ᠡᠰᠡᠨ ᠲᠠᠶᠢᠱᠢ ︵1407 — 1454︶ | 1453 ᠣᠨ ᠳᠤ ᠬᠠᠭᠠᠨ ᠰᠠᠭᠤᠷᠢᠨ ᠳᠤ ᠰᠠᠭᠤᠪᠠ᠃ ᠡᠰᠡᠨ ᠪᠣᠯ ᠣᠶᠢᠷᠠᠳ ᠤᠨ ᠪᠠᠲᠤᠯᠠ ᠴᠧᠩᠰᠢᠶᠠᠩ ᠤᠨ | ᠠᠴᠢ᠂ ᠲᠤᠭᠤᠨ ᠲᠠᠶᠢᠱᠢ ᠶᠢᠨ ᠬᠦᠪᠡᠭᠦᠨ ᠮᠥᠨ᠃ ᠲᠡᠷᠡ ᠠᠷᠪᠠᠨ ᠲᠠᠪᠤᠳᠣᠭᠠᠷ ᠵᠠᠭᠤᠨ ᠤ ᠳᠣᠮᠳᠠᠴᠢ ᠪᠠᠷ | ᠣᠶᠢᠷᠠᠳ ᠮᠤᠩᠭᠤᠯ ᠢ ᠨᠢᠭᠡᠳᠬᠡᠨ ᠬᠠᠭᠠᠨ ᠪᠤᠯᠤᠭᠰᠠᠨ ᠤ ᠳᠠᠷᠠᠭ᠎ᠠ ᠮᠢᠩ ᠣᠯᠣᠰ ᠲᠠᠢ ᠭᠠᠷᠮᠠᠭᠠᠶᠢᠯᠠᠨ ᠲᠡᠮᠡᠴᠡᠵᠦ | ᠶᠠᠪᠤᠭᠰᠠᠨ ᠶᠤᠮ᠃ ᠠᠯᠲᠠᠨ ᠤᠷᠤᠭ ᠤᠨ ᠪᠢᠰᠢ ᠪᠤᠯᠬᠤᠷ ᠬᠤᠵᠢᠮ ᠨᠢ 1454 ᠣᠨ ᠳᠤ ᠢᠵᠠᠭᠤᠷᠲᠠᠨ | ᠲᠦᠰᠢᠮᠡᠳ ᠲᠤ ᠡᠰᠡᠷᠭᠦᠴᠡᠭᠳᠡᠨ ᠠᠯᠠᠭᠳᠠᠪᠠ᠃ | ᠮᠠᠬᠠᠭᠦᠷᠭᠢᠰ ᠬᠠᠭᠠᠨ ︵1446 — 1465︶ | ᠮᠠᠬᠠᠭᠦᠷᠬᠢᠰ 1446 ᠣᠨ ᠳᠤ ᠲᠦᠷᠦᠵᠦ᠂ 1454 ᠣᠨ ᠳᠤ ᠬᠠᠭᠠᠨ ᠣᠷᠣ ᠵᠠᠯᠭᠠᠮᠵᠢᠯᠠᠪᠠ᠃ ᠲᠡᠷᠡ | ᠲᠤᠯᠤᠭᠠᠨ ᠨᠠᠰᠣᠲᠠᠢ ᠳᠤ ᠪᠠᠨ ᠬᠠᠭᠠᠨ ᠰᠠᠭᠤᠭᠰᠠᠨ ᠶᠤᠮ᠃ ᠬᠠᠭᠠᠨ ᠤ ᠨᠠᠰᠣ ᠪᠠᠭ᠎ᠠ᠂ ᠡᠬᠡ ᠨᠢ ᠦᠭᠡᠭ ᠳᠣᠲᠣᠷ᠎ᠠ | ᠬᠢᠵᠦ ᠶᠠᠪᠤᠳᠠᠭ ᠪᠤᠯᠬᠤᠷ ᠦᠭᠡᠭᠲᠦ ᠬᠠᠭᠠᠨ ᠭᠡᠪᠡ᠃ ᠮᠤᠩᠭᠤᠯ ᠤᠨ ᠬᠤᠷᠢᠨ ᠵᠢᠷᠭᠤᠳᠣᠭᠠᠷ ᠬᠠᠭᠠᠨ ᠪᠢᠯᠡ᠃ | 1465 ᠣᠨ ᠳᠤ ᠮᠠᠬᠠᠭᠦᠷᠬᠢᠰ ᠬᠠᠭᠠᠨ ᠪᠤᠯᠤᠢ ᠲᠠᠶᠢᠱᠢ ᠲᠠᠢ ᠡᠶ᠎ᠡ ᠡᠪᠳᠡᠷᠡᠵᠦ ᠪᠤᠯᠤᠢ ᠲᠠᠶᠢᠱᠢ ᠬᠦᠴᠦᠨ ᠳᠤ ᠪᠠᠨ | ᠡᠷᠲᠦᠵᠦ ᠦᠭᠡᠭᠲᠦ ᠬᠠᠭᠠᠨ ᠢ ᠬᠤᠤᠷᠯᠠᠨ ᠠᠯᠠᠭᠰᠠᠨ ᠪᠠᠶᠢᠨ᠎ᠠ᠃ ᠮᠠᠬᠠᠭᠦᠬᠢᠰ ᠬᠠᠭᠠᠨ ᠬᠤᠷᠢᠨ ᠨᠠᠰᠣᠲᠠᠢ ᠨᠠᠰᠣ | ᠪᠠᠷᠠᠵᠤ ᠬᠠᠭᠠᠨ ᠣᠷᠣ ᠳᠤ ᠠᠷᠪᠠᠨ ᠬᠤᠶᠠᠷ ᠵᠢᠯ ᠰᠠᠭᠤᠵᠠᠢ᠃ | ᠮᠤᠯᠤᠨ ᠬᠠᠭᠠᠨ ︵1437 — 1466︶ | 1465 ᠣᠨ ᠳᠤ ᠬᠠᠭᠠᠨ ᠰᠠᠭᠤᠪᠠ᠃ ᠲᠡᠷᠡ ᠪᠣᠯ ᠲᠤᠲᠠᠪᠤᠬᠠ ᠬᠠᠭᠠᠨ ᠤ ᠠᠬᠠᠮᠠᠳ ᠬᠦᠪᠡᠭᠦᠨ᠂ ᠮᠤᠩᠭᠤᠯ ᠤᠨ | ᠬᠤᠷᠢᠨ ᠲᠤᠯᠤᠳᠣᠭᠠᠷ ᠬᠠᠭᠠᠨ ᠪᠤᠯᠤᠨ᠎ᠠ᠃ 1466 ᠣᠨ ᠳᠤ ᠮᠤᠤᠯᠢᠬᠠᠢ ᠸᠠᠩ ᠣᠷᠳᠣᠰ ᠠᠶᠢᠮᠠᠭ ᠤᠨ ᠮᠦᠩᠬᠡ | ᠬᠠᠳᠠᠪᠤᠬᠠ ᠬᠤᠶᠠᠷ ᠤᠨ ᠦᠳᠦᠭᠡᠯᠭᠡ ᠳᠣᠣᠷ᠎ᠠ ᠮᠤᠯᠤᠨ ᠬᠠᠭᠠᠨ ᠢ ᠠᠯᠠᠪᠠ᠃ | ᠮᠠᠨᠳᠣᠭᠤᠯᠢ ᠬᠠᠭᠠᠨ ︵1426 — 1479︶ | 1472 ᠣᠨ ᠳᠤ ᠬᠠᠭᠠᠨ ᠣᠷᠣ ᠰᠠᠭᠤᠪᠠ᠃ ᠲᠣᠲᠠᠪᠤᠬᠠ ᠲᠠᠶᠢᠰᠣᠩ ᠬᠠᠭᠠᠨ ᠤ ᠣᠳᠬᠤᠨ ᠳᠡᠭᠦᠦ᠂ ᠮᠤᠩᠭᠤᠯ | ᠤᠨ ᠬᠤᠷᠢᠨ ᠨᠠᠢᠮᠠᠳᠣᠭᠠᠷ ᠬᠠᠭᠠᠨ ᠪᠤᠯᠤᠨ᠎ᠠ᠃ ᠮᠠᠨᠳᠣᠭᠤᠯᠢ ᠬᠠᠭᠠᠨ ᠮᠤᠩᠭᠤᠯ ᠤᠨ ᠰᠠᠮᠠᠭᠤᠨ ᠪᠠᠶᠢᠳᠠᠯ ᠢ | ᠲᠦᠪᠰᠢᠳᠬᠡᠬᠦ ᠶᠢᠨ ᠲᠦᠯᠦᠭᠡ ᠴᠡᠷᠢᠭ ᠮᠤᠷᠢ ᠪᠠᠨ ᠴᠡᠭᠴᠡᠯᠡᠨ ᠲᠠᠶᠢᠯᠠᠭᠰᠠᠨ ᠠᠴᠠ ᠮᠤᠩᠭᠤᠯ ᠤᠨ ᠨᠡᠶᠢᠭᠡᠮ ᠢ | ᠲᠦᠷᠦ ᠲᠦᠪᠰᠢᠳᠬᠡᠪᠡ᠃ | ᠪᠠᠲᠦᠮᠦ᠋ᠩᠬᠡ ᠬᠠᠭᠠᠨ ︵1474 — 1517︶ | ᠪᠠᠲᠦᠮᠦ᠋ᠩᠬᠡ 1480 ᠤᠨ ᠳᠤ ᠬᠠᠭᠠᠨ ᠰᠠᠭᠤᠵᠣ᠂ ᠬᠠᠭᠠᠨ ᠴᠣᠯᠠ ᠪᠠᠨ ᠳᠠᠶᠠᠨ ᠬᠠᠭᠠᠨ ᠭᠡᠵᠦ ᠨᠡᠷᠡᠯᠡᠭᠰᠡᠨ | ᠪᠢᠯᠡ᠃ ᠲᠡᠷᠡ ᠪᠣᠯ ᠮᠤᠩᠭᠤᠯ ᠤᠨ ᠬᠤᠷᠢ ᠶᠢᠰᠦᠳᠦᠭᠡᠷ ᠬᠠᠭᠠᠨ ᠪᠤᠯᠤᠨ᠎ᠠ᠃ ᠲᠠᠶᠠᠨ ᠬᠠᠭᠠᠨ ᠪᠤᠯᠤᠨ ᠮᠠᠨᠲᠤᠬᠠᠢ | ᠰᠡᠴᠡᠨ ᠬᠠᠲᠣᠨ ᠮᠤᠩᠭᠤᠯ ᠢ ᠨᠢᠭᠡᠳᠬᠡᠬᠦ ᠶᠢᠨ ᠲᠦᠯᠦᠭᠡ ᠲᠠᠪᠤ ᠤᠳᠠᠭᠠᠨ ᠤ ᠬᠠᠲᠠᠭᠤ ᠰᠢᠷᠦᠭᠦᠨ ᠲᠠᠶᠢᠨ ᠢ | ᠦᠩᠭᠡᠷᠡᠭᠡᠭᠡᠳ ᠲᠤᠭᠤᠨᠲᠡᠮᠦᠷ ᠬᠠᠭᠠᠨ ᠠᠴᠠ ᠡᠬᠢᠯᠡᠨ ᠬᠠᠭᠠᠴᠠᠨ ᠪᠤᠲᠠᠷᠠᠭᠰᠠᠨ ᠮᠤᠩᠭᠤᠯ ᠢ ᠨᠢᠭᠡᠳᠦᠭᠦᠯᠡᠨ ᠡᠩᠬᠡ | ᠲᠠᠶᠢᠪᠤᠩ ᠪᠠᠶᠢᠳᠠᠯ ᠲᠠᠢ ᠪᠤᠯᠭᠠᠪᠠ᠃ ᠲᠡᠷᠡ ᠦᠶ᠎ᠡ ᠳᠤ ᠲᠠᠶᠠᠨ ᠬᠠᠭᠠᠨ ᠤ ᠠᠯᠳᠠᠷ ᠨᠢ ᠮᠤᠩᠭᠤᠯ ᠲᠠᠶᠠᠭᠠᠷ | ᠮᠠᠨᠳᠣᠭᠰᠠᠨ ᠢᠶᠠᠷ ᠪᠠᠷᠠᠬᠤ ᠦᠭᠡᠢ ᠮᠢᠩ ᠣᠯᠣᠰ ᠤᠨ ᠬᠦᠮᠦᠰ ᠮᠤᠩᠭᠤᠯ ᠤᠨ ︽ᠳᠠᠬᠢᠨ ᠮᠠᠨᠳᠣᠭᠰᠠᠨ ᠭᠡᠭᠡᠨ ᠡᠵᠡᠨ︾ | ᠭᠡᠵᠦ ᠪᠢᠰᠢᠷᠡᠨ ᠳᠠᠭᠤᠳᠠᠳᠠᠭ ᠪᠠᠶᠢᠯ᠎ᠠ᠃ | ᠰᠠᠶᠢᠨ ᠠᠯᠠᠭ ᠬᠠᠭᠠᠨ ︵1488 — 1519︶ | ᠰᠠᠶᠢᠨ ᠠᠯᠠᠭ ᠬᠠᠭᠠᠨ ᠪᠠᠷᠰᠪᠤᠯᠤᠳ ᠪᠣᠯ ᠪᠠᠲᠦᠮᠦ᠋ᠩᠬᠡ ᠬᠠᠭᠠᠨ ᠤ ᠳᠦᠷᠪᠡᠳᠦᠭᠡᠷ ᠬᠦᠪᠡᠭᠦᠨ᠂ 1519 ᠣᠨ ᠳᠤ | ᠬᠠᠭᠠᠨ ᠣᠷᠣᠨ᠎ᠠ ᠰᠠᠭᠤᠵᠣ᠂ ᠲᠣᠰ ᠵᠢᠯ ᠳᠤᠨᠢ ᠬᠠᠭᠠᠨ ᠤᠷᠤ ᠪᠠᠨ ᠪᠤᠳᠢ ᠲᠠᠶᠢᠵᠢ ᠳᠤ ᠶᠡᠭᠦᠯᠡᠨ ᠦᠭᠪᠡ᠃ ᠲᠡᠷᠡ | ᠪᠣᠯ ᠮᠤᠩᠭᠤᠯ ᠬᠠᠭᠠᠨᠲᠤ ᠣᠯᠣᠰ ᠤᠨ ᠭᠤᠴᠢᠳᠣᠭᠠᠷ ᠬᠠᠭᠠᠨ ᠮᠥᠨ᠃ ᠪᠤᠳᠢ ᠠᠯᠠᠭ ᠬᠠᠭᠠᠨ ︵1504 — | 1547︶ | 1519 ᠣᠨ ᠳᠤ ᠬᠠᠭᠠᠨ ᠣᠷᠣ ᠳᠤ ᠰᠠᠭᠤᠪᠠ᠃ ᠲᠡᠷᠡ ᠪᠣᠯ ᠮᠤᠩᠭᠤᠯ ᠤᠨ ᠭᠤᠴᠢᠨ ᠨᠢᠭᠡᠳᠦᠭᠡᠷ ᠬᠠᠭᠠᠨ᠂ | ᠲᠡᠦᠬᠡᠨ ᠳᠡᠭᠡᠷ᠎ᠡ ᠪᠤᠳᠢ ᠠᠯᠠᠭ ᠬᠠᠭᠠᠨ ᠭᠡᠳᠡᠭ᠃ ᠪᠤᠳᠢ ᠠᠯᠠᠭ ᠬᠠᠭᠠᠨ ᠰᠠᠭᠤᠷᠢᠨ ᠳᠤ ᠭᠠᠷᠣᠭᠰᠠᠨ ᠤ ᠳᠠᠷᠠᠭ᠎ᠠ | 1524 ᠣᠨ ᠳᠤ ᠪᠤᠰᠣᠳ ᠡᠯ᠎ᠡ ᠲᠦᠮᠡᠨ ᠤ ᠨᠤᠶᠠᠳ ᠢ ᠲᠠᠶᠢᠴᠢᠯᠠᠨ ᠤᠷᠢᠶᠠᠩᠬᠠᠨ ᠲᠦᠮᠡᠨ ᠢ ᠲᠠᠶᠢᠯᠠᠪᠠ᠃ ᠪᠤᠳᠢ | ᠠᠯᠠᠭ ᠬᠠᠭᠠᠨ ᠤ ᠨᠤᠶᠠᠷᠬᠠᠭᠰᠠᠨ ᠬᠤᠷᠢ ᠭᠠᠷᠣᠢ ᠵᠢᠯ ᠤᠨ ᠬᠤᠭᠤᠴᠠᠭᠠᠨ᠎ᠠ ᠮᠤᠩᠭᠤᠯ ᠤᠨ ᠨᠡᠶᠢᠭᠡᠮ ᠲᠦᠪᠰᠢᠷᠡᠨ᠂ | ᠮᠠᠯ ᠠᠵᠤ ᠠᠬᠤᠢ ᠦᠨᠢᠷ ᠪᠠᠶᠠᠯᠢᠭ ᠦᠰᠴᠦ ᠨᠡᠮᠡᠭᠳᠡᠪᠡ᠃ ᠪᠤᠳᠢ ᠠᠯᠠᠭ ᠬᠠᠭᠠᠨ ᠨᠠᠢᠮᠠᠨ ᠵᠢᠯ ᠬᠠᠭᠠᠨ ᠰᠠᠭᠤᠵᠣ | 1547 ᠣᠨ ᠳᠤ ᠬᠠᠯᠢᠪᠠ᠃ | ᠳᠠᠷᠠᠶᠢᠰᠦᠨ ᠬᠦᠳᠡᠩ ᠬᠠᠭᠠᠨ ︵1520 — 1557︶ | ᠪᠤᠳᠢ ᠠᠯᠠᠭ ᠬᠠᠭᠠᠨ ᠤ ᠠᠬᠠᠮᠠᠳ ᠬᠦᠪᠡᠭᠦᠨ᠂ 1548 ᠣᠨ ᠳᠤ ᠬᠠᠭᠠᠨ ᠣᠷᠣ ᠳᠤ ᠰᠠᠭᠤᠪᠠ᠃ ᠲᠡᠷᠡ ᠪᠣᠯ | ᠮᠤᠩᠭᠤᠯ ᠤᠨ ᠭᠤᠴᠢᠨ ᠬᠤᠶᠠᠳᠣᠭᠠᠷ ᠬᠠᠭᠠᠨ ᠮᠥᠨ᠃ ᠳᠠᠷᠠᠶᠢᠰᠦᠨ ᠬᠦᠳᠡᠩ ᠬᠠᠭᠠᠨ ᠤ ᠨᠤᠶᠠᠷᠬᠠᠭᠰᠠᠨ | ᠬᠤᠭᠤᠴᠠᠭᠠᠨ ᠳᠤ ᠴᠠᠬᠠᠷ ᠲᠦᠮᠡᠨ ᠠᠮᠣᠷ ᠲᠦᠪᠰᠢᠨ ᠠᠵᠤ ᠠᠮᠢᠳᠣᠷᠠᠵᠠᠢ᠃ ᠲᠡᠷᠡ ᠨᠡᠶᠢᠲᠡ ᠠᠷᠪᠠᠨ ᠵᠢᠯ ᠬᠠᠭᠠᠨ | ᠰᠠᠭᠤᠷᠢᠨ ᠳᠤ ᠰᠠᠭᠤᠵᠣ 1557 ᠤᠨ ᠳᠤ ᠭᠤᠴᠢᠨ ᠨᠠᠢᠮᠠᠲᠠᠢ ᠨᠠᠰᠣ ᠪᠠᠷᠠᠪᠠ᠃ | ᠲᠦᠮᠡᠨ ᠵᠠᠰᠠᠭᠲᠤ ᠬᠠᠭᠠᠨ ︵1539 — 1592︶ | ᠲᠦᠮᠡᠨ ᠵᠠᠰᠠᠭᠲᠤ ᠬᠠᠭᠠᠨ ᠪᠣᠯ ᠳᠠᠷᠠᠶᠢᠰᠣᠨ ᠬᠦᠳᠡᠩ ᠬᠠᠭᠠᠨ ᠤ ᠶᠡᠭᠡ ᠬᠦᠪᠡᠭᠦᠨ ᠮᠥᠨ᠃ 1558 ᠣᠨ ᠳᠤ | ᠬᠠᠭᠠᠨ ᠣᠷᠣ ᠳᠤ ᠰᠠᠭᠤᠵᠣ ᠮᠤᠩᠭᠤᠯ ᠤᠨ ᠭᠤᠴᠢᠨ ᠭᠤᠷᠪᠠᠳᠣᠭᠠᠷ ᠬᠠᠭᠠᠨ ᠪᠤᠯᠵᠠᠢ᠃ ᠲᠦᠮᠡᠨ ᠵᠠᠰᠠᠭᠲᠣ ᠬᠠᠭᠠᠨ | ᠨᠤᠶᠠᠷᠬᠠᠯ ᠤᠨ ᠬᠤᠭᠤᠴᠠᠭᠠᠨ ᠳᠤ ᠪᠠᠨ ᠲᠤᠲᠤᠭᠠᠳᠣ ᠶᠢᠨ ᠵᠦᠷᠢᠴᠡᠯ ᠢ ᠡᠪᠯᠡᠷᠡᠭᠦᠯᠦᠨ᠂ ᠡᠪᠳᠡᠷᠡᠯ ᠬᠠᠭᠠᠴᠠᠯ ᠢ | ᠲᠡᠪᠴᠢᠬᠦ ᠲᠦᠷᠦ ᠶᠢᠨ ᠪᠤᠳᠣᠯᠭ᠎ᠠ ᠬᠡᠷᠡᠭᠵᠢᠭᠦᠯᠵᠦ᠂ ᠣᠯᠣᠰ ᠲᠦᠷᠦ ᠪᠠ ᠠᠵᠤ ᠠᠬᠤᠢ ᠶᠢᠨ ᠲᠠᠯ᠎ᠠ ᠪᠠᠷ ᠴᠢᠬᠤᠯᠠ | ᠦᠭᠡᠷᠡᠴᠢᠯᠡᠯᠲᠡ ᠬᠢᠭᠰᠡᠨ ᠠᠴᠠ ᠣᠯᠠᠨ ᠤ ᠬᠦᠷᠢᠶᠡᠯᠡᠯ ᠢ ᠣᠯᠵᠣ ︽ᠵᠠᠰᠠᠭᠲᠤ ᠬᠠᠭᠠᠨ︾ ᠭᠡᠰᠡᠨ ᠴᠣᠯᠠ | ᠡᠷᠭᠦᠮᠵᠢᠯᠡᠭᠳᠡᠭᠰᠡᠨ ᠶᠤᠮ᠃ | ᠪᠤᠶᠠᠨ ᠰᠡᠴᠡᠨ ᠬᠠᠭᠠᠨ 1555 — 1603︶ | ᠲᠦᠮᠡᠨ ᠵᠠᠰᠠᠭᠲᠣ ᠬᠠᠭᠠᠨ ᠤ ᠬᠦᠪᠡᠭᠦᠨ ᠪᠤᠶᠠᠨ 1593 ᠣᠨ ᠳᠤ ᠬᠠᠭᠠᠨ ᠣᠷᠣᠨ ᠳᠤ ᠰᠠᠭᠤᠵᠣ᠂ ᠲᠡᠦᠬᠡᠨ | ᠳᠡᠭᠡᠷ᠎ᠡ ᠪᠤᠶᠠᠨ ᠰᠡᠴᠡᠨ ᠬᠠᠭᠠᠨ ᠬᠡᠮᠡᠨ ᠠᠯᠳᠠᠷᠰᠢᠵᠠᠢ᠃ ᠮᠤᠩᠭᠤᠯ ᠭᠤᠴᠢᠨ ᠳᠦᠷᠪᠡᠳᠦᠭᠡᠷ ᠬᠠᠭᠠᠨ ᠪᠤᠯᠤᠨ᠎ᠠ᠃ | ᠲᠦᠮᠡᠨ ᠵᠠᠰᠠᠭᠲᠣ ᠬᠠᠭᠠᠨ ᠢ ᠬᠠᠯᠢᠭᠰᠠᠨ ᠤ ᠳᠠᠷᠠᠭ᠎ᠠ ᠮᠤᠩᠭᠤᠯ ᠤᠨ ᠨᠢᠭᠡᠳᠦᠯ ᠬᠠᠭᠠᠴᠠᠨ ᠵᠠᠳᠠᠷᠠᠵᠤ᠂ ᠬᠡᠰᠡᠭᠯᠡᠨ | ᠵᠠᠬᠢᠷᠬᠤ ᠪᠠᠶᠢᠳᠠᠯ ᠳᠤ ᠣᠷᠣᠭᠰᠠᠨ ᠠᠴᠠ ᠬᠠᠭᠠᠨ ᠤ ᠵᠠᠷᠯᠢᠭ ᠢ ᠲᠠᠭᠠᠬᠤ ᠪᠠᠨ ᠪᠠᠶᠢᠵᠤ ᠪᠤᠶᠠᠨ ᠰᠡᠴᠡᠨ ᠬᠠᠭᠠᠨ | ᠮᠤᠩᠭᠤᠯ ᠤᠨ ᠶᠡᠭᠡ ᠬᠠᠭᠠᠨ ᠤ ᠨᠡᠷ᠎ᠡ ᠶᠢ ᠵᠡᠭᠦᠭᠰᠡᠨ ᠳᠡᠳᠦᠢ ᠪᠢᠯᠡ᠃ | ᠯᠢᠭᠲᠡᠨ ᠬᠤᠲᠤᠭᠲᠤ ᠬᠠᠭᠠᠨ ︵1592 — 1675︶ | 1604 ᠣᠨ ᠳᠤ ᠬᠠᠭᠠᠨ ᠣᠷᠣᠨ᠎ᠠ ᠰᠠᠭᠤᠵᠣ ᠮᠤᠩᠭᠤᠯ ᠤᠨ ᠭᠤᠴᠢᠨ ᠲᠠᠪᠤᠳᠣᠭᠠᠷ ᠬᠠᠭᠠᠨ ᠪᠤᠯᠵᠠᠢ᠃ | ᠮᠤᠩᠭᠤᠯ ᠠᠶᠢᠮᠠᠭ ᠤᠨ ᠬᠠᠮᠤᠭ ᠡᠴᠦᠰ ᠤᠨ ᠶᠡᠭᠡ ᠬᠠᠭᠠᠨ ᠮᠥᠨ᠃ ᠲᠡᠭᠦᠨ ᠤ ᠨᠤᠶᠠᠷᠬᠠᠵᠤ ᠪᠠᠶᠢᠭᠰᠠᠨ | ᠬᠤᠭᠤᠴᠠᠭᠠᠨ ᠳᠤ ᠣᠯᠠᠨ ᠨᠤᠮ ᠰᠣᠳᠣᠷ ᠢ ᠮᠤᠩᠭᠤᠯ ᠢᠶᠠᠷ ᠣᠷᠴᠢᠭᠤᠯᠤᠨ ᠮᠤᠩᠭᠤᠯᠴᠣᠳ ᠤᠨ ᠰᠣᠶᠣᠯ ᠭᠡᠭᠡᠷᠡᠯ | ᠳᠤ ᠵᠤᠬᠢᠬᠤ ᠨᠦᠯᠦᠭᠡ ᠦᠵᠡᠭᠦᠯᠦᠭᠰᠡᠨ ᠶᠤᠮ᠃ ᠯᠢᠭᠳᠡᠨ ᠬᠤᠳᠤᠭᠲᠤ ︽ᠮᠢᠩ ᠲᠠᠢ ᠬᠤᠯᠪᠤᠭᠠᠯᠠᠨ ᠠᠯᠲᠠᠨ ᠤᠯᠤᠰ | ᠢ ᠡᠰᠡᠷᠭᠦᠴᠡᠬᠦ︾ ᠶᠢ ᠳᠣᠷᠠᠳᠣᠨ ᠲᠠᠶᠢᠯᠠᠭᠰᠠᠨ ᠠᠴᠠ ᠡᠴᠦᠰ ᠲᠤ ᠪᠠᠨ ᠬᠦᠨᠳᠦ ᠢᠯᠠᠭᠳᠠᠯ ᠢᠶᠠᠷ ᠳᠠᠶᠢᠨ ᠠᠴᠠ | ᠤᠬᠤᠷᠢᠵᠦ᠂ 1634 ᠤᠨ ᠳᠤ ᠰᠢᠷ᠎ᠠ ᠲᠠᠯ᠎ᠠ ᠳᠤ ᠨᠠᠰᠣ ᠪᠠᠷᠠᠭᠰᠠᠨ ᠪᠠᠶᠢᠨ᠎ᠠ᠃ | ᠪᠤᠭᠲᠠ ᠬᠠᠭᠠᠨ ᠵᠢᠪᠵᠤᠨᠳᠠᠮᠪᠠ ︵1869 — 1924︶ | 1869 ᠣᠨ ᠤ ᠰᠢᠷᠠᠭᠴᠢᠨ ᠮᠤᠭᠠᠢ ᠵᠢᠯ ᠳᠤ ᠳᠠᠯᠠᠢ ᠯᠠᠮᠠ ᠶᠢᠨ ᠰᠢᠳᠠᠷ ᠲᠦᠰᠢᠮᠡᠳ ᠤᠨ ᠭᠡᠷ ᠲᠤ ᠲᠦᠪᠦᠪᠡ᠃ | ᠲᠡᠭᠦᠨ ᠢ ᠳᠦᠷᠪᠡᠨ ᠨᠠᠰᠣᠲᠠᠢ ᠳᠤ ᠨᠢ ᠬᠠᠯᠬ᠎ᠠ ᠠᠴᠠ ᠢᠯᠡᠭᠡᠭᠰᠡᠨ ᠡᠯᠴᠢ ᠨᠠᠷ ᠤᠴᠢᠵᠦ 1871 ᠣᠨ ᠳᠤ | ᠲᠦᠷᠦᠯ ᠲᠦᠷᠦᠭᠰᠡᠳ ᠤᠨ ᠬᠠᠮᠲᠤ ᠬᠦᠷᠢᠶᠡᠨ ᠳᠤ ᠵᠠᠯᠠᠵᠤ ᠠᠪᠴᠢᠷᠠᠵᠠᠢ᠃ 1911 ᠣᠨ ᠳᠤ ᠮᠤᠩᠭᠤᠯ ᠤᠯᠤᠰ | ᠮᠠᠨᠵᠤ ᠬᠢᠲᠠᠳ ᠠᠴᠠ ᠲᠣᠰᠠᠭᠠᠷᠯᠠᠵᠤ ᠪᠤᠭᠲᠠ ᠬᠠᠭᠠᠨᠲᠤ ᠤᠯᠤᠰ ᠢ ᠲᠤᠩᠬᠠᠭᠯᠠᠨ ᠪᠤᠭᠲᠠ ᠵᠢᠪᠵᠤᠨᠳᠠᠮᠪᠠ ᠶᠢ | ᠬᠠᠭᠠᠨ ᠳᠤ ᠡᠷᠭᠦᠮᠵᠢᠯᠡᠵᠡᠢ᠃ ᠪᠤᠭᠲᠠ ᠬᠠᠭᠠᠨ ᠵᠢᠪᠵᠤᠨᠳᠠᠮᠪᠠ 1924 ᠤᠨ ᠤ ᠬᠦᠬᠡ ᠬᠤᠯᠤᠭᠠᠨ᠎ᠠ ᠵᠢᠯ ᠳᠤ | ᠲᠡᠭᠷᠢ ᠳᠤ ᠬᠠᠯᠢᠪᠠ᠃ | | | ᠠᠯᠲᠠᠨᠪᠠᠭᠠᠨ᠎ᠠ ᠮᠠᠲ᠋ᠧᠷᠢᠶᠠᠯ ᠬᠠᠩᠭᠠᠪᠠ᠃ |