤᠯᠵᠠᠢ᠃ ᠠᠳᠠᠢ ᠬᠠᠭᠠᠨ ᠰᠠᠭᠤᠷᠢᠨ ᠳᠤ ᠭᠠᠷᠣᠭᠰᠠᠨ ᠤ ᠳᠠᠷᠠᠭ᠎ᠠ ᠴᠡᠷᠢᠭ | ᠳᠠᠶᠢᠴᠢᠯᠠᠨ ᠣᠶᠢᠷᠠᠳ ᠢ ᠳᠠᠶᠢᠯᠠᠨ᠂ ᠮᠤᠩᠭᠤᠯ ᠤᠨ ᠳᠣᠲᠣᠭᠠᠳᠣ ᠶᠢᠨ ᠵᠦᠷᠢᠴᠡᠯ ᠬᠤᠷᠴᠠᠳᠴᠠᠢ᠃ 1438 ᠣᠨ | ᠳᠤ ᠠᠳᠠᠢ ᠬᠠᠭᠠᠨ ᠪᠠ ᠳᠣᠷᠵᠢᠪᠠᠢ ᠨᠠᠷ ᠮᠢᠩ ᠤᠯᠤᠰ ᠤᠨ ᠴᠡᠷᠢᠭ ᠪᠠ ᠣᠶᠢᠷᠠᠳ ᠲᠠᠢ ᠰᠢᠷᠦᠭᠦᠨ ᠪᠠᠶᠢᠯᠳᠣᠵᠣ | ᠶᠡᠬᠡᠯ᠎ᠡ ᠲᠡᠶᠢᠯᠦᠭᠳᠡᠭᠡᠳ ᠠᠳᠠᠢ ᠬᠠᠭᠠᠨ ᠪᠠᠲᠤᠯᠠ ᠶᠢᠨ ᠬᠦᠪᠡᠭᠦᠨ ᠲᠤᠭᠤᠨ ᠳᠤ ᠠᠯᠠᠭᠳᠠᠪᠠ᠃ | ᠲᠠᠶᠢᠰᠣᠩ ᠬᠠᠭᠠᠨ ︵1422 — 1452︶ | ᠠᠵᠠᠢ ᠲᠠᠶᠢᠵᠢ ᠶᠢᠨ ᠠᠬᠠᠮᠠᠳ ᠬᠦᠪᠡᠭᠦᠨ ᠲᠣᠳᠠᠪᠣᠬᠠ 1439 ᠣᠨ ᠳᠤ ᠬᠠᠭᠠᠨ ᠣᠷᠣ ᠵᠠᠯᠭᠠᠮᠵᠢᠯᠠᠵᠤ ᠬᠠᠭᠠᠨ | ᠤ ᠴᠣᠯᠠ ᠪᠠᠨ ᠲᠠᠶᠢᠰᠣᠩ ᠬᠡᠮᠡᠨ ᠮᠤᠩᠭᠤᠯ ᠤᠨ ᠬᠤᠷᠢᠨ ᠳᠦᠷᠪᠡᠳᠦᠭᠡᠷ ᠬᠠᠭᠠᠨ ᠪᠤᠯᠵᠠᠢ᠃ 1438 — | 1448 ᠣᠨ ᠬᠦᠷᠲᠡᠯ᠎ᠡ ᠡᠰᠡᠨ ᠲᠠᠶᠢᠱᠢ ᠪᠤᠯᠤᠨ ᠲᠤᠳᠠᠪᠤᠬᠠ ᠬᠠᠭᠠᠨ ᠵᠡᠭᠦᠨᠰᠢ ᠲᠡᠶᠢᠯᠡᠵᠦ ᠪᠠᠷᠠᠭᠤᠨᠰᠢ ᠪᠠᠶᠢᠯᠳᠣᠵᠣ | ᠪᠦᠬᠦ ᠮᠤᠩᠭᠤᠯ ᠢ ᠲᠦᠷ ᠨᠢᠭᠡᠳᠬᠡᠪᠡ᠃ 1452 ᠣᠨ ᠳᠤ᠂ ᠡᠰᠡᠨ ᠲᠠᠶᠢᠱᠢ ᠲᠤᠳᠠᠪᠤᠬᠠ ᠶᠢᠨ ᠳᠡᠭᠦᠦ | ᠠᠭᠪᠠᠷᠵᠢᠨ ᠵᠢᠨᠤᠩ ᠲᠠᠢ ᠴᠡᠷᠢᠭ ᠬᠤᠯᠪᠤᠭᠠᠯᠠᠨ ᠳᠠᠶᠢᠰᠣᠩ ᠬᠠᠭᠠᠨ ᠤ ᠨᠡᠶᠢᠰᠯᠡᠯ ᠬᠠᠷᠠᠬᠤᠷᠤᠮ ᠬᠤᠲᠠ ᠶᠢ | ᠪᠦᠰᠡᠯᠡᠨ ᠴᠣᠬᠢᠪᠠ᠃ ᠲᠤᠳᠠᠪᠤᠬᠠ ᠳᠣᠲᠠᠭᠠᠨ ᠶᠠᠪᠤᠭᠰᠠᠭᠠᠷ ᠪᠠᠭ᠎ᠠ ᠬᠠᠲᠣᠨ ᠠᠯᠲᠠᠭᠠᠨ᠎ᠠ ᠶᠢᠨ ᠡᠴᠢᠭᠡ ᠳᠤ | ᠬᠤᠤᠷᠯᠠᠭᠳᠠᠪᠠ᠃ | ᠠᠭᠪᠠᠷᠵᠢᠨ ᠬᠠᠭᠠᠨ ︵1423 — 1453︶ | ᠠᠵᠠᠢ ᠲᠠᠶᠢᠵᠢ ᠶᠢᠨ ᠬᠤᠶᠠᠳᠣᠭᠠᠷ ᠬᠦᠪᠡᠭᠦᠨ ᠮᠥᠨ᠃ ᠠᠭᠪᠠᠷᠵᠢᠨ 1452 ᠣᠨ ᠳᠤ ᠬᠠᠭᠠᠨ ᠰᠠᠭᠤᠵᠤ | ᠮᠤᠩᠭᠤᠯ ᠤᠨ ᠬᠤᠷᠢᠨ ᠲᠠᠪᠤᠳᠣᠭᠠᠷ ᠬᠠᠭᠠᠨ ᠪᠤᠯᠤᠭᠰᠠᠨ ᠪᠠᠶᠢᠨ᠎ᠠ᠃ 1453 ᠣᠨ ᠳᠤ ᠠᠭᠪᠠᠷᠵᠢᠨ ᠬᠠᠭᠠᠨ | ᠵᠡᠭᠦᠨ ᠮᠤᠩᠭᠤᠯ ᠤᠨ ᠭᠤᠴᠢᠨ ᠭᠤᠷᠪᠠᠨ ᠦᠷᠪᠡᠯᠭᠡᠲᠡᠨ᠂ ᠳᠦᠴᠢᠨ ᠳᠦᠷᠪᠡᠨ ᠣᠲᠣᠭᠠᠲᠠᠨ᠂ ᠵᠢᠷᠠᠨ ᠨᠢᠬᠡᠨ | ᠭᠡᠭᠡᠷᠲᠡᠨ ᠲᠠᠢ ᠪᠠᠨ ᠨᠠᠶᠢᠷ ᠲᠤ ᠰᠠᠭᠤᠬᠤ ᠪᠠᠷ ᠣᠴᠢᠭᠠᠳ᠂ ᠡᠰᠡᠨ ᠲᠠᠶᠢᠱᠢ ᠳᠤ ᠬᠤᠤᠷᠯᠠᠭᠳᠠᠨ ᠠᠯᠠᠭᠳᠠᠪᠠ᠃ | ᠢᠩᠬᠢᠭᠡᠳ ᠨᠢᠭᠡᠯᠬᠡᠨ ᠵᠢᠯ ᠬᠠᠭᠠᠨ ᠰᠠᠭᠤᠪᠠ᠃ | | | ᠠᠯᠲᠠᠨᠪᠠᠭᠠᠨ᠎ᠠ ᠮᠠᠲ᠋ᠧᠷᠢᠶᠠᠯ ᠬᠠᠩᠭᠠᠪᠠ᠃ |