ᠠᠯᠢᠪᠠ ᠠᠷᠠᠳ ᠲᠦᠮᠡᠨ ᠤ ᠵᠠᠶᠢᠯᠠᠰᠢ ᠦᠭᠡᠢ ᠪᠠᠭ᠋ᠠᠷᠬᠠᠵᠤ ᠬᠦᠨᠳᠦᠳᠭᠡᠬᠦ ᠵᠦᠢᠯ ᠪᠤᠯ ᠶᠠᠭᠠᠬᠢᠬᠤ ᠠᠷᠭ᠎ᠠ ᠦᠭᠡᠢ | ᠲᠤᠬᠠᠢ ᠶᠢᠨ ᠠᠷᠠᠳ ᠲᠦᠮᠡᠨ ᠤ ᠡᠪᠦᠭᠡ ᠲᠡᠣᠬᠡ ᠪᠤᠶᠤ ᠡᠷᠲᠡᠨ ᠤ ᠲᠡᠣᠬᠡ ᠪᠠᠶᠢᠳᠠᠭ ᠪᠢᠯᠡ᠃ ᠲᠡᠷᠡ ᠦᠶ᠎ᠡ ᠳᠤ | ᠪᠢᠴᠢᠭ ᠦᠰᠦᠭ ᠡᠭᠦᠰᠴᠦ ᠪᠤᠢ ᠪᠤᠯᠤᠭ᠎ᠠ ᠦᠭᠡᠢ ᠪᠠᠶᠢᠵᠠᠢ᠃ ᠣᠴᠢᠷ ᠡᠶᠢᠮᠣ ᠳᠤ ᠰᠣᠳᠣᠯᠣᠭᠴᠢᠳ ᠡᠪᠦᠭᠡ ᠲᠡᠣᠬᠡ | ᠶᠢ ᠡᠷᠲᠡᠨ ᠤ ᠬᠦᠮᠦᠰ ᠤᠨ ᠣᠯᠠ ᠮᠦᠷ ᠡᠳ᠋ ᠦᠯᠦᠭᠡᠢ ᠶᠢᠨ ᠵᠦᠢᠯᠡᠰ ᠢ ᠪᠠᠷᠢᠮᠲᠠᠯᠠᠵᠣ ᠰᠤᠳᠤᠯᠳᠠᠭ᠃ ᠰᠢᠨᠵᠢᠯᠡᠬᠦ | ᠣᠬᠠᠭᠠᠨ ᠤ ᠡᠨᠡ ᠰᠠᠯᠪᠤᠷᠢ ᠶᠢ ᠠᠷᠾᠸᠣᠯᠣᠭᠢ ᠪᠤᠶᠤ ᠡᠷᠲᠡᠨ ᠤ ᠰᠤᠳᠤᠯᠤᠯ ᠭᠡᠮᠡᠨ ᠨᠡᠷᠡᠶᠢᠳᠳᠡᠭ᠃ ᠠᠳᠡ | ᠳᠤᠷᠠᠳᠤᠭᠳᠠᠨ ᠪᠤᠢ ᠡᠳ᠋ ᠦᠯᠦᠭᠡᠢ ᠶᠢᠨ ᠵᠦᠢᠯ ᠬᠡᠮᠡᠬᠦ ᠣᠶᠢᠯᠠᠭᠠᠯᠲᠠ ᠳᠤ ᠡᠷᠲᠠ ᠦᠶ᠎ᠡ ᠳᠤ ᠠᠮᠢᠳᠤᠷᠠᠵᠤ ᠠᠰᠠᠨ | ᠬᠦᠮᠦᠰ ᠤᠨ ᠬᠡᠷᠡᠭᠯᠡᠵᠦ ᠪᠠᠶᠢᠭᠰᠠᠨ ᠡᠳ᠋ᠯᠠᠯ᠂ ᠬᠡᠷᠡᠭᠯᠡᠯ ᠪᠤᠯᠤᠨ ᠶᠠᠮᠠᠷ ᠨᠢᠭᠡᠨ ᠪᠠᠶᠢᠳᠠᠯ ᠢᠶᠠᠷ ᠬᠦᠮᠦᠨ ᠤ ᠣᠶᠣᠨ | ᠣᠬᠠᠭᠠᠨ᠂ ᠬᠦᠳᠡᠯᠮᠦᠷᠢ ᠪᠠᠷ ᠪᠦᠲᠦᠭᠰᠡᠨ ᠲᠡᠷᠡ ᠵᠦᠢᠯ ᠢ ᠬᠠᠮᠤᠷᠠᠭᠤᠯᠤᠨ ᠦᠵᠡᠳᠡᠭ᠃ | ᠮᠠᠨ ᠤ ᠣᠷᠣᠨ ᠤ ᠠᠷᠾᠸᠣᠯᠣᠭᠢ ᠶᠢᠨ ᠲᠣᠷᠠᠰᠬᠠᠯ ᠢ ᠠᠷᠪᠠ ᠶᠢᠰᠦᠳᠦᠭᠡᠷ ᠵᠠᠭᠤᠨ ᠤ ᠰᠡᠬᠦᠯᠴᠢ ᠠᠴᠠ ᠭᠠᠳᠠᠭᠠᠳᠤ | ᠶᠢᠨ ᠵᠢᠭᠤᠯᠴᠢᠨ᠂ ᠰᠣᠳᠣᠯᠣᠭᠴᠢᠳ ᠰᠣᠳᠣᠯᠵᠣ ᠡᠬᠢᠯᠡᠭᠰᠡᠨ ᠪᠦᠭᠡᠳ 1950 — ᠭᠠᠳ ᠣᠨ ᠠᠴᠠ ᠮᠣᠩᠭᠤᠯ | ᠤᠨ ᠠᠩᠬᠠᠨ ᠤ ᠮᠡᠷᠭᠡᠵᠢᠯ ᠤᠨ ᠠᠷᠾᠸᠣᠯᠣᠭᠢᠴᠢᠳ ᠪᠡᠯᠡᠳᠭᠡᠭᠳᠡᠨ ᠰᠤᠳᠤᠯᠤᠯᠭ᠎ᠠ ᠬᠢᠳᠡᠭ ᠪᠣᠯᠵᠠᠢ᠃ ᠮᠣᠩᠭᠤᠯ ᠤᠨ | ᠠᠷᠾᠸᠣᠯᠣᠭᠢ ᠶᠢᠨ ᠲᠣᠷᠠᠰᠬᠠᠯ ᠨᠢ ᠴᠢᠯᠠᠭᠤᠨ ᠵᠡᠪᠰᠡᠭ ᠤᠨ ᠦᠶ᠎ᠡ ᠠᠴᠠ ᠠᠷᠪᠠᠨ ᠭᠤᠷᠪᠠ — ᠠᠷᠪᠠᠨ | ᠳᠥᠷᠪᠡᠳᠦᠭᠡᠷ ᠵᠠᠭᠤᠨ ᠢ ᠬᠦᠷᠲᠡᠯᠡᠬᠢ ᠦᠶ᠎ᠡ ᠶᠢ ᠬᠠᠮᠤᠷᠳᠠᠭ᠃ | ᠮᠣᠩᠭᠤᠯ ᠤᠨ ᠴᠢᠯᠠᠭᠤᠨ ᠵᠡᠪᠰᠡᠭ ᠤᠨ ᠦᠶ᠎ᠡ ᠶᠢ᠄ | 1. ᠬᠠᠭᠤᠴᠢᠨ ᠴᠢᠯᠠᠭᠤᠨ ᠵᠡᠪᠰᠡᠭ ᠤᠨ ᠦᠶ᠎ᠡ ( 700000 — 12000 ᠵᠢᠯ ᠤᠨ ᠡᠮᠦᠨ᠎ᠡ ) | 2. ᠳᠤᠮᠳᠠ ᠴᠢᠯᠠᠭᠤᠨ ᠵᠡᠪᠰᠡᠭ ᠤᠨ ᠦᠶ᠎ᠡ ( 12000 — 8000 ᠵᠢᠯ ᠤᠨ ᠡᠮᠦᠨ᠎ᠡ ) | 3. ᠰᠢᠨ᠎ᠡ ᠴᠢᠯᠠᠭᠤᠨ ᠵᠡᠪᠰᠡᠭ ᠤᠨ ᠦᠶ᠎ᠡ ( 8000 — 4000 ᠵᠢᠯ ᠤᠨ ᠡᠮᠦᠨ᠎ᠡ ) ᠭᠡᠮᠡᠨ ᠠᠩᠬᠢᠯᠠᠳᠠᠭ᠃ | ᠡᠨᠡ ᠶᠡᠷᠦᠩᠬᠡᠢ ᠠᠩᠭᠢᠯᠠᠯ ᠤᠨ ᠳᠠᠭᠠᠤ ᠣᠭ ᠰᠡᠳᠤᠪ ᠢ ᠲᠤᠪᠴᠢ ᠲᠠᠨᠢᠯᠴᠠᠭᠤᠯᠤᠶ᠎ᠠ᠃ | 1. ᠬᠠᠭᠤᠴᠢᠨ ᠴᠢᠯᠠᠭᠤᠨ ᠵᠡᠪᠰᠡᠭ ᠤᠨ ᠦᠶ᠎ᠡ | ᠡᠷᠲᠡᠨ ᠤ ᠬᠦᠮᠦᠨ ᠪᠠᠶᠢᠭᠠᠯᠢ ᠶᠢᠨ ᠠᠮᠢᠲᠠᠨ ᠪᠠᠶᠢᠬᠤ ᠪᠠᠨ ᠪᠤᠯᠢᠵᠤ ᠬᠦᠳᠡᠯᠮᠦᠷᠢ ᠶᠢᠨ ᠪᠠᠭᠠᠵᠢ ᠵᠡᠪᠰᠡᠭ ᠢᠶᠠᠨ ᠬᠢᠵᠦ | ᠡᠬᠢᠯᠡᠬᠦ ᠳᠡᠭᠡᠨ ᠠᠩᠬ᠎ᠠ ᠬᠠᠮᠤᠭ ᠤᠨ ᠡᠯᠪᠡᠭ᠂ ᠭᠠᠷ ᠤᠨ ᠳᠤᠣᠷᠠᠬᠢ ᠮᠠᠲ᠋ᠧᠷᠢᠶᠠᠯ ᠪᠤᠯᠬᠤ ᠶᠡᠷᠦᠳᠡ ᠶᠢᠨ ᠮᠣᠳᠣ | ᠴᠢᠯᠠᠭᠤ ᠶᠢ ᠠᠰᠢᠭᠯᠠᠬᠤ ᠪᠣᠯᠵᠠᠢ᠃ ᠡᠷᠲᠡᠨ ᠤ ᠰᠤᠳᠤᠯᠤᠯ ᠤᠨ ᠣᠬᠠᠭᠠᠨ ᠳᠤ ᠡᠨᠡ ᠦᠶ᠎ᠡ ᠶᠢ ᠬᠠᠭᠤᠴᠢᠨ | ᠴᠢᠯᠠᠭᠤᠨ ᠵᠡᠪᠰᠡᠭ ᠤᠨ ᠦᠶ᠎ᠡ ᠪᠤᠶᠤ ᠫᠠᠯᠶᠤᠯᠲ ᠭᠡᠮᠡᠨ ᠨᠡᠷᠡᠯᠡᠳᠡᠭ᠃ | ᠬᠦᠮᠦᠨ ᠠᠩᠬ᠎ᠠ ᠪᠠᠶᠢᠭᠠᠯᠢ ᠶᠢᠨ ᠡᠯᠳᠡᠪ ᠨᠦᠯᠦᠭᠡ ᠪᠠᠷ ᠬᠠᠭᠠᠷᠠᠵᠤ ᠵᠠᠯᠲᠠᠷᠠᠭᠰᠠᠨ ᠴᠢᠯᠠᠭᠤᠨ ᠤ ᠢᠷ᠂ ᠢᠷᠮᠡᠭ ᠢ | ᠡᠯᠳᠡᠪ ᠡᠳ᠋ ᠵᠦᠢᠯ ᠢ ᠵᠦᠰᠦᠬᠦ᠂ ᠡᠰᠭᠡᠬᠦ ᠵᠣᠷᠢᠯᠭ᠋ ᠠ᠋ ᠪᠠᠷ ᠠᠰᠢᠭᠯᠠᠳᠠᠭ ᠪᠠᠶᠢᠭᠰᠠᠨ ᠲᠤᠷᠰᠢᠯᠭ᠎ᠠ ᠳᠡᠭᠡᠷ᠎ᠡ ᠪᠠᠨ | ᠲᠣᠯᠭᠤᠷᠢᠯᠠᠨ ᠬᠡᠷᠡᠭᠴᠡᠭᠡ ᠲᠠᠢ ᠴᠠᠭ ᠲᠠᠭᠠᠨ ᠲᠡᠳᠡᠭᠡᠷ ᠲᠠᠢ ᠢᠵᠢᠯ ᠢᠷ᠂ ᠢᠷᠮᠡᠭ ᠭᠠᠷᠭᠠᠬᠤ ᠣᠷᠤᠯᠳᠤᠯᠭ᠎ᠠ | ᠬᠢᠭᠰᠡᠭᠡᠷ ᠠᠩᠬᠠᠨ ᠤ ᠴᠢᠯᠠᠭᠤᠨ ᠵᠡᠪᠰᠡᠭ ᠬᠢᠬᠦ ᠦᠨᠳᠦᠰᠦ ᠲᠠᠯᠪᠢᠭᠳᠠᠵᠦ᠂ ᠬᠦᠮᠦᠨ ᠤ ᠣᠶᠣᠨ ᠣᠬᠠᠭᠠᠨ ᠬᠦᠭᠵᠢᠬᠦ | ᠶᠢᠨ ᠬᠢᠷᠢ ᠪᠠᠷ ᠵᠡᠪᠰᠡᠭ ᠪᠠᠭᠠᠵᠢ ᠶᠢᠨ ᠬᠢᠴᠡ ᠲᠧᠭᠨᠣᠯᠣᠭᠢ ᠨᠠᠷᠢᠰᠴᠤ᠂ ᠣᠯᠠᠮ ᠪᠣᠯᠪᠠᠰᠤᠷᠠᠩᠭᠤᠢ ᠪᠤᠯᠤᠭᠰᠠᠭᠠᠷ | ᠢᠷᠡᠵᠡᠢ᠃ ᠡᠳᠡᠭᠡᠷ ᠣᠨᠴᠠᠯᠢᠭ ᠢᠯᠭᠠᠭ᠎ᠠ ᠶᠢ ᠦᠨᠳᠦᠰᠦᠯᠡᠨ ᠫᠠᠯᠶᠤᠯᠲ ᠶᠢᠨ ᠦᠶ᠎ᠡ ᠶᠢ ᠲᠤᠳᠤᠷ᠎ᠠ ᠨᠢ ᠳᠣᠣᠷᠠᠳᠣ᠂ | ᠳᠤᠮᠳᠠ᠂ ᠲᠡᠭᠡᠳᠦ ᠱᠠᠲᠣ ᠭᠡᠮᠡᠨ ᠠᠩᠭᠢᠯᠠᠵᠤ ᠨᠠᠷᠢᠪᠴᠢᠯᠠᠨ ᠰᠣᠳᠣᠯᠣᠨ ᠰᠢᠨᠵᠢᠯᠡᠳᠡᠭ ᠪᠠᠶᠢᠨ᠎ᠠ᠃ | ᠮᠣᠩᠭᠤᠯ ᠣᠷᠣᠨ ᠤ ᠬᠠᠭᠤᠴᠢᠨ ᠴᠢᠯᠠᠭᠤᠨ ᠵᠡᠪᠰᠡᠭ ᠤᠨ ᠳᠣᠣᠷᠠᠳᠣ ᠱᠠᠲᠣ ᠨᠢ ᠣᠳᠤ ᠠᠴᠠ 700000 — | 100000 ᠵᠢᠯ ᠤᠨ ᠡᠮᠦᠨᠡᠬᠢ ᠦᠶ᠎ᠡ ᠶᠢ ᠬᠠᠮᠤᠷᠳᠠᠭ᠃ ᠡᠨᠡ ᠦᠶ᠎ᠡ ᠶᠢᠨ ᠬᠦᠮᠦᠰ ᠨᠢ ᠰᠦᠷᠦᠭᠯᠡᠨ ᠶᠠᠪᠣᠵᠤ᠂ | ᠬᠠᠮᠳᠤ ᠶᠢᠨ ᠬᠦᠴᠦ ᠪᠠᠷ ᠠᠩ ᠠᠪᠠ ᠬᠢᠵᠦ ᠠᠮᠢ ᠵᠢᠭᠤᠳᠠᠭ ᠪᠠᠶᠢᠵᠠᠢ᠃ ᠬᠡᠳᠦᠢ ᠪᠠᠷ ᠲᠡᠯᠡᠬᠡᠢ ᠶᠢᠨ ᠬᠡᠮᠵᠢᠶ᠎ᠠ ᠪᠠᠷ | ᠮᠥᠰᠥᠲᠦᠯᠭᠡ ᠡᠬᠢᠯᠡᠨ ᠬᠦᠢᠳᠡᠷᠡᠵᠦ ᠪᠠᠶᠢᠭᠰᠠᠨ ᠴᠦ ᠲᠦᠪ ᠠᠽᠢᠶ᠎ᠠ᠂ ᠮᠣᠩᠭᠤᠯ ᠣᠷᠣᠨ ᠤ ᠨᠣᠳᠤᠭ ᠲᠤ | ᠢᠯᠠᠩᠭᠤᠶ᠎ᠠ ᠲᠦᠪ᠂ ᠡᠮᠣᠨᠡᠳᠣ᠂ ᠳᠤᠷᠤᠨᠠᠲᠤ ᠬᠡᠰᠡᠭ ᠲᠤ ᠬᠠᠷᠢᠴᠠᠩᠭᠤᠢ ᠶᠡᠭᠡ ᠴᠢᠭᠢᠭᠯᠢᠭ᠂ ᠵᠦᠭᠡᠯᠡᠨ ᠳᠣᠯᠠᠭᠠᠨ | ᠠᠭᠤᠷ ᠠᠮᠢᠰᠬᠤᠯ ᠲᠠᠢ᠂ ᠣᠰᠤ ᠭᠤᠣᠯ ᠡᠯᠪᠡᠭ ᠲᠠᠢ᠂ ᠮᠣᠳᠣ ᠤᠷᠭᠤᠮᠠᠯ ᠢᠶᠠᠷ ᠪᠠᠶᠠᠯᠢᠭ ᠪᠠᠶᠢᠭᠰᠠᠨ ᠪᠣᠯᠣᠯᠲᠠᠢ᠃ | ᠲᠡᠶᠢᠮᠦ ᠠᠴᠠ ᠲᠡᠷᠡ ᠦᠶ᠎ᠡ ᠶᠢᠨ ᠬᠦᠮᠦᠨ ᠰᠦᠷᠦᠭ ᠪᠠᠶᠢᠭᠠᠯᠢ᠂ ᠴᠠᠭ ᠠᠭᠤᠷ ᠤᠨ ᠲᠠᠭᠠᠲᠠᠢ ᠨᠦᠬᠦᠴᠡᠯ ᠳᠤ | ᠠᠮᠢᠳᠤᠷᠠᠵᠤ ᠪᠠᠶᠢᠭᠰᠠᠨ ᠲᠤᠮᠤ ᠪᠡᠶᠡᠲᠡᠢ ᠪᠣᠯᠬᠢ ᠬᠦᠳᠡᠯᠭᠡᠭᠡᠨᠲᠤ ᠠᠮᠢᠲᠠᠳ ᠢ ᠬᠦᠴᠦ ᠬᠠᠪᠰᠤᠷᠤᠨ ᠠᠩᠨᠠᠵᠤ᠂ | ᠲᠡᠭᠦᠵᠤ ᠴᠣᠭᠯᠠᠭᠤᠯᠣᠭᠰᠠᠨ ᠣᠷᠭᠤᠮᠠᠯ ᠵᠢᠮᠢᠰ ᠢᠶᠠᠷ ᠬᠦᠨᠡᠰᠦᠨ ᠤ ᠪᠠᠨ ᠬᠡᠷᠡᠭᠴᠡᠭᠡ ᠶᠢ ᠬᠠᠩᠭᠠᠵᠤ ᠪᠠᠶᠢᠵᠠᠢ᠃ | ᠲᠡᠷᠡ ᠦᠶ᠎ᠡ ᠶᠢᠨ ᠬᠦᠮᠦᠰ ᠠᠷᠢᠶᠠᠲᠠᠨ ᠠᠮᠢᠲᠠᠨ᠂ ᠬᠠᠯᠠᠭᠤᠨ ᠬᠦᠢᠲᠡᠨ᠂ ᠰᠠᠯᠬᠢ ᠰᠢᠭᠤᠷᠭ᠎ᠠ ᠭᠡᠬᠦ ᠮᠡᠳᠦ ᠪᠠᠶᠢᠭᠠᠯᠢ | ᠂ ᠴᠠᠭ ᠠᠭᠤᠷ ᠤᠨ ᠥᠭᠡᠷᠡᠴᠢᠯᠡᠯᠲᠡ ᠶᠢᠨ ᠡᠯᠳᠡᠪ ᠨᠦᠯᠦᠭᠡᠨ ᠠᠴᠠ ᠦᠪᠡᠷᠰᠡᠳ ᠢ ᠪᠠᠨ ᠬᠠᠮᠠᠭᠠᠯᠠᠬᠤ ᠳᠠᠭᠠᠨ | ᠬᠠᠳᠠ ᠴᠣᠬᠢᠶᠠᠨ ᠤ ᠨᠦᠮᠦᠷᠢ᠂ ᠠᠭᠤᠢ ᠬᠤᠩᠭᠢᠯ᠂ ᠵᠢᠯᠠᠭ᠎ᠠ ᠭᠤᠣ ᠵᠡᠷᠭᠡ ᠪᠠᠶᠢᠭᠠᠯᠢ ᠶᠢᠨ ᠲᠤᠭᠳᠠᠴᠠ ᠶᠢ | ᠠᠰᠢᠭᠯᠠᠵᠦ ᠪᠠᠶᠢᠭᠰᠠᠨ ᠤ ᠬᠡᠷᠡᠴᠢ ᠪᠤᠯᠬᠤ ᠪᠠᠭᠤᠴᠠ᠂ ᠳᠠᠷᠬᠠᠨ ᠤ ᠭᠠᠵᠠᠷ ᠤᠨ ᠦᠯᠡᠳᠡᠭᠳᠡᠯ ᠮᠠᠨ ᠤ ᠣᠷᠣᠨ ᠤ | ᠡᠮᠣᠨᠡᠳᠣ ᠬᠡᠰᠢᠭ ᠢᠶᠠᠷ ᠡᠯᠪᠡᠭ ᠣᠯᠳᠠᠳᠠᠭ᠃ ᠲᠣᠬᠠᠶᠢᠯᠠᠪᠠᠯ᠂ ᠪᠠᠶᠠᠨᠬᠤᠩᠭᠤᠷ ᠠᠶᠢᠮᠠᠭ ᠤᠨ ᠪᠠᠶᠠᠨᠯᠢᠭ ᠰᠤᠮᠤ ᠶᠢᠨ | ᠨᠣᠳᠤᠭ ᠲᠤ ᠣᠷᠣᠰᠢᠬᠤ ᠴᠠᠭᠠᠨ ᠠᠭᠤᠢ᠂ ᠳᠤᠮᠳᠠᠭᠤᠪᠢ ᠠᠶᠢᠮᠠᠭ ᠤᠨ ᠥᠨᠳᠥᠷ ᠰᠢᠯᠢ᠂ ᠭᠤᠷᠪᠠᠨ ᠰᠠᠶᠢᠬᠠᠨ | ᠰᠤᠮᠤ ᠶᠢᠨ ᠵᠠᠭᠠᠭ ᠲᠤ ᠣᠷᠣᠰᠢᠬᠤ ᠶᠠᠷᠬᠠ ᠠᠭᠤᠯᠠ ᠵᠡᠷᠭᠡ ᠭᠠᠵᠠᠷ ᠢ ᠳᠤᠷᠠᠳᠴᠤ ᠪᠤᠯᠬᠤ ᠪᠠ ᠲᠡᠳᠡᠭᠡᠷ ᠭᠠᠵᠠᠷ | ᠤᠳ ᠠᠴᠠ ᠣᠯᠳᠠᠭᠰᠠᠨ ᠴᠢᠯᠠᠭᠤᠨ ᠵᠡᠪᠰᠡᠭ ᠤᠨ ᠵᠦᠢᠯ ᠢ ᠮᠣᠩᠭᠤᠯ ᠤᠯᠤᠰ ᠤᠨ ᠲᠥᠷᠥ ᠶᠢᠨ ᠮᠦᠽᠧᠢ ᠶᠢᠨ | ᠦᠵᠡᠮᠦᠷᠢ ᠠᠴᠠ ᠦᠵᠡᠵᠦ ᠰᠣᠨᠢᠷᠬᠠᠬᠤ ᠪᠤᠯᠤᠮᠵᠢᠲᠠᠢ ᠶᠤᠮ᠃ | ᠡᠨᠡ ᠦᠶ᠎ᠡ ᠶᠢᠨ ᠵᠡᠪᠰᠡᠭ ᠪᠠᠭᠠᠵᠢ ᠶᠢᠨ ᠣᠨᠴᠠᠯᠢᠭ ᠨᠢ ᠭᠤᠣᠯ ᠲᠦᠯᠦᠪ ᠴᠢᠯᠠᠭᠤ ᠶᠢ ᠨᠢᠭᠡ ᠪᠠ ᠬᠤᠶᠠᠷ ᠲᠠᠯ ᠠ᠋ | ᠠᠴᠠ ᠬᠡᠯᠲᠡᠴᠢᠨ ᠴᠤᠬᠢᠵᠤ ᠢᠷ ᠭᠠᠷᠭᠠᠭᠰᠠᠨ ᠪᠠᠶᠢᠬᠤ ᠪᠦᠭᠡᠳ ᠣᠪᠣᠷ ᠬᠡᠮᠵᠢᠶ᠎ᠠ ᠪᠠᠷ ᠲᠤᠮᠤ ᠪᠠᠶᠢᠳᠠᠭ᠃ ᠬᠦᠮᠦᠨ | ᠤ ᠬᠦᠭᠵᠢᠯ ᠳᠤ ᠭᠠᠷᠤᠭᠰᠠᠨ ᠭᠤᠣᠯ ᠳᠡᠪᠰᠢᠯ ᠪᠤᠯᠬᠤ ᠠᠪᠢᠶᠠᠨ ᠤ ᠬᠡᠯᠡ ᠬᠠᠭᠤᠴᠢᠨ ᠴᠢᠯᠠᠭᠤᠨ ᠵᠡᠪᠰᠡᠭ ᠤᠨ | ᠳᠣᠣᠷᠠᠳᠣ ᠱᠠᠲᠤᠨ ᠳᠤ ᠪᠤᠢ ᠪᠤᠯᠤᠭᠰᠠᠨ ᠶᠤᠮ᠃ ᠮᠣᠩᠭᠤᠯ ᠣᠷᠣᠨ ᠤ ᠬᠠᠭᠤᠴᠢᠨ ᠴᠢᠯᠠᠭᠤᠨ ᠵᠡᠪᠰᠡᠭ ᠤᠨ | ᠳᠤᠮᠳᠠ ᠱᠠᠲᠣ ᠨᠢ 100000 — 40000 ᠵᠢᠯ ᠤᠨ ᠡᠮᠦᠨᠡᠬᠢ ᠦᠶ᠎ᠡ ᠶᠢ ᠬᠠᠮᠤᠷᠳᠠᠭ ᠶᠤᠮ᠃ ᠡᠨᠡ ᠦᠶ᠎ᠡ ᠳᠤ | ᠲᠡᠯᠡᠬᠡᠢ ᠶᠢᠨ ᠬᠤᠶᠢᠳᠦ ᠬᠠᠭᠠᠰ ᠢ ᠬᠠᠮᠣᠷᠠᠭᠰᠠᠨ ᠶᠡᠭᠡ ᠮᠥᠰᠥᠲᠦᠯᠭᠡ ᠪᠤᠯᠵᠤ ᠴᠠᠭ ᠠᠭᠠᠷ ᠡᠷᠡᠰ ᠬᠦᠢᠲᠡᠷᠡᠭᠰᠡᠨ ᠨᠢ | ᠠᠮᠢᠳᠠᠨ ᠪ᠊ ᠠᠶᠢᠮᠠᠭ᠂ ᠬᠦᠮᠦᠨ ᠤ ᠪᠡᠶ᠎ᠡ ᠪᠢᠯᠳᠠᠷ᠂ ᠠᠮᠢᠳᠣᠷᠠᠬᠤ ᠣᠷᠴᠢᠨ ᠨᠦᠭᠦᠴᠡᠯ ᠢ ᠡᠷᠡᠰ ᠥᠭᠡᠷᠡᠴᠢᠯᠡᠵᠡᠢ᠃ | ᠬᠦᠮᠦᠰ ᠣᠷᠢᠳᠦ ᠨᠢ ᠪᠠᠶᠢᠭᠠᠯᠢ ᠶᠢᠨ ᠪᠡᠯᠡᠨ ᠲᠤᠭᠲᠠᠴᠠ ᠪᠤᠯᠬᠤ ᠠᠭᠤᠢ ᠬᠤᠩᠭᠢᠯ᠂ ᠬᠠᠳᠠᠨ ᠤ ᠨᠦᠮᠦᠷᠢ | ᠨᠥᠭᠡᠯᠭᠡ ᠶᠢ ᠭᠠᠳᠠᠨ᠋ ᠠ᠋ ᠶᠢᠨ ᠨᠦᠯᠦᠭᠡᠨ ᠠᠴᠠ ᠬᠠᠮᠠᠭᠠᠯᠠᠬᠤ ᠳᠤ ᠠᠰᠢᠭᠯᠠᠳᠠᠭ ᠪᠠᠶᠢᠭᠰᠠᠨ ᠪᠤᠯ ᠠᠭᠠᠵᠢᠮ ᠳᠠᠭᠠᠨ | ᠦᠪᠡᠷᠰᠡᠳ ᠢᠶᠠᠨ ᠴᠢᠯᠠᠭᠤ᠂ ᠮᠤᠳᠤ ᠪᠠᠷ ᠬᠠᠨ᠎ᠠ ᠪᠣᠰᠬᠠᠨ ᠣᠷᠣᠮᠵᠢ ᠪᠦᠲᠦᠭᠡᠨ᠂ ᠪᠡᠶ᠎ᠡ ᠬᠠᠯᠬᠠᠯᠠᠬᠤ ᠪᠣᠯᠬᠢ ᠬᠢᠴᠡ | ᠲᠠᠢ ᠡᠮᠤᠰᠬᠡᠯ ᠬᠢᠵᠦ ᠡᠮᠦᠰᠬᠦ ᠪᠣᠯᠵᠠᠢ᠃ ᠮᠦᠨ ᠬᠦᠮᠦᠨ ᠤ ᠬᠦᠭᠵᠢᠯ ᠳᠤ ᠣᠯᠤᠭᠰᠠᠨ ᠲᠤᠮᠤᠬᠠᠨ ᠣᠯᠤᠯᠲᠠ ᠶᠢᠨ | ᠨᠢᠭᠡ ᠪᠤᠯ ᠭᠠᠯ ᠭᠠᠷᠭᠠᠵᠤ᠂ ᠬᠤᠭᠤᠯᠠ ᠬᠦᠨᠡᠰᠦ ᠪᠠᠨ ᠪᠤᠯᠭᠠᠵᠤ ᠢᠳᠡᠵᠦ᠂ ᠣᠣᠭᠤᠬᠤ ᠪᠤᠯᠤᠭᠰᠠᠨ ᠶᠠᠪᠣᠳᠠᠯ ᠶᠤᠮ | ᠃ ᠬᠠᠭᠤᠴᠢᠨ ᠴᠢᠯᠠᠭᠤᠨ ᠵᠡᠪᠰᠡᠭ ᠤᠨ ᠳᠣᠣᠷᠠᠳᠣ ᠱᠠᠲᠤᠨ ᠳᠤ ᠵᠦᠪᠬᠡᠨ ᠨᠢᠭᠡ ᠴᠢᠯᠠᠭᠤ ᠶᠢ ᠨᠦᠭᠦᠭᠡ ᠪᠠᠷ ᠨᠢ | ᠴᠤᠬᠢᠨ ᠪᠠᠭᠠᠵᠢ ᠵᠡᠪᠰᠡᠭ ᠬᠢᠬᠦ ᠭᠠᠭᠴᠠ ᠠᠷᠭ᠎ᠠ ᠵᠤᠩᠭᠢᠯᠡᠵᠤ ᠪᠠᠶᠢᠭᠰᠠᠨ ᠪᠤᠯ ᠡᠨᠡ ᠦᠶ᠎ᠡ ᠠᠴᠠ ᠴᠢᠯᠠᠭᠤ ᠶᠢ | ᠴᠤᠭᠤᠯᠤᠨ᠂ ᠴᠤᠭᠤᠯᠵᠤ ᠠᠪᠣᠭᠰᠠᠨ ᠬᠡᠰᠡᠭ ᠢᠶᠠᠨ ᠲᠠᠬᠢᠨ ᠡᠮᠲᠡᠴᠢᠨ ᠢᠷ ᠭᠠᠷᠭᠠᠨ ᠪᠠᠭᠠᠵᠢ ᠵᠡᠪᠰᠡᠭ ᠬᠢᠬᠦ ᠠᠷᠭ᠋ ᠠ᠋ | ᠶᠢ ᠪᠤᠢ ᠪᠤᠯᠭᠠᠵᠠᠢ᠃ ᠡᠨᠡ ᠦᠶ᠎ᠡ ᠶᠢᠨ ᠰᠤᠩᠭᠤᠳᠠᠭ ᠵᠡᠪᠰᠡᠭ ᠨᠢ ᠴᠢᠯᠠᠭᠤᠨ ᠠᠴᠠ ᠨᠢᠮᠭᠡᠨ ᠵᠠᠯᠲᠠᠰᠦ ᠴᠤᠭᠤᠯᠤᠨ | ᠠᠪᠴᠣ ᠲᠡᠭᠦᠨ ᠢ ᠪᠠᠨ ᠲᠠᠬᠢᠨ ᠢᠷᠯᠡᠨ ᠬᠢᠭᠰᠡᠨ ᠭᠤᠷᠪᠠᠯᠵᠢᠨ ᠬᠡᠯᠪᠡᠷᠢ ᠶᠢᠨ ᠮᠡᠰᠡ ᠪᠠ ᠬᠢᠩᠭᠠᠷ᠎ᠠ ᠵᠡᠪᠰᠡᠭ ᠤᠳ | ᠶᠤᠮ᠃ ᠴᠣᠬᠤᠮ ᠡᠨᠡ ᠯᠠ ᠦᠶ᠎ᠡ ᠠᠴᠠ ᠴᠢᠯᠠᠭᠤ ᠶᠢ ᠬᠤᠯᠠ ᠬᠦᠴᠦᠳᠡᠢ ᠰᠢᠳᠡᠬᠦ ᠶᠢᠨ ᠲᠤᠯᠠᠳᠠ ᠳᠡᠭᠦᠭᠦᠷ | ᠬᠡᠷᠡᠭᠯᠡᠳᠡᠭ ᠳᠡᠪᠰᠢᠯᠲᠡᠲᠦ ᠠᠷᠭ᠋ ᠠ᠋ ᠶᠢ ᠰᠡᠳᠤᠵᠦ ᠣᠯᠵᠠᠢ᠃ ᠡᠳᠡᠭᠡᠷ ᠵᠡᠪᠰᠡᠭ ᠠᠴᠠ ᠭᠠᠳᠠᠨ᠎ᠠ ᠲᠤᠮᠤ ᠠᠮᠢᠳᠠᠳ ᠤᠨ | ᠬᠠᠪᠢᠷᠭ᠎ᠠ᠂ ᠡᠷᠡᠦ᠂ ᠴᠢᠮᠦᠭᠡ᠂ ᠳᠠᠯᠤᠨ ᠤ ᠶᠠᠰᠤ ᠪᠠᠷ ᠵᠡᠪᠰᠡᠭ ᠬᠢᠬᠦ ᠶᠠᠪᠣᠳᠠᠯ ᠲᠦᠭᠡᠮᠡᠯ ᠪᠠᠶᠢᠪᠠ᠃ | ᠬᠠᠭᠤᠴᠢᠨ ᠴᠢᠯᠠᠭᠤᠨ ᠵᠡᠪᠰᠡᠭ ᠤᠨ ᠳᠤᠮᠳᠠ ᠦᠶ᠎ᠡ ᠠᠴᠠ ᠴᠠᠬᠢᠭᠤᠷ ᠬᠠᠪᠢᠷᠬᠤ᠂ ᠮᠤᠳᠤ ᠶᠢ ᠬᠤᠭᠤᠷᠤᠨᠳᠦ ᠨᠢ | ᠦᠷᠡᠬᠦ ᠵᠡᠷᠭᠡ ᠠᠷᠭ᠋ ᠠ᠋ ᠪᠠᠷ ᠬᠦᠰᠡᠭᠰᠡᠨ ᠦᠶ᠎ᠡ ᠳᠡᠭᠡᠨ ᠭᠠᠯ ᠭᠠᠷᠭᠠᠬᠤ ᠪᠤᠯᠤᠭᠰᠠᠨ ᠨᠢ ᠬᠤᠭᠤᠯᠠ ᠬᠦᠨᠡᠰᠦ ᠪᠠᠨ | ᠪᠤᠯᠭᠠᠵᠤ ᠬᠡᠷᠡᠭᠯᠡᠬᠦ᠂ ᠣᠷᠤᠨ ᠰᠠᠭᠤᠴᠠ ᠳᠤᠯᠠᠭᠠᠴᠠᠭᠤᠯᠬᠤ᠂ ᠠᠷᠢᠶᠠᠲᠠᠨ ᠠᠮᠢᠳᠠᠨ ᠠᠴᠠ ᠦᠪᠡᠷᠰᠡᠳ ᠢ ᠪᠠᠨ | ᠬᠠᠮᠠᠭᠠᠯᠠᠬᠤ᠂ ᠮᠣᠳᠣᠨ ᠪᠠᠭᠠᠵᠢ ᠵᠡᠪᠰᠡᠭ ᠢ ᠰᠢᠲᠠᠭᠠᠵᠦ ᠦᠵᠦᠭᠦᠷᠯᠡᠬᠦ ᠵᠡᠷᠭᠡ ᠰᠢᠨ᠎ᠡ ᠠᠷᠭ᠎ᠠ ᠤᠳ ᠢ ᠪᠤᠢ ᠪᠣᠯᠭᠠᠬᠤ | ᠪᠤᠯᠤᠮᠵᠢ ᠶᠢ ᠪᠦᠷᠢᠳᠦᠭᠦᠯᠵᠡᠢ᠃ ᠬᠠᠭᠤᠴᠢᠨ ᠴᠢᠯᠠᠭᠤᠨ ᠵᠡᠪᠰᠡᠭ ᠤᠨ ᠲᠠᠷᠠᠭ᠋ ᠠ᠋ ᠶᠢᠨ ᠪᠤᠶᠤ ᠡᠴᠦᠰ ᠤᠨ ᠱᠠᠲᠣ ᠨᠢ | 40000 — 12000 ᠵᠢᠯ ᠤᠨ ᠡᠮᠦᠨᠡᠬᠢ ᠦᠶ᠎ᠡ ᠳᠤ ᠬᠤᠯᠪᠤᠭᠳᠠᠬᠤ ᠪᠦᠭᠡᠳ ᠠᠷᠾᠸᠣᠯᠣᠭᠢ ᠶᠢᠨ ᠰᠤᠳᠤᠯᠭᠠᠨ | ᠳᠤ ᠡᠨᠡ ᠱᠠᠲᠤ ᠶᠢ ᠲᠡᠭᠡᠳᠦ ᠫᠠᠯᠶᠤᠯᠲ ᠭᠡᠮᠡᠨ ᠨᠡᠷᠡᠯᠡᠳᠡᠭ᠃ ᠡᠨᠡ ᠦᠶᠡᠰ ᠮᠥᠰᠥᠲᠦᠯᠭᠡ ᠶᠢᠨ ᠬᠡᠮᠵᠢᠶ᠎ᠡ ᠪᠠᠭᠠᠰᠴᠤ | ᠢᠷᠡᠬᠦ ᠶᠢᠨ ᠵᠡᠷᠭᠡᠴᠡᠭᠡ ᠬᠦᠮᠦᠨ ᠤ ᠪᠡᠶ᠎ᠡ ᠪᠢᠯᠳᠠᠷ ᠡᠷᠡᠰ ᠥᠭᠡᠷᠡᠴᠢᠯᠡᠭᠳᠡᠵᠦ ᠣᠷᠴᠢᠨ ᠦᠶ᠎ᠡ ᠶᠢᠨ ᠬᠦᠮᠦᠨ ᠡᠭᠦᠰᠴᠠᠢ | ᠃ ᠬᠦᠮᠦᠨ ᠤ ᠣᠶᠣᠨ ᠣᠬᠠᠭᠠᠨ᠂ ᠲᠠᠷᠢᠬᠢᠨ ᠤ ᠬᠦᠭᠵᠢᠯ ᠨᠡᠮᠡᠭᠳᠡᠭᠦ ᠶᠢᠨ ᠬᠢᠷᠢ ᠢᠶᠠᠷ ᠵᠡᠪᠰᠡᠭ ᠪᠠᠭᠠᠵᠢ ᠬᠢᠬᠦ ᠠᠷᠭ᠎ᠠ | ᠣᠯᠠᠮ ᠪᠤᠯᠪᠠᠰᠤᠷᠠᠩᠭᠤᠢ ᠪᠤᠯᠵᠤ ᠴᠢᠯᠠᠭᠤ ᠶᠢ ᠵᠦᠪ ᠴᠤᠭᠤᠯᠤᠨ ᠲᠠᠬᠢᠨ ᠬᠤᠯᠲᠣᠴᠢᠨ ᠵᠠᠰᠠᠵᠦ ᠢᠷᠯᠡᠬᠦ᠂ ᠵᠠᠰᠠᠵᠤ | ᠶᠠᠩᠵᠤᠯᠠᠬᠤ ᠵᠡᠷᠭᠡ ᠪᠠᠷ ᠵᠡᠪᠰᠡᠭ ᠪᠠᠭᠠᠵᠢ ᠬᠢᠬᠦ ᠠᠷᠭ᠎ᠠ ᠪᠠᠨ ᠪᠤᠯᠪᠠᠰᠤᠷᠠᠩᠭᠤᠢ ᠪᠤᠯᠭᠠᠭᠰᠠᠭᠠᠷ ᠪᠠᠶᠢᠵᠠᠢ᠃ ᠮᠦᠨ | ᠵᠢᠵᠢᠭ ᠬᠤᠰᠤᠭᠤᠷ᠂ ᠭᠠᠷ ᠰᠦᠬᠡ ᠵᠡᠷᠭᠡ ᠵᠡᠪᠰᠡᠭ ᠤᠨ ᠲᠥᠷᠥᠯ ᠤᠳ ᠢ ᠰᠢᠨ᠋ ᠠ᠋ ᠪᠠᠷ ᠪᠤᠢ ᠪᠣᠯᠭᠠᠨ ᠵᠠᠷᠢᠮ ᠲᠦᠷᠦᠯ | ᠤᠨ ᠵᠢᠵᠢᠭ ᠪᠠᠭᠠᠵᠢ ᠵᠡᠪᠰᠡᠭ ᠤᠳ ᠲᠤ ᠮᠣᠳᠣ᠂ ᠶᠠᠰᠤ ᠪᠠᠷ ᠪᠠᠷᠢᠭᠤᠯ ᠬᠢᠬᠦ ᠪᠤᠯᠤᠭᠰᠠᠨ ᠨᠢ ᠵᠡᠪᠰᠡᠭ ᠤᠨ ᠴᠢᠨᠠᠷ ᠢ | ᠡᠷᠡᠰ ᠰᠠᠶᠢᠵᠢᠷᠠᠭᠤᠯᠤᠭᠰᠠᠨ ᠪᠠᠶᠢᠨ᠎ᠠ᠃ ᠮᠥᠰᠥᠲᠦᠯᠭᠡ ᠶᠢᠨ ᠲᠠᠷᠠᠭ᠎ᠠ ᠠᠰᠤᠷᠤ ᠶᠡᠭᠡ ᠬᠠᠭᠤᠷᠠᠢ ᠭᠠᠵᠠᠷ᠂ ᠦᠷᠡᠵᠢᠯ | ᠰᠢᠮᠡᠳᠦ ᠨᠣᠲᠤᠭ ᠮᠦᠰᠦᠨ ᠳᠤᠣᠷ᠎ᠠ ᠠᠴᠠ ᠢᠯᠡ ᠭᠠᠷᠴᠤ᠂ ᠲᠠᠰᠢ ᠨᠡᠭᠦᠳᠡᠯᠯᠡᠬᠦ ᠠᠩ ᠠᠮᠢᠲᠠᠨ᠂ ᠬᠦᠮᠦᠰ ᠤᠨ | ᠨᠡᠭᠦᠳᠡᠯ ᠢᠳᠡᠪᠬᠢᠵᠢᠭᠰᠡᠨ ᠪᠠᠶᠢᠨ᠎ᠠ᠃ ᠲᠦᠪ ᠠᠽᠢᠶ᠎ᠠ ᠠᠴᠠ ᠰᠢᠪᠧᠷᠢᠶ᠎ᠠ ᠪᠤᠯᠤᠨ ᠵᠡᠭᠦᠨ ᠬᠤᠶᠢᠳᠦ ᠠᠽᠢᠶ᠎ᠠ ᠶᠢᠨ | ᠨᠣᠳᠤᠭ ᠲᠤ ᠲᠠᠷᠬᠠᠨᠨ ᠣᠯᠠᠮ ᠢᠶᠠᠷ ᠪᠧᠷᠢᠩ ᠤᠨ ᠬᠤᠭᠤᠯᠠᠢ ᠪᠠᠷ ᠳᠠᠮᠵᠢᠨ ᠠᠮᠧᠷᠢᠺᠠ ᠲᠢᠪ ᠪᠤᠯᠤᠨ ᠵᠡᠭᠦᠨ ᠡᠮᠣᠨᠡᠳᠣ | ᠠᠽᠢᠶ᠎ᠠ ᠪᠠᠷ ᠳᠠᠮᠵᠢᠨ ᠠᠤᠰᠲᠷᠯᠢᠶᠠ ᠲᠢᠪ ᠣᠷᠤᠭᠤ ᠬᠦᠮᠦᠨ ᠨᠡᠪᠳᠡᠷᠴᠤ ᠡᠬᠢᠯᠡᠵᠠᠢ᠃ | ᠴᠠᠭ ᠠᠭᠠᠷ᠂ ᠭᠠᠵᠠᠷ ᠵᠦᠢ ᠶᠢᠨ ᠣᠷᠴᠢᠨ ᠨᠦᠬᠦᠴᠡᠯ ᠠᠴᠠ ᠰᠢᠯᠲᠠᠭᠠᠯᠠᠨ ᠬᠦᠮᠦᠰ ᠤᠨ ᠳᠤᠮᠳᠠ | ᠡᠸ᠋ᠷᠦ᠋ᠷᠦᠫᠡᠵᠢᠭᠦᠦ᠂ ᠮᠣᠩᠭᠤᠯᠵᠢᠭᠤ᠂ ᠨᠢᠭᠧᠷᠵᠢᠭᠦᠦ ᠭᠡᠰᠡᠨ ᠭᠤᠷᠪᠠᠨ ᠠᠷᠠᠰᠤᠲᠠᠨ ᠪᠤᠢ ᠪᠤᠯᠤᠭᠰᠠᠨ ᠶᠤᠮ᠃ | ᠬᠦᠮᠦᠰ ᠤᠨ ᠳᠤᠮᠳᠠ ᠠᠩᠬᠠᠨ ᠤ ᠪᠦᠯᠦᠭᠯᠡᠬᠦ ᠪᠠᠶᠢᠭᠤᠯᠣᠯ ᠤᠨ ᠬᠡᠯᠪᠡᠷᠢ ᠡᠭᠦᠰᠴᠣ ᠡᠬᠢᠯᠡᠭᠰᠡᠨ ᠪᠠ ᠰᠣᠳᠣᠯᠣᠭᠴᠢᠳ | ᠡᠭᠦᠨ ᠢ ᠣᠪᠤᠭ ᠤᠨ ᠪᠠᠶᠢᠭᠤᠯᠣᠯ ᠭᠡᠮᠡᠨ ᠨᠡᠷᠡᠯᠡᠳᠡᠭ᠃ ᠠᠩᠬᠠᠨ ᠤ ᠣᠪᠤᠭ ᠤᠨ ᠪᠠᠶᠢᠭᠤᠯᠣᠯ ᠨᠢ ᠡᠬᠡ ᠶᠢᠨ ᠡᠷᠬᠡᠲᠦ | ᠬᠡᠯᠪᠡᠷᠢᠲᠡᠢ ᠪᠠᠶᠢᠭᠰᠠᠨ ᠶᠤᠮ᠃ ᠣᠴᠢᠷ ᠨᠢ ᠪᠦᠯᠦᠭ ᠢᠶᠠᠷ ᠢᠶᠠᠨ ᠭᠡᠷ ᠪᠦᠯᠢ ᠪᠤᠯᠵᠤ ᠪᠠᠶᠢᠭᠰᠠᠨ ᠠᠴᠠ ᠬᠡᠣᠬᠡᠳ ᠤᠨ | ᠡᠴᠢᠬᠡ ᠶᠢ ᠲᠣᠭᠲᠠᠭᠠᠬᠤ ᠪᠤᠯᠤᠮᠵᠢ ᠦᠭᠡᠢ ᠶᠢᠨ ᠵᠡᠷᠭᠡᠴᠡᠭᠡ ᠣᠪᠤᠭ ᠤᠨ ᠭᠡᠷ ᠪᠦᠯᠢ ᠲᠤᠳᠤᠷ᠎ᠠ ᠡᠬᠡ ᠶᠢᠨ ᠡᠭᠦᠷᠭᠡ | ᠭᠤᠣᠯᠯᠠᠬᠤ ᠪᠠᠶᠢᠷᠢ ᠰᠠᠭᠤᠷᠢ ᠡᠵᠡᠯᠡᠵᠣ ᠪᠠᠶᠢᠭᠰᠠᠨ ᠨᠢ ᠡᠨᠡ ᠦᠶ᠎ᠡ ᠳᠤ ᠡᠬᠡ ᠶᠢᠨ ᠲᠠᠯ᠎ᠠ ᠶᠢ ᠪᠠᠷᠢᠮᠲᠠᠯᠠᠬᠤ ᠠᠴᠠ | ᠦᠭᠡᠷ᠎ᠡ ᠠᠷᠭ᠎ᠠ ᠦᠭᠡᠢ ᠪᠠᠶᠢᠵᠠᠢ᠃ ᠬᠠᠭᠤᠴᠢᠨ ᠴᠢᠯᠠᠭᠤᠨ ᠵᠡᠪᠰᠡᠭ ᠤᠨ ᠲᠡᠭᠡᠳᠦ ᠦᠶ᠎ᠡ ᠳᠤ ᠬᠤᠯᠪᠤᠭᠳᠠᠬᠤ | ᠪᠠᠭᠤᠴᠠ᠂ ᠰᠠᠭᠤᠷᠢᠨ᠂ ᠳᠤᠷᠠᠰᠬᠠᠯᠲᠤ ᠭᠠᠵᠠᠷ ᠤᠳ ᠮᠣᠩᠭᠤᠯ ᠣᠷᠣᠨ ᠤ ᠪᠠᠷᠤᠭ ᠪᠦᠬᠦ ᠨᠣᠲᠤᠭ ᠠᠴᠠ ᠢᠯᠡᠷᠡᠨ | ᠣᠯᠳᠠᠭᠰᠠᠨ ᠪᠠᠶᠢᠳᠠᠭ᠃ ᠡᠨᠡ ᠦᠶ᠎ᠡ ᠳᠤ ᠬᠠᠳᠠ ᠴᠢᠯᠠᠭᠤᠨ ᠲᠡᠭᠡᠷ᠎ᠡ ᠵᠢᠷᠤᠭ ᠵᠢᠷᠣᠬᠤ ᠠᠩᠬᠠᠨ ᠤ ᠬᠡᠯᠪᠡᠷᠢ | ᠨᠦᠭᠦᠳ ᠡᠭᠦᠰᠴᠠᠢ᠃ ᠬᠤᠪᠳᠣ ᠠᠶᠢᠮᠠᠭ ᠤᠨ ᠮᠠᠩᠬᠠᠨ ᠰᠤᠮᠤ ᠶᠢᠨ ᠨᠣᠳᠤᠭ ᠲᠤ ᠣᠷᠣᠰᠢᠬᠤ ᠬᠤᠶᠢᠳᠦ ᠴᠡᠩᠬᠡᠷ | ᠤᠨ ᠠᠭᠤᠢ ᠶᠢᠨ ᠬᠠᠨᠠᠨ ᠳᠤ ᠵᠢᠷᠣᠭᠰᠠᠨ ᠰᠦᠭ ᠵᠢᠷᠤᠭ ᠤᠳ᠂ ᠬᠡᠨᠲᠠᠢ ᠠᠶᠢᠮᠠᠭ ᠤᠨ ᠪᠢᠨᠳᠠᠷᠢᠶ᠎ᠠ ᠰᠤᠮᠤ ᠶᠢᠨ | ᠨᠣᠳᠤᠭ ᠲᠤ ᠣᠷᠣᠰᠢᠬᠤ ᠷᠠᠰᠢᠶᠠᠨ ᠬᠠᠳᠠᠨ ᠤ ᠵᠢᠷᠤᠭ ᠤᠳ ᠨᠢ ᠲᠡᠭᠡᠳᠦ ᠫᠠᠯᠶᠤᠯᠲ ᠶᠢᠨ ᠬᠦᠮᠦᠨ ᠤ ᠪᠦᠲᠦᠭᠡᠭᠰᠡᠨ | ᠣᠷᠠᠯᠢᠭ ᠤᠨ ᠪᠦᠲᠦᠭᠡᠯ ᠤᠳ ᠶᠤᠮ᠃ | 2. ᠳᠤᠮᠳᠠ ᠴᠢᠯᠠᠭᠤᠨ ᠵᠡᠪᠰᠡᠭ ᠤᠨ ᠦᠶ᠎ᠡ | ᠡᠷᠲᠡᠨ ᠤ ᠬᠦᠮᠦᠰ ᠬᠠᠭᠤᠴᠢᠨ ᠴᠢᠯᠠᠭᠤᠨ ᠵᠡᠪᠰᠡᠭ ᠠᠴᠠ ᠰᠢᠨ᠎ᠡ ᠴᠢᠯᠠᠭᠤᠨ ᠵᠡᠪᠰᠡᠭ ᠬᠡᠮᠡᠬᠦ ᠬᠦᠭᠵᠢᠯ ᠤᠨ ᠲᠠᠷᠠᠭ᠋ | ᠠ᠋ ᠶᠢᠨ ᠱᠠᠲᠤᠨ ᠳᠤ ᠰᠢᠯᠵᠢᠬᠦ ᠳᠡᠭᠡᠨ ᠵᠠᠪᠰᠠᠷ ᠤᠨ ᠦᠶ᠎ᠡ ᠪᠤᠯᠬᠤ ᠳᠤᠮᠳᠠ ᠴᠢᠯᠠᠭᠤᠨ ᠵᠡᠪᠰᠡᠭ ᠪᠤᠶᠤ ᠮᠧᠽᠥᠯᠢᠲ | ᠤᠨ ᠦᠶ᠎ᠡ ᠶᠢ ᠳᠠᠮᠵᠢᠵᠠᠢ᠃ ᠮᠣᠩᠭᠤᠯ ᠣᠷᠣᠨ ᠤ ᠬᠤᠪᠢ ᠳᠤ ᠳᠤᠮᠳᠠ ᠴᠢᠯᠠᠭᠤᠨ ᠵᠡᠪᠰᠡᠭ ᠤᠨ ᠦᠶ᠎ᠡ ᠶᠢ | 12000 — 8000 ᠣᠷᠴᠢᠮ ᠵᠢᠯ ᠤᠨ ᠲᠡᠷᠲᠡᠭᠡ ᠳᠠᠮᠵᠢᠨ ᠦᠩᠭᠡᠷᠡᠭᠦᠯᠦᠭᠰᠡᠨ ᠭᠡᠮᠡᠨ ᠦᠵᠡᠳᠡᠭ ᠪᠢᠯᠡ᠃ ᠡᠨᠡ | ᠦᠶ᠎ᠡ ᠳᠤ ᠮᠥᠰᠥᠲᠦᠯᠭᠡ ᠪᠦᠷᠢᠨ ᠳᠠᠭᠤᠰᠴᠤ ᠮᠦᠰᠦᠨ ᠬᠤᠷᠠᠳᠠᠰᠦ ᠬᠠᠶᠢᠯᠤᠨ ᠲᠠᠯ᠎ᠠ ᠬᠦᠨᠳᠡᠢ ᠣᠷᠣᠭᠤ ᠪᠠᠭᠤᠵᠤ᠂ | ᠳᠠᠯᠠᠢ ᠲᠠᠩᠭᠢᠰ ᠪᠤᠯᠤᠨ ᠲᠤᠮᠤᠬᠠᠨ ᠭᠤᠣᠯ ᠮᠥᠷᠡᠨ ᠨᠦᠭᠦᠳ᠂ ᠮᠠᠨ ᠤ ᠣᠷᠣᠨ ᠤ ᠬᠤᠪᠢ ᠳᠤ ᠪᠤᠯ ᠣᠨᠣᠨ᠂ | ᠬᠡᠷᠦᠯᠦᠨ᠂ ᠲᠤᠣᠯᠠ᠂ ᠰᠡᠯᠡᠩᠭᠡ᠂ ᠣᠷᠬᠤᠨ ᠵᠡᠷᠭᠡ ᠭᠤᠣᠯ ᠤᠳ ᠡᠭᠦᠰᠴᠣ᠂ ᠦᠨᠳᠦᠰᠦᠨ ᠳᠡᠭᠡᠨ ᠣᠳᠤ ᠶᠢᠨ | ᠣᠷᠤᠰᠬᠠᠯ ᠤᠨ ᠭᠤᠷᠢᠮ ᠢᠶᠠᠨ ᠣᠯᠤᠭᠰᠠᠨ ᠪᠠᠶᠢᠨ᠎ᠠ᠃ | ᠴᠠᠭ ᠠᠭᠤᠷ ᠤᠨ ᠦᠭᠡᠷᠡᠴᠢᠯᠡᠯᠲᠡ ᠬᠤᠪᠢᠷᠠᠯᠲᠠ ᠶᠢᠨ ᠣᠯᠠᠮ ᠠᠴᠠ ᠠᠮᠢᠳᠠᠨ ᠪ᠊ ᠠᠶᠢᠮᠠᠭ ᠲᠤ ᠦᠭᠡᠷᠡᠴᠢᠯᠡᠯᠲᠡ | ᠣᠷᠤᠵᠤ ᠠᠷᠰᠯᠠᠨ ᠵᠠᠭᠠᠨ᠂ ᠰᠠᠪᠠᠭᠲᠦ ᠬᠢᠷᠰᠠ ᠮᠡᠳᠦ ᠶᠢᠨ ᠬᠦᠢᠲᠡᠨ ᠳᠤ ᠲᠡᠰᠪᠦᠷᠢᠳᠡᠢ ᠲᠤᠮᠤ ᠪᠡᠶᠡᠲᠡᠢ ᠪᠣᠯᠬᠢ | ᠠᠮᠢᠲᠠᠳ ᠣᠰᠠᠲᠣᠨ ᠣᠷᠤᠨ ᠳᠤᠨᠢ ᠬᠤᠷᠳᠣᠨ ᠬᠦᠳᠡᠯᠭᠡᠭᠡᠨᠲᠤ ᠠᠮᠢᠲᠠᠳ ᠪᠤᠢ ᠪᠤᠯᠤᠭᠰᠠᠨ ᠨᠢ ᠠᠩ ᠭᠥᠷᠥᠭᠡᠨ ᠤ | ᠰᠢᠨ᠎ᠡ ᠵᠡᠪᠰᠡᠭ ᠪᠠᠭᠠᠵᠢ᠂ ᠠᠷᠭ᠎ᠠ ᠪᠠᠷᠢᠯ ᠱᠠᠭᠠᠷᠳᠠᠬᠤ ᠪᠣᠯᠵᠠᠢ᠃ ᠳᠤᠮᠳᠠ ᠴᠢᠯᠠᠭᠤᠨ ᠵᠡᠪᠰᠡᠭ ᠤᠨ ᠦᠶ᠎ᠡ ᠳᠤ | ᠭᠠᠷᠤᠭᠰᠠᠨ ᠲᠤᠮᠤᠬᠠᠨ ᠳᠡᠪᠰᠢᠯ ᠨᠢ ᠬᠦᠮᠦᠰ ᠮᠤᠳᠤᠨ ᠤ ᠣᠶᠠᠨ ᠬᠠᠳᠠᠨ ᠴᠢᠨᠠᠷ ᠢ ᠲᠠᠨᠢᠵᠣ᠂ ᠲᠡᠷᠡᠬᠦ ᠴᠢᠨᠠᠷ ᠲᠤ | ᠲᠣᠯᠭᠤᠷᠢᠯᠠᠨ ᠨᠣᠮᠤ ᠰᠤᠮᠤ ᠶᠢ ᠰᠡᠳᠦᠨ ᠪᠦᠲᠦᠭᠡᠭᠰᠡᠨ ᠭᠡᠵᠦ ᠦᠵᠡᠳᠡᠭ᠃ ᠡᠨᠡ ᠦᠶ᠎ᠡ ᠳᠤ ᠬᠤᠯᠪᠤᠭᠳᠠᠬᠤ ᠨᠣᠮᠤ | ᠰᠤᠮᠤ ᠶᠢᠨ ᠴᠢᠯᠠᠭᠤᠨ ᠵᠡᠪᠡ ᠨᠦᠭᠦᠳ ᠲᠤᠰ ᠮᠦᠽᠧᠢ ᠶᠢᠨ ᠦᠵᠡᠮᠦᠷᠢ ᠳᠤ ᠪᠤᠢ ᠶᠢ ᠦᠵᠡᠵᠦ ᠰᠣᠨᠢᠷᠬᠠᠵᠣ | ᠪᠤᠯᠤᠨ᠎ᠠ᠃ | ᠬᠦᠮᠦᠰ ᠪᠠᠶᠢᠭᠠᠯᠢ ᠶᠢᠨ ᠵᠠᠷᠢᠮ ᠨᠢᠭᠡ ᠨᠢᠭᠤᠴᠠ ᠶᠢ ᠲᠠᠨᠢᠨ ᠮᠡᠳᠡᠵᠦ᠂ ᠵᠦᠪᠬᠡᠨ ᠪᠡᠯᠡᠨ ᠵᠦᠢᠯᠡᠰ ᠢ ᠲᠡᠭᠦᠵᠤ | ᠴᠣᠭᠯᠠᠭᠤᠯᠣᠨ ᠬᠡᠷᠡᠭᠴᠡᠭᠡ ᠪᠠᠨ ᠬᠠᠩᠭᠠᠭᠰᠠᠨ ᠢᠶᠠᠷ ᠬᠢᠵᠠᠭᠠᠷᠯᠠᠭᠳᠠᠬᠤ ᠪᠠᠨ ᠨᠢᠭᠡᠨᠲᠡ ᠪᠤᠯᠢᠵᠤ ᠭᠠᠵᠠᠷ ᠲᠠᠷᠢᠶᠠᠯᠠᠩ | ᠡᠷᠬᠢᠯᠡᠬᠦ᠂ ᠠᠩ ᠠᠮᠢᠲᠠᠨ ᠭᠠᠷᠰᠢᠭᠤᠯᠬᠤ ᠣᠷᠤᠯᠳᠤᠯᠭ᠎ᠠ ᠬᠢᠵᠦ ᠡᠬᠢᠯᠡᠵᠠᠢ᠃ ᠡᠨᠡ ᠦᠶ᠎ᠡ ᠳᠤ ᠠᠩᠬᠠᠨ ᠤ ᠭᠡᠷ ᠤᠨ | ᠲᠡᠵᠢᠭᠡᠪᠦᠷᠢ ᠠᠮᠢᠲᠠᠨ ᠪᠤᠯᠬᠤ ᠨᠣᠬᠠᠢ ᠶᠢ ᠭᠠᠷᠰᠢᠭᠤᠯᠤᠭᠰᠠᠨ ᠶᠤᠮ᠃ | 3. ᠰᠢᠨ᠎ᠡ ᠴᠢᠯᠠᠭᠤᠨ ᠵᠡᠪᠰᠡᠭ ᠤᠨ ᠦᠶ᠎ᠡ | ᠰᠢᠨ᠎ᠡ ᠴᠢᠯᠠᠭᠤᠨ ᠵᠡᠪᠰᠡᠭ ᠤᠨ ᠦᠶ᠎ᠡ ᠪᠤᠶᠤ ᠨᠸᠣᠯᠢᠲ ᠨᠢ ᠴᠢᠯᠠᠭᠤᠨ ᠪᠠᠭᠠᠵᠢ ᠵᠡᠪᠰᠡᠭ ᠤᠨ ᠬᠦᠭᠵᠢᠯ ᠤᠨ ᠰᠢᠨ᠎ᠡ | ᠲᠡᠭᠡᠳᠦ ᠪᠦᠭᠡᠳ ᠲᠡᠭᠦᠰᠭᠡᠯ ᠤᠨ ᠱᠠᠲᠣ ᠶᠤᠮ᠃ ᠮᠠᠨ ᠤ ᠣᠷᠣᠨ ᠤ ᠬᠤᠪᠢ ᠳᠤ ᠡᠨᠡ ᠦᠶ᠎ᠡ ᠶᠢ 8000 ᠵᠢᠯ ᠤᠨ | ᠲᠡᠷᠲᠡᠭᠡ ᠠᠴᠠ ᠡᠬᠢᠯᠡᠭᠰᠡᠨ ᠭᠡᠵᠦ ᠦᠵᠡᠳᠡᠭ ᠪᠠ ᠲᠡᠭᠦᠰᠭᠡᠯ ᠨᠢ ᠭᠠᠵᠠᠷ ᠪᠦᠷᠢ ᠳᠤ ᠬᠠᠷᠢᠯᠴᠠᠨ ᠠᠳᠠᠯᠢ ᠦᠭᠡᠢ | ᠪᠤᠯᠪᠠᠴᠤ 4000 ᠵᠢᠯ ᠤᠨ ᠡᠮᠦᠨ᠎ᠡ ᠠᠴᠠ ᠲᠡᠮᠦᠷᠯᠢᠭ ᠢ ᠬᠡᠷᠡᠭᠯᠡᠬᠦ ᠪᠣᠯᠣᠭᠰᠠᠨ ᠢᠶᠠᠷ ᠡᠨᠡ ᠦᠶ᠎ᠡ ᠳᠠᠭᠤᠰᠪᠤᠷᠢ | ᠪᠣᠯᠵᠠᠢ᠃ ᠰᠢᠨ᠎ᠡ ᠴᠢᠯᠠᠭᠤᠨ ᠵᠡᠪᠰᠡᠭ ᠤᠨ ᠦᠶ᠎ᠡ ᠡᠮᠦᠨᠡᠬᠢ ᠦᠶ᠎ᠡ ᠠᠴᠠ ᠢᠯᠭᠠᠷᠠᠬᠤ ᠭᠤᠣᠯ ᠣᠨᠴᠠᠯᠢᠭ ᠨᠢ | ᠬᠦᠮᠦᠰ ᠪᠠᠶᠢᠭᠠᠯᠢ ᠶᠢᠨ ᠪᠡᠯᠡᠨ ᠪᠦᠲᠦᠭᠡᠭᠳᠡᠬᠦᠨ ᠢ ᠠᠪᠴᠣ ᠬᠡᠷᠡᠭᠯᠡᠬᠦ ᠠᠴᠠ ᠪᠠᠨ ᠢᠯᠡᠭᠦᠦ ᠦᠪᠡᠷ ᠤᠨ ᠬᠡᠷᠡᠭᠴᠡᠭᠡ | ᠶᠢ ᠦᠪᠡᠷᠰᠡᠳ ᠢᠶᠠᠨ ᠪᠤᠢ ᠪᠤᠯᠭᠠᠭᠰᠠᠨ ᠵᠦᠢᠯ ᠢᠶᠠᠷ ᠬᠠᠩᠭᠠᠬᠤ ᠪᠤᠯᠤᠭᠰᠠᠨ ᠳᠤ ᠣᠷᠤᠰᠢᠨ᠎ᠠ᠃ ᠡᠨᠡ ᠦᠶ᠎ᠡ ᠶᠢᠨ | ᠬᠦᠮᠦᠰ ᠤᠨ ᠵᠡᠪᠰᠡᠭ ᠳᠠᠷᠬᠠᠯᠠᠬᠤ ᠠᠷᠭ᠎ᠠ ᠲᠤᠷᠰᠢᠯᠭ᠎ᠠ ᠨᠢ ᠣᠯᠠᠮ ᠪᠤᠯᠪᠠᠰᠤᠷᠠᠩᠭᠤᠢ ᠪᠤᠯᠵᠤ ᠴᠢᠯᠠᠭᠤ ᠵᠦᠯᠭᠦᠵᠦ | ᠥᠩᠭᠡᠯᠡᠬᠦ᠂ ᠥᠷᠥᠮᠳᠡᠵᠦ ᠨᠦᠬᠡᠯᠡᠬᠦ ᠵᠡᠷᠭᠡ ᠪᠠᠷ ᠦᠵᠡᠮᠵᠢᠲᠡᠢ᠂ ᠲᠤᠳᠤᠷᠬᠠᠢ ᠵᠤᠷᠢᠭᠤᠯᠤᠯᠳᠠ ᠲᠠᠢ ᠵᠡᠪᠰᠡᠭ ᠪᠠᠭᠠᠵᠢ | ᠬᠢᠵᠦ ᠴᠢᠳᠠᠳᠠᠭ ᠪᠤᠯᠤᠭᠰᠠᠨ ᠪᠠᠶᠢᠨ᠎ᠠ᠃ | ᠡᠨᠡ ᠦᠶ᠎ᠡ ᠶᠢᠨ ᠲᠡᠭᠦᠰᠭᠡᠯ ᠦᠶ᠎ᠡ ᠳᠤ ᠬᠦᠮᠦᠰ ᠰᠢᠪᠠᠷ ᠰᠠᠪᠠ ᠰᠠᠭᠤᠯᠭ᠎ᠠ ᠬᠢᠬᠦ ᠠᠷᠭ᠎ᠠ ᠣᠬᠠᠭᠠᠨ ᠢ ᠡᠵᠡᠮᠰᠢᠵᠦ | ᠴᠢᠳᠠᠭᠰᠠᠨ ᠨᠢ ᠬᠡᠷᠡᠭᠴᠡᠭᠡᠨ ᠤ ᠪᠠᠨ ᠬᠦᠨᠡᠰᠦ ᠶᠢᠨ ᠵᠦᠢᠯᠡᠰ ᠢ ᠬᠠᠳᠠᠭᠠᠯᠠᠬᠤ᠂ ᠬᠤᠭᠤᠯᠠ ᠬᠦᠨᠡᠰᠦ ᠪᠠᠨ ᠪᠤᠯᠭᠠᠵᠤ᠂ | ᠪᠤᠴᠠᠯᠭᠠᠵᠦ ᠢᠳᠡᠬᠦ ᠪᠤᠯᠤᠮᠵᠢ ᠶᠢ ᠣᠯᠭᠤᠵᠠᠢ᠃ ᠰᠢᠨ᠎ᠡ ᠴᠢᠯᠠᠭᠤᠨ ᠵᠡᠪᠰᠡᠭ ᠤᠨ ᠦᠶ᠎ᠡ ᠳᠤ ᠬᠦᠮᠦᠰ ᠬᠠᠰᠢ᠂ | ᠬᠡᠭᠡᠷ᠎ᠡ ᠶᠢᠨ ᠵᠣᠩᠰᠢ᠂ ᠮᠠᠨ᠎ᠠ᠂ ᠴᠠᠬᠢᠭᠤᠷ ᠴᠢᠯᠠᠭᠤ ᠵᠡᠷᠭᠡ ᠶᠠᠩᠵᠦ ᠪᠦᠷᠢ ᠶᠢᠨ ᠬᠠᠳᠠᠭᠤ ᠴᠢᠯᠠᠭᠤ ᠪᠠᠷ ᠪᠠᠭᠠᠵᠢ | ᠵᠡᠪᠰᠡᠭ ᠬᠢᠬᠦ ᠪᠣᠯᠣᠭᠰᠠᠨ ᠢᠶᠠᠷ ᠪᠠᠭᠠᠵᠢ ᠵᠡᠪᠰᠡᠭ ᠨᠢ ᠬᠤᠷᠴᠠ ᠪᠠᠳᠤ ᠪᠦᠬᠡ ᠪᠤᠯᠤᠨ ᠰᠠᠶᠢᠵᠢᠷᠠᠭᠰᠠᠨ ᠪᠠᠶᠢᠨ᠎ᠠ᠃ | ᠨᠠᠰᠤ ᠨᠥᠭᠴᠢᠭᠰᠡᠳ ᠢᠶᠠᠨ ᠣᠷᠣᠰᠢᠭᠤᠯᠬᠤ ᠵᠠᠩ ᠦᠢᠯᠡ ᠶᠢᠨ ᠠᠩᠬᠠᠨ ᠤ ᠬᠡᠯᠪᠡᠷᠢ ᠡᠭᠦᠰᠴᠣ᠂ ᠠᠮᠢᠳᠤ ᠳᠠᠭᠠᠨ | ᠡᠳ᠋ᠯᠡᠵᠦ ᠬᠡᠷᠡᠭᠯᠡᠵᠦ ᠶᠠᠪᠣᠭᠰᠠᠨ ᠡᠳ᠋ ᠵᠦᠢᠯ᠂ ᠭᠤᠶᠤᠯᠠᠯ ᠴᠢᠮᠡᠭᠯᠡᠯ᠂ ᠪᠠᠭᠠᠵᠢ ᠵᠡᠪᠰᠡᠭ ᠢ ᠨᠥᠭᠴᠢᠭᠰᠡᠳ ᠤᠨ ᠱᠠᠷᠢᠯ | ᠢ ᠨᠢ ᠳᠠᠭᠠᠯᠳᠤᠭᠤᠯᠤᠨ ᠪᠣᠯᠠᠵᠣ ᠣᠷᠤᠰᠢᠭᠤᠯᠳᠠᠭ ᠪᠠᠶᠢᠭᠰᠠᠨ ᠨᠢ ᠠᠷᠾᠸᠣᠯᠣᠭᠢ ᠶᠢᠨ ᠮᠠᠯᠲᠠᠯᠭ᠎ᠠ ᠠᠴᠠ ᠣᠯᠳᠠᠳᠠᠭ᠃ | ᠡᠨᠡ ᠪᠦᠬᠦᠨ ᠪᠤᠯ ᠡᠷᠲᠡᠨ ᠤ ᠬᠦᠮᠦᠰ ᠤᠨ ᠳᠤᠮᠳᠠ ᠰᠦᠰᠦᠭ ᠪᠢᠰᠢᠷᠡᠯ᠂ ᠲᠡᠭᠦᠨ ᠲᠠᠢ ᠬᠤᠯᠪᠤᠭᠳᠠᠬᠤ ᠵᠠᠩ | ᠦᠢᠯᠡ ᠠᠭᠠᠵᠢᠮ ᠢᠶᠠᠷ ᠪᠤᠢ ᠪᠤᠯᠵᠤ᠂ ᠬᠤᠶᠢᠳᠣ ᠨᠠᠰᠣᠨ ᠤ ᠲᠤᠬᠠᠢ ᠣᠬᠠᠭᠳᠠᠬᠤᠨ ᠡᠭᠦᠰᠦᠭᠰᠡᠨ ᠢ ᠢᠯᠡᠷᠬᠡᠶᠢᠯᠡᠵᠤ | ᠪᠠᠶᠢᠭ᠎ᠠ ᠶᠠᠪᠣᠳᠠᠯ ᠭᠡᠵᠦ ᠦᠵᠡᠳᠡᠭ᠃ ᠮᠣᠩᠭᠤᠯ ᠨᠣᠲᠤᠭ ᠠᠴᠠ ᠣᠯᠳᠠᠭᠰᠠᠨ ᠰᠢᠨ᠎ᠡ ᠴᠢᠯᠠᠭᠤᠨ ᠵᠡᠪᠰᠡᠭ ᠤᠨ ᠦᠶ᠎ᠡ | ᠶᠢᠨ ᠣᠷᠣᠰᠢᠭᠤᠯᠭ᠋ ᠠ᠋ ᠶᠢᠨ ᠬᠡᠯᠪᠡᠷᠢ ᠪᠤᠯᠤᠨ ᠳᠠᠭᠠᠯᠳᠤᠭᠤᠯᠤᠭᠰᠠᠨ ᠡᠳ᠋ ᠦᠯᠦᠭᠡᠢ ᠶᠢᠨ ᠵᠦᠢᠯᠡᠰ ᠢ ᠮᠣᠩᠭᠤᠯ | ᠤᠯᠤᠰ ᠤᠨ ᠲᠥᠷᠥ ᠶᠢᠨ ᠮᠦᠽᠧᠢ ᠶᠢᠨ ᠦᠵᠡᠮᠦᠷᠢ ᠠᠴᠠ ᠦᠵᠡᠵᠦ ᠰᠣᠨᠢᠷᠬᠠᠬᠤ ᠪᠤᠯᠤᠮᠵᠢᠲᠠᠢ ᠶᠤᠮ᠃ | | | ᠠᠯᠲᠠᠨᠪᠠᠭᠠᠨ᠎ᠠ ᠮᠠᠲ᠋ᠧᠷᠢᠶᠠᠯ ᠬᠠᠩᠭᠠᠪᠠ᠃ | |