【 ᠠᠭᠤᠯᠭ᠎ᠠ ᠶᠢᠨ ᠲᠣᠪᠴᠢ 】 ᠲᠤᠰ ᠦᠭᠦᠯᠡᠯ ᠳᠤ ︽ᠬᠡᠶᠢᠪᠤᠷ ᠰᠤᠮᠤ︾ ᠶᠢᠨ ᠲᠣᠬᠠᠢ ᠭᠠᠳᠠᠭᠠᠲᠤ | ᠳᠣᠲᠣᠭᠠᠲᠤ ᠶᠢᠨ ᠡᠷᠳᠡᠮᠲᠡᠳ ᠤᠨ ᠦᠵᠡᠯᠲᠡ ᠲᠠᠶᠢᠯᠪᠤᠷᠢ ᠶᠢ ᠬᠠᠷᠢᠴᠠᠭᠤᠯᠵᠦ᠂ ︽ᠬᠡᠶᠢᠪᠤᠷ ᠰᠤᠮᠤ︾ ᠶᠢᠨ ᠣᠣᠷ | ᠤᠳᠬ᠎ᠠ ᠶᠢᠨ ᠲᠣᠬᠠᠢ ᠳᠤ ᠬᠡᠯᠡ ᠵᠥᠢ᠂ ᠪᠡᠯᠭᠡᠳᠡᠯ ᠵᠦᠢ᠂ ᠵᠠᠩ ᠦᠢᠯᠡ ᠵᠡᠷᠭᠡ ᠰᠣᠶᠣᠯ ᠵᠦᠢ ᠶᠢᠨ ᠲᠠᠯ᠎ᠠ ᠠᠴᠠ | ᠣᠨᠣᠰᠢᠯᠠᠯᠲᠠ ᠬᠢᠵᠦ ᠥᠪᠡᠷ ᠤᠨ ᠬᠡᠮᠡᠬᠦ ᠦᠵᠡᠯᠲᠡ ᠪᠠᠨ ᠦᠴᠢᠪᠠ᠃ | 【 ᠵᠠᠩᠬᠢᠯᠠᠭ᠎ᠠ ᠶᠢᠨ ᠦᠭᠡ 】 ᠬᠡᠶᠢᠪᠤᠷ ᠰᠤᠮᠤ᠂ ᠰᠤᠶᠤᠯ᠂ ᠳᠠᠶᠢᠯᠤᠯᠭᠠ | ︽ᠮᠣᠩᠭᠤᠯ ᠤᠨ ᠨᠢᠭᠤᠴᠠ ᠲᠣᠪᠴᠢᠶᠠᠨ︾ ( ᠳᠣᠷᠣᠭᠰᠢ ︽ᠲᠤᠪᠴᠢᠶᠠᠨ︾ ᠭᠡᠵᠤ ᠳᠥᠬᠦᠮᠴᠢᠯᠠᠨᠠ ) ᠳᠤ | ᠴᠢᠩᠭᠢᠰ ᠬᠠᠭᠠᠨ ᠬᠤᠯᠤᠭᠠᠨ᠎ᠠ ᠵᠢᠯ (1204) ᠤᠨ ᠵᠤᠨ ᠤ ᠲᠡᠷᠢᠭᠦᠨ ᠰᠠᠷ᠎ᠠ ᠶᠢᠨ 16 ᠤ ᠤᠯᠠᠭᠠᠨ ᠲᠡᠷᠭᠡᠯ | ᠡᠳᠦᠷ ᠲᠤᠭ ᠢᠶᠠᠨ ᠲᠠᠬᠢᠵᠤ ᠮᠣᠷᠳᠠᠭᠠᠳ ᠨᠠᠢᠮᠠᠨ ᠲᠠᠢ ᠪᠠᠶᠢᠯᠳᠤᠷ᠎ᠠ ᠨᠠᠬᠤ ᠬᠤᠨ ᠤ ᠥᠪᠥᠷ ᠲᠤ ᠪᠠᠶᠢᠭ᠎ᠠ ᠭᠤᠤᠯ | ᠬᠦᠴᠦᠨ ᠳᠤᠨᠢ ᠬᠦᠷᠴᠤ ᠣᠴᠢᠪᠠᠰᠤ ᠲᠠᠶᠠᠨ ᠬᠠᠭᠠᠨ ᠦᠵᠡᠵᠤ᠂ ᠨᠠᠢᠮᠠᠨ ᠤ ᠬᠠᠮᠳᠤ ᠪᠠᠶᠢᠯᠳᠤᠷ᠎ᠠ ᠢᠷᠡᠭᠰᠡᠨ ᠵᠠᠮᠤᠬ᠎ᠠ | ᠠᠴᠠ ᠴᠢᠩᠭᠢᠰ ᠤᠨ ᠰᠢᠳᠠᠷ ᠴᠡᠷᠢᠭ ᠤᠳ ᠢ ᠤᠳᠠᠭ᠎ᠠ ᠳᠠᠷᠠᠭᠠᠯᠠᠨ ᠠᠰᠠᠭᠤᠳᠠᠭ᠃ ᠡᠬᠦᠨ ᠳᠤ ᠵᠠᠮᠤᠬ᠎ᠠ ᠵᠣᠴᠢ | ᠬᠠᠰᠠᠷ ᠢ ᠲᠠᠨᠢᠯᠴᠠᠭᠤᠯᠬᠤ ᠳᠠᠭᠠᠨ ᠰᠢᠯᠦᠭᠯᠡᠨ ᠬᠡᠯᠡᠭᠰᠡᠨ ᠨᠢᠭᠡ ᠬᠡᠰᠡᠭ ᠦᠭᠡ ᠪᠤᠢ᠃ ᠲᠣᠰ ᠬᠡᠰᠡᠭ ᠰᠢᠯᠦᠭᠯᠡᠯ | ᠳᠣᠲᠣᠷ᠎ᠠ ︽︿ᠬᠡᠶᠢᠪᠤᠷ ᠰᠤᠮᠤ ᠪᠠᠨ ᠲᠡᠯᠢᠵᠤ ᠲᠠᠯᠪᠢᠪᠠᠰᠤ / ᠬᠡᠯᠬᠢᠲᠠᠯᠠ ᠦᠯᠬᠢᠲᠠᠯᠠ ᠬᠠᠷᠪᠤᠶᠤ …﹀︾ ︵ | §195︶ ﹇1﹈ ᠬᠡᠮᠡᠵᠡᠭᠦᠢ᠃ | ᠲᠤᠰ ︽ᠬᠡᠶᠢᠪᠦᠷ ᠰᠤᠮᠤ︾ ᠭᠡᠬᠦ ᠨᠡᠷ᠎ᠡ ᠶᠢ ︽客亦不兒速木︾ ᠬᠡᠵᠤ ᠭᠠᠯᠢᠭᠯᠠᠨ ᠬᠠᠵᠠᠭᠤ | ᠶᠢᠨ ᠣᠷᠴᠢᠭᠤᠯᠭ᠎ᠠ ᠳᠤ ︽箭名︾ ᠬᠡᠵᠤ ᠲᠠᠶᠢᠯᠪᠤᠷᠢᠯᠠᠵᠠᠢ᠃ ᠬᠡᠬᠦ ᠳᠠᠭᠠᠨ ᠡᠨᠡᠬᠦ ︽箭名 ︵ᠰᠤᠮᠤᠨ | ᠤ ᠨᠡᠷ᠎ᠠ︶︾ ᠨᠢ ᠴᠣᠬᠤᠮ ᠶᠠᠮᠠᠷ ᠮᠠᠶ᠋ᠢᠭ ᠤᠨ ᠰᠤᠮᠤ ᠪᠤᠯᠬᠤ ᠶᠢ ᠨᠠᠷᠢᠨ ᠲᠣᠳᠣᠷᠬᠠᠢ ᠲᠠᠶᠢᠯᠪᠤᠷᠢᠯᠠᠭᠰᠠᠨ ᠦᠬᠡᠢ ᠨᠢ | ᠣᠯᠠᠨ ᠵᠣᠨ ᠳᠤ ᠤᠨᠢᠰᠤᠭ᠎ᠠ ᠪᠣᠯᠤᠨ ᠬᠤᠴᠣᠷᠠᠭᠰᠠᠨ ᠠᠵᠤᠭᠤ᠃ ᠳᠣᠣᠷ᠎ᠠ ︽ᠬᠡᠶᠢᠪᠤᠷ ᠰᠤᠮᠤ︾ ᠬᠡᠬᠦ ᠦᠭᠡ ᠶᠢᠨ | ᠲᠣᠬᠠᠢ ᠡᠷᠳᠡᠮᠲᠡᠳ ᠤᠨ ᠦᠵᠡᠯᠲᠠ ᠲᠠᠶᠢᠯᠪᠣᠷᠢ ᠶᠢ ᠰᠢᠭᠦᠵᠦ ᠦᠵᠡᠶ᠎ᠡ᠃ | 1. ᠠᠺᠠᠳᠧᠮᠢᠴᠢ ᠴ᠊ · ᠳᠠᠮᠳᠢᠨᠰᠦ᠋ᠷᠥᠩ᠄ ︽ᠬᠡᠶᠢᠰᠪᠦᠷᠢ ᠰᠤᠮᠤ︾ ﹇2﹈ ᠬᠡᠮᠡᠪᠠ᠃ | 2. ᠠᠺᠠᠳᠧᠮᠢᠴᠢ ᠳ᠋᠊ · ᠴᠡᠷᠡᠨᠰᠤᠳᠨᠠᠮ᠄ ︽ᠬᠠᠶᠢᠮᠤᠭᠤᠷ — ᠬᠠᠶᠢᠮᠤᠷ ︵ᠲᠡᠮᠦᠷ ᠢᠶᠠᠷ ᠬᠢᠭᠰᠡᠨ ᠬᠤᠯᠠ ᠬᠠᠷᠪᠤᠬᠤ | ᠨᠠᠷᠢᠨ ᠰᠤᠮᠣ︶ ᠭᠡᠵᠦ᠂ ᠮᠣᠩᠭᠤᠯ ᠬᠡᠯᠡᠨ ᠳᠤ ︽ᠪ᠊︾᠂ ︽ᠮ᠊︾ ᠠᠪᠢᠶ᠎ᠠ ᠰᠡᠯᠭᠦᠬᠦ ᠤᠴᠢᠷ | ︿ᠬᠡᠶᠢᠪᠤᠷ﹀ ᠬᠡᠬᠦ ᠦᠭᠡ ︿ᠬᠠᠶᠢᠮᠤᠷ﹀ ᠬᠡᠬᠦ ᠳᠠᠭᠤᠳᠠᠯᠭ᠎ᠠ ᠲᠠᠢ ᠪᠤᠯᠵᠤ ᠥᠭᠡᠷᠡᠴᠢᠯᠡᠭᠳᠡᠭᠰᠡᠨ︾ ﹇3﹈ ᠭᠡᠮᠡᠪᠠ᠃ | | 3. ᠵᠥᠪᠯᠡᠯᠲᠤ ᠬᠤᠯᠪᠣᠭᠠᠲᠣ ᠤᠯᠤᠰ ᠤᠨ ᠰ᠊ · ᠠ᠊ · ᠺᠣᠽᠢᠨ᠄ ︽ke~mo, kei, kii-风,风 | 在吹︾ ﹇4﹈ ᠬᠡᠮᠡᠪᠠ᠃ | 4. ᠴᠠᠩᠲᠤ ᠭᠦᠩ᠄ ︽ᠭᠡᠷ ᠬᠢᠪᠤᠷ ᠰᠤᠮᠤ︾ ﹇5﹈ ᠬᠡᠮᠡᠨ ᠪᠠᠭᠤᠯᠭᠠᠪᠠ᠃ | 5. ᠵᠢᠭᠠᠴᠢᠳ ᠰᠡᠴᠡᠨ᠄ ︽︿ᠬᠡᠶᠢᠪᠤᠷ﹀ ᠬᠡᠭᠴᠢ ᠴᠣᠬᠤᠮ ᠳᠠᠭᠠᠨ ︿ᠬᠡᠶᠢᠰᠪᠤᠷᠢ﹀ ᠭᠡᠭᠦ ᠦᠭᠡ᠂ ︿ᠨᠢᠰᠭᠦ﹀ | ᠪᠤᠶᠤ ︿ᠬᠡᠶᠢᠰᠬᠦ﹀ ᠤᠳᠬ᠎ᠠ ᠲᠠᠢ︾ ﹇6﹈ ᠭᠡᠮᠡᠪᠠ᠃ | 6. ᠬᠡᠰᠢᠭᠪᠡᠳᠥ᠄ ︽ᠬᠡᠶᠢᠪᠤᠷ ᠰᠤᠮᠤ ᠭᠡᠰᠡᠨ ᠦᠭᠡ ᠪᠣᠯ ᠬᠡᠪᠡᠷᠡᠭ ᠰᠤᠮᠤ ᠭᠡᠰᠡᠨ ᠣᠳᠬ᠎ᠠ ᠲᠠᠢ ᠦᠭᠡ ᠪᠣᠯᠣᠨ᠎ᠠ︾ | ﹇7﹈ ᠭᠡᠮᠡᠪᠠ᠃ | 7. ᠡᠯᠳᠡᠩᠲᠠᠢ᠂ ᠣᠶᠣᠨᠳᠠᠯᠠᠢ᠂ ᠠᠰᠠᠷᠠᠯᠲᠤ ᠨᠠᠷ ︽keyibür ᠬᠡᠶᠢᠪᠤᠷ ① 客亦不儿,克不 | 里,鈚子 ︵︽至元︾ ︵车器门︶ 。②keibür投枪,镖 ︵︽木卡 | ︾ 404᠂ B︶︾ ﹇8﹈ ᠬᠡᠮᠡᠪᠠ᠃ | 8. ᠡᠯᠳᠡᠩᠲᠠᠢ᠂ ᠠᠷᠲᠠᠵᠠᠪ ᠤᠨ ᠰᠠᠶᠢᠷᠠᠭᠦᠯᠦᠯ ᠲᠠᠶᠢᠯᠪᠤᠷᠢ ᠳᠤ ︽ᠬᠡᠶᠢᠪᠤᠷ ᠰᠤᠮᠤ — keyibür sumu | ᠶᠢ ︿ᡁᠢ ᠶᠣᠸᠠᠨ﹀ ᠤ ᠲᠡᠷᠭᠡᠨ ᠬᠡᠷᠡᠭᠰᠡᠯ ᠤᠨ ᠵᠦᠢᠯ ᠳᠤᠷ 克不里~客亦不儿 ᠬᠡᠮᠡᠬᠦ ᠠᠨᠤ 鈚 | 子 ︵ᠵᠡᠪᠡ︶ ᠬᠡᠪᠠ᠃ ︿ᠮᠤᠺᠠᠳ᠋ᠳᠢᠮᠠᠲ﹀ ᠨᠢᠭᠤᠷ 404᠂ B ᠳᠤᠷ keibür ᠬᠡᠮᠡᠭᠦ ᠶᠢ ᠬᠠᠨᠠᠭᠤᠷ ᠵᠢᠳᠠ | ᠭᠡᠪᠡ᠃ ᠲᠥᠪᠡᠳ ᠲᠠᠩᠭᠤᠳ ᠬᠦᠮᠦᠰ ᠤᠨ ᠴᠢᠯᠠᠭᠤ ᠰᠢᠳᠡᠬᠦ ᠵᠡᠪᠰᠡᠭ ︵ᠥᠷᠲᠥᠥ︶ ︿ᠬᠥᠢᠪᠦᠷ﹀ ᠭᠡᠵᠦ | ᠲᠠᠶᠢᠯᠪᠦᠷᠢᠯᠠᠪᠠ᠃ ︿ᠨᠢᠮ᠎ᠠ﹀︾ ﹇9﹈ ᠬᠡᠮᠡᠪᠠ᠃ | 9. ᠳᠣᠷᠣᠨᠠᠲᠢᠪ᠄ ︽ᠬᠡᠶᠢᠪᠦᠷ ᠰᠤᠮᠤ ᠨᠢ ᠠᠯᠤᠰ ᠲᠤᠰᠤᠯᠲᠤ ᠰᠤᠮᠤ︾ ﹇10﹈ ᠬᠡᠮᠡᠪᠠ᠃ | 10. ᠮᠠᠨᠰᠠᠩ᠄ ︽ᠬᠡᠶᠢᠪᠦᠷ ᠰᠤᠮᠤ ᠨᠢ ᠴᠣᠬᠤᠮ ᠶᠠᠮᠠᠷ ᠮᠠᠶ᠋ᠢᠭ ᠤᠨ ᠰᠤᠮᠤ ᠪᠣᠯᠬᠤ ᠨᠢ ᠲᠣᠲᠤ ᠦᠭᠡᠢ ᠪᠠᠶᠢᠨ᠎ᠠ | ᠬᠡᠪᠠ᠂ ᠮᠥᠨ ᠵᠢᠭᠠᠴᠢᠳ ᠰᠡᠴᠡᠨ ᠪᠠ ᠡᠯᠳᠡᠩᠲᠡᠢ᠂ ᠣᠶᠣᠨᠳᠠᠯᠠᠢ᠂ ᠠᠰᠠᠷᠠᠯᠲᠤ ᠨᠠᠷ ᠤᠨ ᠦᠵᠡᠯᠲᠡ ᠶᠢ ᠳᠠᠭᠠᠪᠠ᠃ | ︾ ﹇11﹈ ᠭᠡᠮᠡᠪᠠ᠃ | 11. ᠰᠡᠴᠡᠨᠴᠣᠭᠲᠤ᠄ ︽ᠬᠡᠶᠢᠪᠤᠷ (xәibur) ᠬᠡᠬᠦ ᠦᠭᠡ ᠶᠢᠨ ᠬᠠᠭᠤᠴᠢᠷᠠᠭᠰᠠᠨ ᠤᠳᠬ᠎ᠠ ᠨᠢ ᠨᠢᠭᠡ | ᠵᠦᠢᠯ ᠤᠨ ᠰᠤᠮᠤᠨ ᠤ ᠨᠡᠷ᠎ᠡ᠂ ᠲᠡᠮᠤᠷ ᠢᠶᠠᠷ ᠬᠢᠭᠰᠡᠨ ᠥᠷᠭᠡᠨ ᠵᠡᠪᠡ ᠲᠠᠢ᠂ ᠥᠳᠥᠯᠳᠡᠭ ᠪᠥᠭᠡᠳ ᠡᠰᠢ ᠶᠢ ᠨᠢ | ᠪᠤᠷᠭᠠᠰᠤ ᠪᠤᠶᠤ ᠬᠤᠰᠤ ᠪᠠᠷ ᠭᠢᠳᠡᠭ᠃ ᠰᠢᠯᠵᠢᠭᠰᠡᠨ ᠤᠳᠬ᠎ᠠ ᠨᠢ ᠳᠠᠷᠤᠢ ᠨᠢᠭᠡ ᠵᠦᠢᠯ ᠤᠨ ᠵᠢᠳᠡᠨ ᠤ ᠨᠡᠷ᠎ᠡ᠂ | ᠬᠡᠯᠪᠡᠷᠢ ᠲᠥᠷᠰᠦ ᠨᠢ ᠬᠡᠶᠢᠪᠦᠷ ᠰᠤᠮᠤ ᠲᠠᠢ ᠠᠳᠠᠯᠢ ᠪᠥᠭᠡᠳ ᠵᠢᠳᠠᠨ ᠤ ᠦᠵᠦᠭᠦᠷ ᠲᠠᠢ ᠠᠳᠠᠯᠢ᠂ ᠰᠢᠳᠠᠵᠤ | ᠶᠠᠪᠤᠭᠤᠯᠤᠭᠠᠳ ᠬᠠᠳᠬᠤᠨ ᠠᠯᠠᠳᠠᠭ᠃︾ ﹇12﹈ ᠭᠡᠮᠡᠪᠠ᠃ | 12. ᠪᠠ᠊ · ᠸᠠᠩᠵᠢᠯ᠄ ︽ᠬᠡᠶᠢᠪᠤᠷ ᠬᠡᠮᠡᠭᠴᠢ ᠬᠠᠴᠠᠷ ᠲᠠᠰ ᠤᠨ ᠥᠲᠥ ᠪᠠᠷ ᠥᠲᠥᠯᠡᠭᠰᠡᠨ ᠰᠤᠮᠤ ︵ᠰᠤᠮᠤ ᠶᠢᠨ | ᠡᠰᠢ ᠶᠢ ᠥᠲᠥ ᠪᠠᠷ ᠥᠲᠥᠯᠠᠵᠤ ᠣᠨᠣᠪᠴᠢᠲᠠᠢ ᠪᠣᠯᠭᠠᠳᠠᠭ︶᠃︾ ﹇13﹈ ᠭᠡᠮᠡᠪᠠ᠃ | ᠳᠡᠭᠡᠷᠡᠭᠢ ᠡᠷᠳᠡᠮᠳᠡᠳ ᠤᠨ ᠦᠵᠡᠯᠲᠡ ᠲᠠᠶᠢᠯᠪᠤᠷᠢ ᠨᠢ ᠤᠭ ︽ᠬᠡᠶᠢᠪᠤᠷ ᠰᠤᠮᠤ︾ ᠭᠡᠭᠦ ᠨᠠᠷᠠ ᠳᠤ ᠲᠣᠬᠢᠷᠠᠮᠵᠢᠲᠠᠢ | ᠤᠳᠬ᠎ᠠ ᠭᠠᠷᠭᠠᠵᠤ ᠲᠠᠶᠢᠯᠥᠭᠰᠡᠨ ᠦᠭᠡᠢ᠃ ︽ᠬᠡᠶᠢᠰᠪᠤᠷᠢ ᠰᠤᠮᠤ᠂ ᠬᠡᠶᠢᠰᠬᠦ ᠪᠤᠶᠤ ᠨᠢᠰᠬᠦ︾ ᠬᠡᠬᠦ ᠳᠠᠩ ᠴᠤᠯᠭᠤᠢ | ᠦᠵᠡᠭᠳᠡᠯ ᠤᠨ ᠳᠡᠭᠡᠷᠡᠬᠢ ᠬᠠᠷᠠᠭᠠᠨ ᠰᠡᠷᠡᠯ ᠤᠨ ᠲᠠᠶᠢᠯᠪᠤᠷᠢ᠂ ︽ᠬᠡᠪᠡᠷᠡᠭ ᠰᠤᠮᠤ︾᠂ ︽ᠠᠯᠤᠰ ᠲᠤᠰᠤᠯᠲᠤ ᠰᠤᠮᠤ | ︾ ᠵᠡᠷᠭᠡ ᠣᠷᠣᠨ ᠵᠠᠢ ᠶᠢᠨ ᠭᠠᠳᠠᠷᠯᠢᠭ ᠬᠡᠮᠵᠢᠶ᠎ᠠ ᠶᠢᠨ ᠴᠤᠯᠭᠤᠢ ᠬᠡᠯᠡᠴᠡ᠂ ᠴᠢᠨᠠᠭᠰᠢᠯᠠᠪᠠᠯ ︽ᠬᠡᠶᠢᠪᠦᠷ︾ ᠬᠡᠬᠦ | ᠦᠭᠡ ᠨᠢ ᠥᠭᠡᠷᠡᠴᠢᠯᠡᠭᠳᠡᠭᠡᠳ ︽ᠬᠠᠶᠢᠮᠤᠷ ︵ᠳᠡᠮᠤᠷ ᠢᠶᠠᠷ ᠬᠢᠭᠰᠡᠨ ᠬᠤᠯᠠ ᠬᠠᠷᠪᠤᠬᠤ ᠨᠠᠷᠢᠨ ᠰᠤᠮᠤ︶︾ | ᠪᠣᠯᠣᠭᠰᠠᠨ ᠭᠡᠮᠡᠬᠦ ᠳᠠᠩ ᠨᠢᠭᠡᠨ ᠠᠪᠢᠶ᠎ᠠ ᠵᠥᠢ ᠶᠢᠨ ᠲᠠᠭᠠᠬᠠᠪᠤᠷᠢ ᠪᠠ ᠰᠣᠮᠣᠨ ᠤ ᠬᠡᠴᠠ ᠪᠦᠲᠤᠴᠠ᠂ ᠬᠡᠯᠪᠡᠷᠢ | ᠶᠠᠩᠵᠤ ᠶᠢᠨ ᠡᠬᠦᠳᠡᠨ ᠠᠴᠠ ᠲᠠᠶᠢᠯᠪᠤᠷᠢᠯᠠᠭᠰᠠᠨ ︽ᠲᠡᠮᠤᠷ ᠢᠶᠠᠷ ᠬᠢᠭᠰᠡᠨ ᠥᠷᠭᠡᠨ ᠵᠡᠪᠡ ᠲᠠᠢ᠂ ᠥᠲᠥᠯᠳᠡᠭ | ᠪᠥᠭᠡᠳ ᠡᠰᠢ ᠶᠢ ᠨᠢ ᠪᠤᠷᠭᠠᠰᠤ ᠪᠤᠶᠤ ᠬᠤᠰᠤ ᠪᠠᠷ ᠬᠢᠳᠡᠭ︾᠂ ︽ᠬᠠᠨᠠᠭᠤᠷ ᠵᠢᠳᠠ︾᠂ ︽ᠰᠢᠳᠡᠭᠦ ᠵᠢᠳᠠ︾᠂ ︽ | ᠬᠠᠴᠠᠷ ᠲᠠᠰ ᠤᠨ ᠥᠲᠥ ᠪᠠᠷ ᠥᠲᠥᠯᠳᠡᠭ ᠰᠤᠮᠤ︾ ᠭᠡᠬᠦ ᠮᠡᠲᠤ ᠶᠢᠨ ᠪᠥᠳᠡᠬᠢ ᠳᠦᠷᠰᠦᠯᠡᠯ ᠨᠢ ᠤᠭ ︽ᠬᠡᠶᠢᠪᠦᠷ | ᠰᠤᠮᠤ︾ ᠭᠡᠭᠦ ᠨᠡᠷ᠎ᠠ ᠶᠢᠨ ᠤᠯᠠᠮᠵᠢᠯᠠᠯ ᠬᠥᠭᠵᠢᠯ ᠤᠨ ᠠᠮᠢᠲᠤ ᠪᠦᠲᠦᠴᠡ ᠠᠴᠠ ᠭᠠᠷᠳᠠᠨ ᠲᠠᠶᠢᠯᠪᠤᠷᠢᠯᠠᠭᠰᠠᠨ | ᠪᠤᠯᠪᠠᠴᠤ ᠲᠡᠭᠦᠨ ᠤ ᠣᠨᠴᠠᠯᠢᠭ ᠰᠢᠨᠵᠢ ᠵᠢᠴᠢ ᠣᠣᠷ ᠤᠳᠬ᠎ᠠ ᠰᠠᠨᠠᠭ᠎ᠠ᠂ ᠡᠭᠦᠰᠦᠯ ᠬᠤᠪᠢᠰᠦᠯ ᠪᠠ ᠦᠢᠯᠠᠲᠤᠯ | ᠭᠡᠷᠡᠭᠴᠡᠭᠡ ᠵᠡᠷᠭᠡ ᠣᠯᠠᠨ ᠲᠠᠯ᠎ᠠ ᠶᠢ ᠬᠠᠮᠤᠷᠤᠭᠰᠠᠨ ᠪᠣᠰᠣᠭᠠᠯᠢᠭ ᠴᠣᠭᠴᠠᠲᠤ ᠪᠦᠷᠢᠨ ᠰᠠᠨᠠᠭ᠎ᠠ ᠶᠢ ᠣᠨᠣᠭᠠᠵᠤ ᠡᠰᠡ | ᠴᠢᠳᠠᠪᠠ᠃ ᠭᠠᠭᠴᠠ ᠰ᠊ · ᠠ᠊ · ᠺᠣᠽᠢᠨ ᠤ ︽ke , mo~kei , kii — 风,风在吹︾ | ᠭᠡᠮᠡᠬᠦ ᠲᠠᠶᠢᠯᠪᠦᠷᠢ ᠨᠢ ᠨᠢᠭᠡ ᠬᠡᠮᠵᠢᠶᠠᠨ ᠤ ᠪᠠᠷᠢᠮᠳᠠᠳᠠᠢ ᠪᠠᠶᠢᠨ᠎ᠠ ᠬᠡᠵᠦ ᠪᠢ ᠦᠵᠡᠨ᠎ᠡ᠃ | ︽ᠬᠡᠶᠢᠪᠦᠷ ︵keyibur︶ ᠰᠤᠮᠤ︾ ᠬᠡᠬᠦ ᠨᠡᠷ᠎ᠡ ᠦᠭᠡ ᠨᠢ ᠠᠪᠢᠶᠠᠨ ᠤ ᠬᠥᠭᠵᠢᠯ ᠤᠨ ᠵᠢᠮ᠎ᠠ ᠶᠣᠰᠣ᠂ ᠬᠡᠯᠡᠨ | ᠤ ᠣᠨᠳᠣᠣᠰᠢᠯ ᠤᠨ ᠵᠠᠶ᠋ᠢᠭ ᠳᠦᠷᠢᠮ ᠢ ᠳᠠᠭᠠᠯᠲᠤᠨ ᠤᠯᠠᠷᠢᠵᠤ ᠣᠷᠣᠰᠢᠭᠰᠠᠭᠠᠷ ᠬᠡᠯᠡᠨ ᠤ ᠤᠵᠠᠭᠤᠷ ᠰᠢᠨᠵᠢ ᠶᠢ | ᠥᠯᠡᠮᠵᠢ ᠬᠠᠳᠠᠭᠠᠯᠠᠵᠤ ᠪᠠᠶᠢᠭ᠎ᠠ ᠣᠶᠢᠷᠡᠳ ᠠᠶᠠᠯᠭᠤᠨ ᠳᠤ ᠢᠳᠡᠪᠬᠢ ᠬᠡᠷᠡᠭᠯᠡᠭᠳᠡᠵᠥ ᠪᠥᠬᠦᠢ ᠨᠣᠮᠣ ᠰᠣᠮᠣ ᠶᠢ | ᠵᠢᠭᠠᠳᠠᠭ ︽ᠬᠢᠢᠪᠠᠷ ︵ki:ber︶︾ ᠬᠡᠬᠦ ᠦᠭᠡ ᠶᠢᠨ ᠤᠳᠬ᠎ᠠ ᠯᠤᠭ᠎ᠠ ᠲᠤᠬᠢᠷᠠᠵᠤ ᠪᠣᠢ᠃ ᠳᠣᠣᠷ᠎ᠠ ᠪᠢ ᠣᠭ | ︽ᠬᠡᠶᠢᠪᠦᠷ ᠰᠤᠮᠤ︾ ᠬᠡᠬᠦ ᠦᠭᠡ ᠶᠢᠨ ᠡᠭᠦᠰᠦᠯ ᠭᠠᠷᠤᠯ᠂ ᠤᠯᠠᠷᠢᠯ ᠬᠤᠪᠢᠷᠠᠯ ᠵᠢᠴᠢ ᠲᠡᠭᠦᠨ ᠤ ᠬᠠᠷᠢᠮᠬᠠᠢ | ᠤᠳᠬ᠎ᠠ ᠶᠢᠨ ᠲᠣᠬᠠᠢ ᠲᠤᠭᠠᠴᠢᠨ ᠦᠭᠦᠯᠡᠵᠤ ᠲᠣᠳᠣᠯᠠᠨ ᠰᠢᠨᠵᠢᠯᠠᠰᠤ᠃ | ︵ᠨᠢᠭᠡ︶ ︽ᠬᠡᠶᠢᠪᠦᠷ ᠰᠤᠮᠤ︾ ᠭᠡᠭᠦ ᠨᠡᠷ᠎ᠡ ᠶᠢᠨ ᠡᠭᠦᠰᠤᠯ ᠭᠠᠷᠤᠯ ᠤᠨ ᠲᠤᠬᠠᠢ | ᠡᠷᠳᠡᠨ ᠤ ᠮᠣᠩᠭᠤᠯ ᠬᠡᠯᠡᠨ ᠤ ︽ ︵keyibür︶︾ ᠭᠡᠭᠦ ᠦᠭᠡ ᠨᠢ ︽ | ︵key︶ + ︵bür︶︾ ᠭᠡᠮᠡᠬᠦ ᠦᠭᠡ ᠪᠦᠲᠦᠭᠡᠭᠦ ᠳᠠᠭᠠᠪᠦᠷᠢ ᠪᠠᠷ ᠪᠦᠲᠦᠭᠰᠡᠨ | ᠪᠦᠭᠡᠳ ᠤᠤᠯ ᠦᠭᠡ ᠶᠢᠨ ᠬᠤᠶᠠᠷ ᠪᠦᠲᠦᠭᠡᠪᠦᠷᠢ ᠶᠢᠨ ᠲᠤᠬᠠᠢ ᠨᠠᠷᠢᠨ ᠰᠢᠨᠵᠢᠯᠠᠨ ᠦᠵᠡᠪᠠᠰᠤ ᠤᠤᠯ ᠦᠭᠡ ᠶᠢᠨ | ᠢᠵᠠᠭᠤᠷ ︽ ︵kei︶︾ ᠠᠨᠤ ︽ᠲᠤᠪᠴᠢᠶᠠᠨ︾ ᠳᠤ ᠭᠤᠷᠪᠠᠨ ᠤᠳᠠᠭ᠎ᠠ ᠳᠣᠬᠢᠶᠠᠯᠳᠤᠬᠤ ᠠᠵᠢ᠃ | ︵1︶ — ︽ ︾ ︵ | ᠥᠷᠥᠨᠠ ᠣᠮᠠᠷ᠎ᠠ ᠠᠴᠠ ᠬᠡᠢ ᠪᠣᠯᠪᠠᠰᠤ︶ ﹇14﹈᠃ | ︵2︶ — ︽ ᠂ | ︾ ︵ᠠᠬ᠎ᠠ ᠮᠢᠨᠦ ᠴᠢᠯᠠᠲᠤ᠂ ᠬᠡᠢ | ᠥᠭᠡᠳᠡ ᠭᠦᠭᠦᠯ ᠢᠶᠠᠨ ᠬᠡᠶᠢᠰᠤᠮᠤᠰᠡᠷ︶ ﹇15﹈᠃ | ︵3︶ — ︽ ᠂ | ︾ ︵ᠰᠢᠭᠦᠳᠡᠷᠢ ᠢᠳᠡᠵᠤ᠂ ᠬᠡᠢ ᠤᠨᠤᠵᠤ ᠶᠠᠪᠤᠨ ᠲᠡᠳᠡ︶ ﹇16﹈᠃ | ᠳᠡᠭᠡᠷᠡᠬᠢ ᠦᠭᠡᠰ ᠤᠨ ᠬᠦᠷᠢᠶ᠎ᠠ ᠬᠡᠪᠴᠢᠶ᠎ᠠ ᠪᠠ ︽ᠬᠡᠢ ︵key︶︾ ᠭᠡᠭᠦ ᠦᠭᠡ ᠶᠢᠨ ᠬᠠᠵᠠᠭᠤ ᠶᠢᠨ ᠬᠠᠳᠠᠮᠠᠯ | ᠣᠷᠴᠢᠭᠤᠯᠭ᠎ᠠ ᠳᠤ ︽風︾ ᠭᠡᠵᠤ ᠨᠠᠯᠢᠶᠠᠳ ᠪᠦᠷᠢᠨ ᠰᠢᠰᠲ᠋ᠧᠮ ᠲᠠᠢ ᠲᠣᠪᠴᠢ ᠲᠠᠶᠢᠯᠪᠤᠷᠢ ᠬᠢᠭᠰᠡᠨ ᠠᠴᠠ | ᠦᠵᠡᠪᠠᠯ ᠡᠷᠳᠡᠨ ᠳᠤ ︽ᠬᠡᠢ︾ ᠭᠡᠪᠡᠯ ︽ᠰᠠᠯᠬᠢ᠂ ᠵᠢᠪᠠᠷ︾ ᠢ ᠵᠢᠭᠠᠵᠤ ᠪᠠᠶᠢᠭᠰᠠᠨ ᠨᠢ ᠢᠯᠡᠷᠬᠡᠢ᠃ ᠣᠷᠴᠢᠨ | ᠦᠶ᠎ᠡ ᠪᠤᠯᠤᠭᠠᠳ ︽ᠬᠡᠢ︾ ᠭᠡᠭᠦ ᠦᠭᠡ ᠶᠢᠨ ︽ᠰᠠᠯᠬᠢ᠂ ᠵᠢᠪᠠᠷ︾ ᠢ ᠵᠢᠭᠠᠵᠤ ᠪᠠᠶᠢᠭᠰᠠᠨ ᠣᠣᠷ ᠤᠳᠬ᠎ᠠ ᠨᠢ | ᠪᠠᠯᠠᠷᠠᠰᠢᠨ ᠭᠡᠭᠡᠭᠳᠡᠵᠤ ᠥᠭᠡᠷ᠎ᠡ ᠣᠯᠠᠨ ᠰᠠᠯᠪᠦᠷᠢ ᠤᠳᠬ᠎ᠠ ᠪᠤᠶᠤ ᠰᠢᠯᠵᠢᠭᠰᠡᠨ ᠤᠳᠬ᠎ᠠ ᠶᠢ ᠢᠯᠡᠳᠭᠡᠳᠡᠭ ᠪᠣᠯᠵᠤ | ᠬᠤᠪᠢᠷᠠᠭᠰᠠᠨ ᠪᠤᠯᠪᠠᠴᠤ ᠳᠠᠭᠤᠷ ᠭᠡᠯᠡᠨ ᠳᠤ ︽ᠬᠡᠢ xәi︾ ﹇17﹈᠂ ᠵᠡᠭᠦᠨ ᠶᠣᠭᠤᠷ ᠪᠠ ᠮᠣᠩᠭᠤᠷ ᠬᠡᠯᠡᠨ | ᠳᠤ ︽ᠬᠡᠢ ︵ki︶︾ ﹇18﹈ ᠵᠢᠴᠢ ᠣᠶᠢᠷᠡᠳ ᠠᠶᠠᠯᠭᠤᠨ ᠳᠤ ︽ᠬᠢᠢ ︵︶ ︵ki:︶︾ ﹇19﹈ | ᠭᠡᠭᠦ ᠮᠡᠲᠤ ᠪᠠᠷ ᠠᠪᠢᠶᠠᠯᠠᠭᠳᠠᠵᠦ ᠪᠠᠶᠢᠭ᠎ᠠ ᠨᠢ ᠣᠣᠷ ᠤᠳᠬ᠎ᠠ ᠰᠠᠨᠠᠭ᠎ᠠ ᠪᠠᠨ ᠬᠠᠳᠠᠭᠠᠯᠠᠵᠤ ᠢᠷᠡᠭᠰᠡᠨ ᠤ | ᠤᠯᠠᠮᠵᠢᠯᠠᠯ ᠤᠨ ᠤᠯᠠ ᠮᠥᠷ ᠪᠤᠶᠤ᠃ ︽ᠬᠡᠶᠢᠪᠦᠷ ︵keyibür︶︾ ᠭᠡᠭᠦ ᠦᠭᠡᠨ ᠤ ᠬᠤᠶᠠᠲᠤᠭᠠᠷ | ᠪᠦᠲᠦᠭᠡᠪᠦᠷᠢ ︽ᠪᠤᠷ ︵—bür︶︾ ᠨᠢ ᠦᠭᠡ ᠪᠦᠲᠦᠭᠡᠭᠦ ᠳᠠᠭᠠᠪᠤᠷᠢ ᠶᠢᠨ ᠴᠢᠳᠡᠪᠬᠢ ᠲᠠᠢ ᠪᠠᠶᠢᠵᠤ ︽— | bar᠂ — ber᠂ —bir᠂ —bCr᠂ —bur᠂ — bor᠂ —bür᠂ —wәr᠂ —wer… | ︾ ᠭᠡᠭᠦ ᠮᠡᠲᠤ ᠣᠯᠠᠨ ᠴᠢᠯᠣᠭᠡᠲᠤ ᠬᠤᠪᠢᠯᠪᠤᠷᠢ ᠶᠢᠨ ᠬᠡᠯᠪᠡᠷᠢ ᠪᠠᠷ ᠦᠭᠡ ᠶᠢᠨ ᠤᠳᠬ᠎ᠠ ᠶᠢᠨ ᠡᠭᠦᠷᠭᠡ | ᠬᠦᠢᠴᠡᠳᠭᠡᠳᠡᠭ ᠪᠠᠶᠢᠨ᠎ᠠ᠃ ᠡᠨᠡᠬᠦ ᠴᠢᠯᠣᠭᠡᠲᠤ ᠬᠤᠪᠢᠯᠪᠤᠷᠢ ᠲᠠᠢ ᠲᠠᠭᠠᠪᠤᠷᠢ ᠨᠢ ᠡᠷᠲᠡᠨ ᠤ ᠲᠦᠷᠦᠭ ᠬᠡᠯᠡ ᠪᠤᠶᠤ | ᠮᠣᠩᠭᠤᠯ ᠲᠥᠷᠥᠯ ᠭᠡᠯᠡ ᠨᠦᠭᠦᠳ ᠲᠤ ᠢᠳᠡᠪᠬᠢᠲᠠᠢ ᠭᠡᠷᠡᠭᠯᠡᠳᠡᠵᠤ ᠪᠠᠶᠢᠭᠰᠠᠨ ᠶᠤᠮ᠃ ︽ᠮᠦᠺᠠᠳ᠋ᠳᠢᠮᠠᠲ — ᠠᠯ | ᠠᠳᠠᠪ︾ ᠲᠣᠯᠢ ᠳᠤ ︽︵keibür︶ — ᠬᠠᠨᠠᠭᠤᠷ ᠵᠢᠳᠡ᠂ ᠰᠢᠳᠡᠭᠦ ᠵᠢᠳᠡ︾ ﹇20﹈ ᠭᠡᠵᠤ᠂ ᠣᠷᠣᠰ | ᠤᠨ ᠬᠤᠯᠪᠣᠭᠠᠨ ᠤ ᠬᠠᠯᠢᠮᠠᠭ ᠤᠯᠤᠰ ᠤᠨ ᠭᠡᠯᠡᠨ ᠳᠤ ︽︵киивр︶ — ᠭᠡᠷᠡᠯᠲᠤᠮᠠ᠂ ᠭᠢᠯᠳᠠᠭᠠᠨᠠᠮ︾ | ﹇21﹈ ᠬᠡᠵᠤ᠂ ᠣᠶᠢᠷᠡᠳ ᠠᠶᠠᠯᠭᠤᠨ ᠳᠤ ︽︵ki:ber︶ — ᠳᠠᠭᠤᠲᠤ ᠰᠤᠮᠤ︾ ﹇22﹈ ᠭᠡᠵᠤ ︽ | bür᠂ ber︾ ᠨᠠᠷᠠ ᠪᠦᠲᠦᠭᠡᠭᠦ ᠳᠠᠭᠠᠪᠦᠷᠢ ᠶᠢᠨ ᠴᠢᠯᠤᠭᠡᠲᠤ ᠬᠤᠪᠢᠯᠤᠪᠤᠷᠢ ᠶᠢᠨ ᠬᠡᠯᠪᠡᠷᠢ ᠪᠠᠷ ᠲᠣᠬᠠᠢ ᠶᠢᠨ | ᠦᠭᠡ ᠶᠢᠨ ᠦᠢᠯᠡᠲᠤᠯ ᠡᠭᠦᠷᠭᠡ ᠶᠢ ᠪᠠᠶᠡᠯᠡᠭᠦᠯᠵᠤ ᠪᠠᠶᠢᠭᠰᠠᠨ ᠠᠵᠢ᠃ ᠡᠭᠦᠨ ᠯᠤᠭ᠎ᠠ ᠲᠣᠬᠢᠷᠯᠴᠠᠬᠤ ᠳᠠᠭᠠᠪᠤᠷᠢ | ᠮᠣᠩᠭᠤᠷ᠂ ᠪᠣᠣ ᠠᠠ᠂ ᠵᠡᠭᠦᠨ ᠶᠤᠭᠤᠷ ᠵᠡᠷᠭᠡ ᠭᠡᠯᠡᠳ ᠲᠤ 《wәr 》 ﹇23﹈ ᠳᠠᠭᠠᠪᠤᠷᠢ ᠪᠠᠷ ᠢᠯᠡᠷᠡᠨ᠎ᠡ᠃ | | ᠳᠡᠭᠡᠷ᠎ᠠ ᠦᠭᠦᠯᠡᠭᠰᠡᠨ ᠢ ᠨᠢᠭᠡᠳᠭᠡᠨ ᠦᠵᠡᠪᠠᠯ ︽ᠰᠠᠯᠬᠢ ᠵᠢᠪᠡᠷ︾ ᠢ ᠵᠢᠭᠠᠭᠰᠠᠨ ︽ᠬᠡᠢ ︵key︶︾ ᠬᠡᠮᠡᠭᠦ | ᠢᠵᠠᠭᠤᠷ ᠦᠭᠡᠨ ᠳᠤ ︽ᠪᠣᠷ ︵bür︶︾ ᠭᠡᠭᠦ ᠦᠭᠡ ᠪᠦᠲᠦᠭᠡᠭᠦ ᠳᠠᠭᠠᠪᠦᠷᠢ ᠶᠢ ᠵᠠᠯᠭᠠᠪᠠᠯ᠂ ᠣᠶᠢᠷᠡᠳ ᠤᠨ | ᠨᠢᠭᠡ ᠵᠥᠢᠯ ᠤᠨ ᠰᠤᠮᠤᠨ ᠤ ᠨᠡᠷᠡᠶᠢᠳᠥᠯᠭᠡ ᠲᠠᠢ ᠣᠶᠢᠷᠡᠯᠴᠠᠭ᠎ᠠ ︽ᠰᠠᠯᠬᠢ ᠲᠠᠲᠠᠭᠤᠯᠳᠠᠭ ᠰᠤᠮᠤ ᠪᠤᠶᠤ ᠰᠠᠯᠬᠢᠨ ᠳᠤ | ᠢᠰᠭᠡᠷᠳᠡᠭ ᠬᠤᠯᠠ ᠲᠤᠰᠳᠠᠭ ᠰᠤᠮᠤ︾ ᠭᠡᠬᠦ ᠢᠵᠠᠭᠤᠷ ᠤᠳᠬ᠎ᠠ ᠯᠤᠭ᠎ᠠ ᠡᠭᠦᠰᠦᠯ ᠭᠠᠷᠤᠯ ᠢᠵᠢᠯ ᠪᠤᠶᠤ᠃ | ︵ᠬᠤᠶᠠᠷ︶ ︽ᠬᠡᠶᠢᠪᠤᠷ ᠰᠤᠮᠤ︾ ᠭᠡᠬᠦ ᠨᠡᠷ᠎ᠡ ᠶᠢᠨ ᠤᠯᠠᠷᠢᠯ ᠬᠤᠪᠢᠷᠠᠯ | ︽ᠲᠣᠪᠴᠢᠶᠠᠨ︾ ᠤ §195 — ᠳ᠋ᠣᠭᠠᠷ ᠵᠥᠢᠯ ᠳᠤ ︽ᠬᠡᠶᠢᠪᠤᠷ ᠰᠤᠮᠤ︾ ᠶᠢᠨ ︽ᠬᠡᠶᠢᠪᠦᠷ︾ ᠭᠡᠭᠦ ᠦᠭᠡ | ᠶᠢ 客亦不兒 ︵keyibür︶ ᠬᠡᠵᠤ ᠭᠠᠯᠢᠭᠯᠠᠨ᠂ ︽ᠬᠡᠶᠢᠪᠦᠷ︾ ᠭᠡᠭᠦ ᠦᠭᠡ ᠶᠢᠨ ᠢᠵᠠᠭᠤᠷ ︽ | ᠬᠡᠢ︾ ᠶᠢ 克key ︵§31,§56︶ ᠭᠡᠵᠤ ᠭᠠᠯᠢᠭᠯᠠᠨ ᠲᠡᠮᠳᠡᠭᠯᠡᠵᠡᠢ᠃ ᠳᠠᠬᠢᠪᠠᠯ ︽ᠬᠡᠢ ︵key︶︾ | ᠢᠵᠠᠭᠤᠷᠲᠤ ᠡᠭᠦᠰᠦᠮᠠᠯ ᠦᠭᠡᠰ ᠢ 客亦思周keIstFU ︵§31︶᠂ 克亦思恢 | keyisküy ︵§105︶᠂ 客亦思帖列keyistele ︵§112︶ ᠭᠡᠭᠦ ᠮᠡᠲᠣ ᠪᠠᠷ | ᠲᠣᠬᠠᠢ ᠶᠢᠨ ᠦᠶ᠎ᠡ ᠶᠢᠨ ᠭᠠᠯᠢᠭᠯᠠᠭᠴᠢ ᠠᠨᠤ ᠮᠣᠩᠭᠤᠯ ᠦᠭᠡᠰ ᠢ ᠠᠪᠢᠶᠠᠨ ᠤ ᠬᠡᠯᠡᠨ ᠳᠤ ᠭᠠᠯᠢᠭᠯᠠᠬᠤ ᠳᠠᠭᠠᠨ ︽ | ᠵᠠᠷᠢᠮ ᠳᠠᠭᠠᠨ ᠦᠰᠦᠭᠴᠢᠯᠡᠨ ᠭᠠᠯᠢᠭᠯᠠᠵᠤ᠂ ᠵᠠᠷᠢᠮ ᠳᠠᠭᠠᠨ ᠦᠭᠡᠴᠢᠯᠡᠨ ᠭᠠᠯᠢᠭᠯᠠᠵᠤ᠂ ᠵᠠᠷᠢᠮ ᠳᠠᠭᠠᠨ ᠦᠭᠡ | ᠴᠡᠭᠡᠵᠢᠯᠡᠭᠦᠯᠭᠦ ᠪᠠᠷ ᠵᠣᠷᠢᠯᠭ᠎ᠠ ᠪᠣᠯᠭᠠᠨ ᠦᠰᠦᠭ ᠤᠨ ᠲᠦᠷᠢᠮ ᠢ ᠡᠪᠳᠡᠵᠤ ᠭᠠᠯᠢᠭᠯᠠᠵᠤ ᠪᠠᠶᠢᠭᠰᠠᠨ︾ ﹇24﹈ | ᠤᠴᠢᠷ ᠠᠴᠠ ᠢᠵᠠᠭᠤᠷ ︽ᠬᠡᠢ ︵key︶︾ ᠭᠡᠭᠦ ᠦᠭᠡ ᠶᠢ 客,克 ᠠᠯᠢ ᠪᠠᠷ ᠨᠢ ᠲᠡᠮᠳᠡᠭᠯᠡᠭᠰᠡᠨ ᠴᠤ | ᠵᠥᠷᠢᠶᠠᠨ ᠦᠭᠡᠢ ᠭᠡᠷᠡᠭ ᠪᠣᠶᠣ᠃ ᠴᠢᠨᠠᠭᠰᠢᠯᠠᠪᠠᠯ ᠤᠭ ︽ᠬᠡᠶᠢᠪᠤᠷ︾ ᠭᠡᠭᠦ ᠦᠭᠡ ᠶᠢᠨ ᠠᠪᠢᠶᠠᠨ ᠤ | ᠲᠣᠭᠲᠠᠯᠴᠠᠭᠠᠨ ᠤ ᠡᠭᠦᠳᠡᠨ ᠠᠴᠠ ᠭᠠᠷᠳᠠᠨ ᠲᠡᠭᠦᠨ ᠤ ᠲᠡᠣᠭᠡᠨ ᠪᠢᠴᠢᠯᠭᠡ ᠶᠢᠨ ᠵᠥᠢ ᠲᠣᠭᠲᠠᠭᠠᠯ ᠤᠨ ᠲᠣᠬᠠᠢ | ᠰᠦᠪᠡᠭᠴᠢᠯᠡᠨ ᠰᠢᠨᠵᠢᠯᠡᠭᠦ ᠳᠤ ︽ᠬᠤᠣᠰ ᠡᠭᠡᠰᠢᠭ ᠤᠨ ᠲᠦᠷᠢᠮ︾ ᠤᠨ ᠡᠭᠦᠰᠦᠯ ᠬᠤᠪᠢᠰᠤᠯ ᠠᠨᠤ ᠲᠡᠭᠦᠨ ᠳᠤᠷ | ᠰᠢᠢᠳᠪᠦᠷᠢᠯᠡᠭᠦ ᠦᠢᠯᠡᠳᠦᠯ ᠦᠵᠡᠭᠦᠯᠬᠦ ᠠᠵᠢ᠃ ︽ᠬᠤᠣᠰ ᠡᠭᠡᠰᠢᠭ︾ ᠨᠢ ᠡᠷᠲᠡᠨ ᠤ ᠮᠣᠩᠭᠤᠯ ᠬᠡᠯᠡᠨ ᠳᠤ ᠦᠭᠡ | ᠶᠢᠨ ᠡᠭᠢᠨ ᠪᠠ ᠲᠤᠮᠳᠠ ᠪᠣᠯ ︽ᠡᠭᠡᠰᠢᠭ +y+i︾ ᠪᠣᠯᠣᠨ ᠦᠭᠡ ᠶᠢᠨ ᠡᠴᠦᠰ ᠲᠤ ︽ᠡᠭᠡᠰᠢᠭ +y︾ | ᠪᠠᠶᠢᠭᠰᠠᠨ ᠠᠴᠠ ᠪᠠᠨ ᠠᠪᠢᠶᠠᠨ ᠤ ᠬᠤᠪᠢᠷᠠᠯ ᠤᠨ ᠲᠡᠣᠭᠡᠨ ᠵᠢᠮ᠎ᠠ ᠶᠣᠰᠤ ᠪᠠᠷ ᠤᠯᠠᠷᠢᠨ ᠬᠥᠭᠵᠢᠵᠤ ᠣᠷᠴᠢᠨ ᠦᠶ᠎ᠡ | ᠪᠣᠯᠣᠭᠠᠳ ᠤᠷᠤᠭᠤᠳᠠᠬᠤ ᠬᠤᠣᠰ ᠡᠭᠡᠰᠢᠭ ︿ᠡᠭᠡᠰᠢᠭ + i﹀ ᠪᠣᠯᠵᠤ ᠬᠤᠪᠢᠷᠠᠭᠰᠠᠨ ᠪᠠᠶᠢᠨ᠎ᠠ᠃ | ︽ᠲᠣᠪᠴᠢᠶᠠᠨ︾ ᠳᠤ ᠣᠭ ︽ᠬᠡᠶᠢᠪᠦᠷ︾ ᠭᠡᠭᠦ ᠦᠭᠡ ᠶᠢ 客亦不兒 ︵keyibur︶ ᠭᠡᠵᠤ | ᠦᠭᠡᠴᠢᠯᠡᠨ ᠭᠠᠯᠢᠭᠯᠠᠵᠤ ᠬᠤᠶᠠᠷ ᠡᠭᠡᠰᠢᠭ ᠤᠨ ᠲᠤᠮᠳᠠ 亦 ︵y︶ ᠠᠪᠢᠶ᠎ᠠ ᠵᠢᠬᠢᠷᠢᠭᠯᠡᠨ ᠣᠷᠣᠵᠤ ᠦᠭᠡ ᠶᠢᠨ | ᠤᠳᠬ᠎ᠠ ᠶᠢᠨ ᠡᠬᠦᠷᠭᠡ ᠶᠢ ᠪᠠᠶᠠᠯᠡᠭᠦᠯᠵᠤ ᠪᠠᠶᠢᠭᠰᠠᠨ ᠶᠤᠮ᠃ ᠡᠶᠢᠮᠤᠷᠭᠦ 亦 ︵y︶ ᠠᠪᠢᠶ᠎ᠠ ᠵᠢᠬᠢᠷᠢᠭᠯᠡᠨ | ᠣᠷᠣᠭᠰᠠᠨ ᠦᠭᠡᠰ ︽ᠲᠣᠪᠴᠢᠶᠠᠨ︾ ᠳᠤ ᠥᠯᠡᠮᠵᠢ ᠲᠣᠬᠢᠶᠠᠯᠲᠤᠬᠤ ᠠᠵᠢ᠃ ᠲᠤᠮᠳᠠ ᠵᠠᠭᠤᠨ ᠤ ᠳᠥᠷᠪᠡᠯᠵᠢᠨ | ᠦᠰᠦᠭ ᠲᠤ ︽ᠬᠤᠣᠰ ᠡᠭᠡᠰᠢᠭ︾ ᠢ ᠮᠥᠨ ︽ᠠᠢ ︵ai︶ ᠶᠢ ᠦᠭᠡ ᠶᠢᠨ ᠡᠬᠢᠨ ᠳᠤ ︿ ︵ayi︶﹀ | ᠦᠭᠡ ᠶᠢᠨ ᠡᠴᠣᠰ ᠲᠤ ︿ ︵yi︶﹀ ᠪᠠᠷ ᠲᠡᠮᠳᠡᠭᠯᠡᠨ᠂ ︿ᠡᠶᠢ᠊ ︵ei︶ ᠶᠢ ᠦᠭᠡ ᠶᠢᠨ ᠡᠬᠢᠨ ᠳᠤ ︿ | ︵eyi︶﹀᠂ ᠭᠡᠶᠢᠭᠦᠯᠦᠭᠴᠢ ᠪᠠᠷ ᠡᠬᠢᠯᠡᠭᠰᠡᠨ ᠨᠢᠭᠡᠳᠤᠭᠡᠷ ᠦᠶ᠎ᠡ ᠳᠤ ︿ ︵eyi︶﹀ ᠭᠡᠭᠦ ᠮᠡᠲᠤ | ︿y﹀ ᠪᠣᠯᠣᠨ ︿i﹀ ᠪᠠᠷ ᠲᠡᠮᠳᠡᠭᠯᠡᠨ︾ ﹇25﹈ ᠢᠳᠡᠪᠬᠢᠲᠠᠢ ᠬᠡᠷᠡᠭᠯᠡᠵᠤ ᠪᠠᠶᠢᠭᠰᠠᠨ ᠠᠵᠤᠭᠤ᠃ ᠠᠪᠢᠶᠠᠨ ᠤ | ᠬᠥᠭᠵᠢᠯᠳᠠ ᠶᠢᠨ ᠬᠤᠪᠢᠷᠠᠯᠲᠠ ᠶᠢ ᠳᠠᠭᠠᠯᠳᠤᠨ ︽ᠮᠣᠩᠭᠤᠯ ᠢ ᠢᠣᠢ ᠲᠣᠯᠢ ᠪᠢᠴᠢᠭ︾ ᠵᠣᠬᠢᠶᠠᠭᠳᠠᠬᠤ ᠴᠠᠭ | ᠪᠣᠯᠣᠭᠠᠳ ᠲᠣᠮᠳᠠᠲᠤ ᠡᠷᠲᠡᠨ ᠤ ᠮᠣᠩᠭᠤᠯ ᠭᠡᠯᠡ ᠪᠤᠶᠤ ᠲᠥᠷᠪᠡᠯᠵᠢᠨ ᠦᠰᠦᠭ ᠲᠤ ᠬᠤᠶᠠᠷ ᠡᠭᠡᠰᠢᠭ ᠤᠨ ᠲᠤᠮᠳᠠ | ᠵᠢᠬᠢᠷᠢᠭᠯᠡᠨ ᠣᠷᠣᠵᠤ ᠪᠠᠶᠢᠭᠰᠠᠨ 亦 ︵y︶ ᠡᠭᠡᠰᠢᠭ ᠠᠨᠤ ᠰᠤᠭᠤᠷᠠᠨ ᠬᠡᠬᠡᠭᠳᠡᠵᠤ ︽克不里 ︵ | keibuli︶ — keibür 鈚子︾ ﹇26﹈ ᠭᠡᠮᠡᠨ ᠤᠤᠯ ᠦᠭᠡ ᠶᠢᠨ ᠪᠢᠴᠢᠯᠭᠡ ᠶᠢᠨ ᠲᠦᠷᠢᠮ ᠨᠢ | ᠥᠭᠡᠷᠡᠴᠢᠯᠡᠭᠳᠡᠨ ᠬᠤᠪᠢᠷᠠᠵᠤ᠂ ︽ᠬᠤᠣᠰ ᠡᠭᠡᠰᠢᠭ ᠤᠨ ᠬᠥᠪᠥᠷᠡᠯ ᠬᠥᠭᠵᠢᠯ︾ ᠨᠢ ᠲᠡᠷᠠ ᠴᠠᠭ ᠦᠶ᠎ᠡ ᠳᠤ ᠠᠩᠬ᠎ᠠ | ᠠᠯᠬᠤᠮ ᠲᠣᠰᠬᠠᠯ ᠢᠶᠠᠨ ᠣᠯᠵᠤ ᠢᠳᠡᠪᠬᠢᠲᠡᠢ ᠬᠡᠷᠡᠭᠯᠡᠳᠡᠵᠤ ᠡᠬᠢᠯᠡᠭᠰᠡᠨ ᠴᠤ ᠪᠠᠶᠢᠵᠤ ᠮᠡᠳᠡᠨ᠎ᠠ᠃ ᠣᠷᠴᠢᠨ ᠦᠶ᠎ᠡ | ᠵᠣᠯᠭᠠᠭᠠᠳ ᠣᠭ ︽keibür︾ ᠭᠡᠭᠦ ᠦᠭᠡ ᠨᠢ ᠣᠶᠢᠷᠡᠳ ᠠᠶᠠᠯᠭᠤᠨ ᠳᠤ ︽ki:ber︾ ᠭᠡᠭᠦ ᠬᠡᠯᠪᠡᠷᠢ ᠪᠠᠷ | ᠤᠯᠠᠷᠢᠨ ᠬᠤᠪᠢᠷᠠᠵᠤ ᠤᠯᠠᠮᠵᠢᠯᠠᠭᠳᠠᠨ ᠦᠯᠡᠳᠡᠵᠤ ᠢᠷᠡᠭᠰᠡᠨ ᠪᠤᠶᠤ᠃ ᠡᠨᠡᠭᠦ ᠬᠤᠪᠢᠷᠠᠯ ᠤᠨ ᠶᠠᠪᠤᠴᠠ ᠶᠢ ᠰᠢᠨᠵᠢᠯᠠᠨ | ᠦᠵᠡᠪᠠᠯ᠂ ᠣᠶᠢᠷᠡᠳ ᠠᠶᠠᠯᠭᠤᠨ ᠤ ᠴᠢᠬᠤᠯᠠ ᠨᠢᠭᠡ ᠪᠦᠷᠢᠯᠳᠤᠭᠦᠨ ᠭᠡᠰᠡᠭ ᠪᠣᠯᠬᠤ ︽ᠲᠣᠷᠭᠤᠳ ᠠᠮᠠ ᠠᠶᠠᠯᠭᠤᠨ | ᠳᠤ ︵᠂ ᠂ ) ᠨᠢ ᠦᠭᠡ ᠶᠢᠨ ᠡᠬᠢᠨ ᠳᠤ 〔i:〕 ᠪᠣᠯᠵᠤ ᠬᠤᠪᠢᠷᠠᠨ᠂ ᠦᠭᠡ | ᠶᠢᠨ ᠡᠬᠢᠨ ᠳᠤ 〔i , i:〕 ᠪᠠᠶᠢᠪᠠᠯ ᠳᠠᠷᠠᠭᠠᠬᠢ ᠦᠶ᠎ᠡ ᠨᠦᠭᠦᠳ ᠲᠤ ᠶᠡᠷᠤ ᠠᠴᠠ ᠪᠠᠨ ᠴᠢᠩᠭ᠎ᠠ ᠡᠭᠡᠰᠢᠭ | ᠲᠣᠭᠢᠶᠠᠯᠲᠣᠬᠤ ᠦᠭᠡᠢ᠂ ᠬᠠᠷᠢᠨ ︿ᠬᠥᠨᠳᠡᠢ ᠰᠢᠨᠵᠢ ᠲᠠᠢ ᠰᠠᠭᠠᠷᠮᠠᠭ ᠡᠭᠡᠰᠢᠭ﹀︾ ﹇27﹈ ᠪᠣᠯᠵᠤ ᠬᠤᠪᠢᠷᠠᠨ | ᠤᠤᠯ ︽ᠬᠡᠶᠢᠪᠦᠷ ︵keibür︶︾ ᠭᠡᠭᠦ ᠦᠭᠡ ᠶᠢᠨ ᠤᠷᠤᠭᠤᠯ ᠤᠨ ᠡᠭᠡᠰᠢᠭ ︽ü︾ ᠨᠢ ᠤᠷᠤᠭᠤᠯ ᠤᠨ | ᠪᠤᠰᠤ ᠡᠭᠡᠰᠢᠭ ︽e︾ ᠪᠣᠯᠵᠤ ᠤᠯᠠᠷᠢᠨ ︽ki:ber︾ ᠪᠣᠯᠵᠤ ᠬᠤᠪᠢᠷᠠᠭᠰᠠᠨ ᠪᠠᠶᠢᠨ᠎ᠠ᠃ ᠳᠡᠭᠡᠷᠠᠬᠢ ᠦᠵᠡᠯᠲᠠ | ᠲᠠᠶᠢᠯᠪᠦᠷᠢ ᠶᠢ ᠨᠢᠭᠡᠳᠭᠡᠨ ᠣᠣᠯ ︽ᠬᠡᠶᠢᠪᠦᠷ︾ ᠭᠡᠭᠦ ᠦᠭᠡ ᠶᠢᠨ ᠤᠯᠠᠷᠢᠯ ᠬᠤᠪᠢᠰᠤᠯ ᠢ ᠵᠠᠭᠪᠤᠷᠴᠢᠯᠠᠨ | ᠦᠵᠡᠭᠦᠯᠪᠠᠯ — ︽keyibür →keibür →ki:ber︾ ᠪᠣᠯᠠᠢ᠃ | ︵ᠭᠤᠷᠪᠠ︶ ︽ᠬᠡᠶᠢᠪᠤᠷ ᠰᠤᠮᠤ︾ ᠭᠡᠬᠦ ᠨᠡᠷ᠎ᠡ ᠶᠢᠨ ᠬᠠᠷᠢᠮᠠᠬᠠᠢ ᠤᠳᠬ᠎ᠠ | ︽ᠬᠠᠷᠢᠮᠠᠬᠠᠢ ᠤᠳᠬ᠎ᠠ︾ ᠭᠡᠳᠡᠭ ᠨᠢ ᠬᠡᠯᠡᠨ ᠤ ᠬᠠᠯᠢᠰᠤᠯᠢᠭ ᠮᠠᠲ᠋ᠧᠷᠢᠶᠠᠯ ᠤᠨ ᠠᠳᠠᠯᠢ ᠪᠤᠰᠤ ᠠᠴᠠ ᠪᠤᠯᠵᠤ ᠤᠤᠯ | ᠦᠭᠡ ᠶᠢᠨ ᠤᠳᠬ᠎ᠠ ᠰᠠᠨᠠᠭ᠎ᠠ ᠨᠢ ᠰᠤᠨᠤᠵᠤ ᠠᠪᠴᠢᠬᠤ ᠤᠶᠠᠨ ᠬᠠᠳᠠᠨ ᠰᠢᠨᠵᠢ ᠲᠠᠢ ᠪᠠᠶᠢᠵᠤ᠂ ᠠᠩᠬᠠᠨ ᠤ | ᠤᠬᠠᠭᠲᠠᠬᠤᠨ ᠠᠴᠠ ᠪᠠᠨ ᠤᠳᠬ᠎ᠠ ᠲᠡᠯᠡᠷᠡᠵᠤ ᠪᠠᠶᠢᠭ᠎ᠠ ᠦᠵᠡᠭᠳᠡᠯ ᠢ ᠵᠢᠭᠠᠳᠠᠭ᠃ ᠤᠤᠯ ︽ᠬᠡᠶᠢᠪᠦᠷ ᠰᠤᠮᠤ︾ | ᠬᠡᠬᠦ ᠨᠡᠷ᠎ᠡ ᠨᠢ ᠬᠡᠯᠡᠨ ᠤ ᠬᠥᠭᠵᠢᠯ ᠤᠨ ᠲᠡᠤᠬᠡᠨ ᠵᠠᠮᠨᠠᠯ ᠲᠤᠮᠳᠠ ᠦᠭᠡ ᠶᠢᠨ ᠤᠳᠬ᠎ᠠ ᠨᠢ ᠥᠷᠬᠡᠵᠢᠨ ᠲᠡᠯᠡᠵᠤ | ᠬᠤᠵᠢᠮ ᠤᠨ ᠤᠯᠠᠨ ᠲᠠᠩᠨᠠᠭᠠᠰᠤᠲᠤ ᠰᠠᠨᠠᠭ᠎ᠠ ᠶᠢ ᠢᠯᠡᠷᠡᠬᠦᠯᠦᠨ ᠤᠯᠠᠷᠢᠨ ᠬᠤᠪᠢᠷᠠᠵᠤ ᠢᠷᠡᠭᠰᠡᠨ ᠪᠤᠶᠤ᠃ ᠲᠤᠤᠷ᠎ᠠ | ᠡᠨᠡᠬᠦ ︽ᠬᠡᠶᠢᠪᠦᠷ ᠰᠤᠮᠤ︾ ᠭᠡᠭᠦ ᠨᠡᠷ᠎ᠡ ᠶᠢᠨ ᠬᠠᠷᠢᠮᠠᠬᠠᠢ ᠤᠳᠬ᠎ᠠ ᠶᠢ ᠦᠢᠯᠡᠲᠦᠯ ᠴᠢᠳᠡᠪᠬᠢ ᠶᠢᠨ ᠤᠳᠬ᠎ᠠ ᠰᠢᠨᠵᠢ᠂ | ᠬᠡᠯᠪᠡᠷᠢ ᠲᠥᠷᠬᠦ ᠶᠢᠨ ᠤᠳᠬ᠎ᠠ ᠰᠢᠨᠵᠢ᠂ ᠪᠡᠯᠭᠡᠳᠡᠯ ᠰᠠᠨᠠᠭᠠᠨ ᠤ ᠤᠳᠬ᠎ᠠ ᠰᠢᠨᠵᠢ ᠬᠡᠵᠤ ᠭᠤᠷᠪᠠᠨ ᠵᠢᠵᠢᠭ ᠬᠡᠰᠡᠭ | ᠲᠤ ᠬᠤᠪᠢᠶᠠᠨ ᠦᠬᠦᠯᠡᠰᠦᠬᠡᠢ᠃ | ︵1︶ ︽ᠬᠡᠶᠢᠪᠤᠷ ᠰᠤᠮᠤ︾ ᠭᠡᠬᠦ ᠨᠠᠷᠠ ᠶᠢᠨ ᠦᠢᠯᠡᠳᠦᠯ ᠴᠢᠳᠠᠪᠬᠢ ᠶᠢᠨ ᠤᠳᠬ᠎ᠠ ᠰᠢᠨᠵᠢ | ︽ᠲᠣᠪᠴᠢᠶᠠᠨ︾ ᠤ §195 ᠳ᠋ᠤᠭᠠᠷ ᠵᠥᠢᠯ ᠳᠤ ᠢᠯᠡᠷᠡᠭᠰᠡᠨ ︽ᠬᠡᠶᠢᠪᠦᠷ ᠰᠤᠮᠤ︾ ᠭᠡᠭᠦ ᠨᠡᠷ᠎ᠡ ᠶᠢᠨ ᠦᠭᠡ | ᠶᠢᠨ ᠤᠳᠬ᠎ᠠ ᠶᠢᠨ ᠣᠶᠢᠷ᠎ᠠ ᠣᠷᠴᠢᠨ ᠳᠤ ᠰᠢᠨᠵᠢᠯᠠᠨ ᠰᠣᠳᠣᠯᠬᠤ ᠶᠢᠨ ᠳᠠᠭᠠᠤ ᠲᠡᠭᠦᠨ ᠤ ᠣᠣᠷ ᠤᠳᠬ᠎ᠠ ᠶᠢᠨ | ᠬᠡᠲᠤᠨ ᠴᠤᠭᠴᠠᠯᠠᠪᠤᠷᠢ ᠰᠠᠨᠠᠭ᠎ᠠ ᠶᠢ ᠮᠣᠩᠭᠤᠯ ᠲᠡᠣᠬᠡᠨ ᠰᠤᠷᠪᠦᠯᠵᠢ ᠪᠢᠴᠢᠭ ᠪᠤᠯᠤᠨ ᠤᠶᠢᠷᠠᠳ ᠮᠤᠩᠭᠤᠯ ᠤᠨ ᠠᠮᠠᠨ | ᠵᠤᠬᠢᠶᠠᠯ ᠳᠤ ᠲᠤᠰᠬᠠᠭᠳᠠᠭᠰᠠᠨ ᠢᠵᠠᠭᠤᠷ ᠰᠣᠶᠣᠯ ᠰᠡᠳᠬᠢᠬᠦᠢ ᠶᠢᠨ ᠠᠬᠤᠢ ᠠᠴᠠ ᠰᠦᠪᠡᠨ ᠠᠵᠢᠭᠯᠠᠪᠠᠰᠤ᠄ | ︽ᠲᠣᠪᠴᠢᠶᠠᠨ︾ ᠤ §195 ᠳ᠋ᠦ᠋ᠭᠠᠷ ᠵᠥᠢᠯ ᠳᠤ ᠵᠥᠴᠢ ᠬᠠᠰᠠᠷ ᠥᠷᠭᠡᠨ ᠡᠩ ᠲᠠᠢ ᠰᠠᠭᠠᠳᠠᠭ ᠢᠶᠠᠨ | ᠠᠪᠣᠭᠠᠳ ︽ᠭᠡᠷᠡᠯᠲᠦᠭᠰᠡᠨ ᠨᠦᠭᠦᠷ ᠢ / ᠭᠡᠭᠡᠷ᠎ᠠ ᠭᠡᠲᠦᠰ ᠪᠦᠬᠦᠨ ᠢ / ᠬᠡᠶᠢᠪᠦᠷ ᠰᠤᠮᠤ ᠪᠠᠨ ᠲᠡᠯᠢᠵᠤ | ᠲᠠᠯᠪᠢᠪᠠᠰᠤ / ᠭᠡᠯᠬᠢᠲᠡᠯᠡ ᠦᠯᠬᠢᠲᠡᠯᠡ ᠬᠠᠷᠪᠦᠶᠦ / ᠶᠡᠭᠡᠳᠡ ᠲᠠᠯᠢᠵᠤ ᠲᠠᠯᠪᠢᠪᠠᠰᠤ / ᠶᠢᠰᠤᠨ ᠵᠠᠭᠤᠨ | ᠠᠯᠳᠠ ᠭᠠᠵᠠᠷ᠎ᠠ ᠬᠠᠷᠪᠤᠶᠤ / ᠲᠠᠲᠠᠵᠤ ᠲᠡᠯᠢᠵᠤ ᠲᠠᠯᠪᠢᠪᠠᠰᠤ / ᠲᠠᠪᠤᠨ ᠵᠠᠭᠤᠨ ᠠᠯᠳᠠ ᠭᠠᠵᠠᠷ᠎ᠠ ᠬᠠᠷᠪᠤᠶᠤ | / ᠬᠦᠮᠦᠨ ᠬᠦᠮᠦᠨ ᠠᠴᠠ ᠪᠤᠰᠦ / ᠬᠦᠷᠦᠯᠴᠡᠬᠦ ᠮᠠᠩᠭᠤᠰ ᠲᠦᠷᠦᠭᠰᠡᠨ / ᠵᠦᠴᠢ ᠬᠠᠰᠠᠷ ᠬᠡᠮᠡᠭᠳᠡᠶᠤ︾ ﹇ | 28﹈ ᠭᠡᠵᠤ ᠢᠯᠡᠷᠡᠳᠡᠭ᠃ | 13 — ᠳ᠋ᠤᠭᠠᠷ ᠵᠠᠭᠤᠨ ᠤ ᠦᠶ᠎ᠡ ᠳᠤ ᠮᠤᠩᠭᠤᠯᠴᠤᠳ ᠳᠤ ︽900 ᠠᠯᠳᠠ ᠬᠠᠷᠪᠤᠳᠠᠭ ᠶᠡᠭᠡ ᠨᠤᠮᠤ︾᠂ ︽ | 500 ᠠᠯᠳᠠ ᠬᠠᠷᠪᠤᠳᠠᠭ ᠪᠠᠭ᠎ᠠ ᠨᠤᠮᠤ︾ ᠬᠡᠬᠦ ᠬᠤᠶᠠᠷ ᠶᠠᠩᠵᠤ ᠶᠢᠨ ᠨᠤᠮᠤ ᠪᠠᠶᠢᠭᠰᠠᠨ ᠬᠡᠵᠤ ᠤᠯᠠᠩᠬᠢ | ᠡᠷᠳᠡᠮᠳᠡᠳ ᠦᠵᠡᠳᠡᠭ᠃ ᠪᠤᠷᠢᠶᠠᠳ ᠤᠨ ᠡᠷᠳᠡᠮᠳᠡᠨ ᠺᠯᠢᠤᠺᠢᠨ ︽ᠮᠤᠩᠭᠤᠯ ᠤᠨ ᠨᠢᠬᠡ ᠠᠯᠳᠠ ᠶᠢ 6 ᠹᠦᠲ᠂ 7 | ᠹᠦᠲ = 1 ᠰᠠᠵᠢᠩ ᠬᠡᠮᠡᠨ ᠪᠠᠭᠴᠠᠭᠠᠯᠠᠨ ᠲᠤᠬᠠᠢ ᠶᠢᠨ ᠦᠶ᠎ᠡ ᠶᠢᠨ ᠤᠷᠲᠤ ᠶᠢᠨ ᠬᠡᠮᠵᠢᠬᠦᠷ ᠤᠨ ᠨᠢᠬᠡᠴᠢ ᠳᠤ | ᠲᠠᠭᠠᠷᠢᠭᠤᠯᠠᠨ ᠪᠤᠳᠤᠭᠰᠠᠨ ᠢ ᠪᠠᠷᠢᠮᠳᠠᠯᠠᠪᠠᠯ 500×6᠄ 7 = 428 ᠰᠠᠵᠢᠩ᠂ 900×6᠄ 7 = 770 | ᠰᠠᠵᠢᠩ ᠪᠤᠯᠤᠨ᠎ᠠ᠃ ᠺᠯᠢᠤᠺᠢᠨ ᠤ ᠠᠽᠢ ᠡᠸᠥ᠋ᠷᠦᠫᠠ ᠶᠢᠨ ᠮᠡᠷᠬᠡᠨ ᠬᠠᠷᠪᠤᠭᠠᠴᠢᠳ ᠤᠨ ᠲᠠᠯ᠎ᠠ ᠪᠠᠷ | ᠴᠤᠭᠯᠠᠭᠤᠯᠤᠭᠰᠠᠨ ᠮᠠᠲ᠋ᠧᠷᠢᠶᠠᠯ ᠠᠴᠠ ᠬᠠᠮᠤᠭ ᠤᠨ ᠬᠤᠯᠠ ᠬᠠᠷᠪᠤᠳᠠᠭ ᠬᠦᠮᠦᠨ ᠨᠢ 241 ᠰᠠᠵᠢᠩ ᠠᠯᠤᠰ | ᠬᠠᠶᠢᠮᠤᠰᠤᠯᠠᠭᠰᠠᠨ ᠪᠠᠶᠢᠵᠠᠢ︾ ﹇29﹈ ᠬᠡᠵᠡᠢ᠃ ᠮᠥᠨ ᠮᠤᠩᠭᠤᠯ ᠤᠨ ᠲᠡᠦᠬᠡᠨ ᠳᠤ ᠬᠠᠪᠤᠲᠤ ᠬᠠᠰᠠᠷ ᠤᠨ ᠬᠦᠤ | ᠶᠢᠰᠤᠩᠭᠡ ᠴᠤ ︽335 ᠠᠯᠲᠠ ᠬᠤᠯᠠ ᠬᠠᠷᠪᠤᠬᠤ ᠳᠠᠭᠠᠨ ᠰᠠᠶ᠋ᠢᠬᠢ ᠬᠡᠶᠢᠪᠤᠷ ᠰᠤᠮᠤ ᠶᠢ ᠬᠡᠷᠡᠭᠯᠡᠭᠰᠡᠨ︾ ﹇30﹈ | ᠪᠠᠶᠢᠳᠠᠭ᠃ | ᠡᠨᠡ ᠪᠦᠬᠦᠢ ᠪᠠᠷᠢᠮᠲᠠ ᠠᠴᠠ ᠦᠵᠡᠬᠦ ᠳᠤ ᠬᠠᠰᠠᠷ ᠤᠨ ᠬᠠᠷᠪᠤᠭᠰᠠᠨ ᠨᠤᠮᠤ ︽ᠶᠢᠰᠤᠨ ᠵᠠᠭᠤᠨ ᠠᠯᠲᠠ ᠭᠠᠵᠠᠷ | ᠲᠤᠰᠳᠠᠭ︾ ᠪᠠᠶᠢᠭᠰᠠᠨ ᠢ ᠪᠦᠷᠢᠮᠤᠰᠤᠨ ᠳᠠᠪᠠᠭᠤᠯᠤᠯ ᠤᠨ ᠠᠷᠭ᠎ᠠ ᠶᠢ ᠠᠰᠢᠭᠯᠠᠭᠰᠠᠨ ᠬᠡᠵᠤ ᠦᠵᠡᠵᠤ ᠪᠤᠯᠬᠤ | ᠦᠬᠡᠢ᠃ ᠮᠤᠩᠭᠤᠯ ᠤᠨ ᠲᠡᠤᠬᠡᠨ ᠳᠤ ᠨᠤᠮᠤ ᠬᠠᠷᠪᠤᠭᠠᠨ ᠳᠠᠭᠠᠨ ᠣᠨᠴᠤᠭᠠᠢ ᠬᠦᠴᠦ ᠴᠢᠳᠠᠯ ᠲᠠᠢ ᠮᠡᠷᠬᠡᠨ ᠬᠦᠮᠦᠨ | ᠪᠠᠶᠢᠭᠰᠠᠨ ᠬᠡᠳᠡᠭ ᠢ ᠬᠠᠰᠠᠷ᠂ ᠶᠢᠰᠤᠩᠭᠡ ᠶᠢᠨ ᠪᠤᠲᠡᠲᠤ ᠦᠢᠯᠠ ᠪᠠᠲᠤᠲᠠᠢ ᠬᠡᠷᠡᠴᠢᠯᠡᠨ᠎ᠡ᠃ ᠡᠨᠡᠬᠦ ︽ᠬᠡᠶᠢᠪᠤᠷ ᠰᠤᠮᠤ | ︾ ᠨᠢ ᠶᠠᠭᠤᠨ ᠳᠤ ᠢᠩᠭᠢᠵᠤ ᠬᠤᠯᠠ ᠲᠤᠰᠳᠠᠭ ᠤᠨ ᠤᠴᠢᠷ ᠤᠬᠠᠭᠠᠨ ᠢ ᠰᠦᠪᠡᠭᠴᠢᠯᠠᠪᠠᠯ ᠵᠡᠪᠡ ᠬᠠᠷᠪᠤᠭ᠎ᠠ ᠬᠠᠮᠤᠭ | ᠤᠨ ᠳᠡᠯᠭᠡᠷᠡᠵᠤ ᠬᠦᠭᠵᠢᠭᠰᠡᠨ 13 — ᠳ᠋ᠤᠭᠠᠷ ᠵᠠᠭᠤᠨ ᠤ ᠦᠶ᠎ᠡ ᠳᠤ ᠨᠤᠮᠤ ᠰᠤᠮᠤ ᠬᠢᠳᠡᠭ ᠲᠠᠷᠬᠠᠳ ᠠᠴᠠ ︽ | ᠰᠤᠮᠤᠨ ᠤ ᠬᠠᠶᠢᠮᠤᠰᠤᠯᠲᠠ ᠶᠢ ᠬᠤᠯᠠ ᠪᠤᠯᠭᠠᠬᠤ ᠶᠢᠨ ᠲᠤᠯᠠᠳᠠ ᠮᠥᠰᠥ ᠶᠢ ᠲᠡᠮᠤᠷ ᠢᠶᠠᠷ ᠬᠢᠵᠤ ᠵᠢᠩ ᠢ | ᠬᠦᠨᠳᠦᠷᠡᠬᠦᠯᠦᠭᠰᠡᠨ︾ ﹇31﹈ ᠬᠡᠳᠡᠭ ᠲᠤ ᠰᠢᠯᠲᠠᠭᠳᠠᠨᠠ ᠬᠡᠵᠤ ᠪᠢ ᠦᠵᠡᠨ᠎ᠠ᠃ ᠡᠨᠡᠬᠦ ︽ᠬᠡᠶᠢᠪᠤᠷ ᠰᠤᠮᠤ︾ | ᠲᠠᠢ ᠨᠤᠮᠤ ᠶᠢᠨ ᠦᠢᠯᠡᠲᠦᠯ ᠴᠢᠳᠠᠪᠬᠢ ᠶᠢᠨ ᠤᠳᠬ᠎ᠠ ᠨᠢ ᠣᠶᠢᠷᠡᠳ ᠤᠨ ᠪᠠᠭᠠᠲᠤᠷᠯᠢᠭ ᠲᠤᠤᠯᠢᠰ ᠳᠤ ᠭᠠᠷᠴᠤ ᠪᠤᠢ | ︽ᠬᠡᠶᠢᠪᠤᠷ ᠰᠤᠮᠤ︾ ︵ᠬᠡᠶᠢᠪᠤᠷ ᠰᠠᠭᠠᠳᠠᠭ︶ ᠶᠢᠨ ᠤᠳᠬ᠎ᠠ ᠤᠳᠬ᠎ᠠ ᠲᠠᠢ ᠲᠥᠬᠡᠵᠤ ᠤᠴᠢᠳᠠᠭ ᠨᠢ ᠳᠡᠬᠡᠷᠡᠬᠢ | ᠦᠵᠡᠯᠲᠠ ᠶᠢ ᠬᠠᠵᠠᠭᠤ ᠲᠠᠯ᠎ᠠ ᠠᠴᠠ ᠪᠠᠲᠤᠯᠠᠨ᠎ᠠ᠃ ᠲᠤᠬᠠᠶᠢᠯᠠᠪᠠᠯ᠄ ᠲᠤᠳᠤ ᠦᠰᠦᠭ ᠤᠨ ᠪᠢᠴᠢᠮᠠᠯ ︽ᠬᠠᠨ | ᠬᠠᠷᠠᠩᠭᠤᠢ︾ ᠳᠤᠤᠯᠢᠰ ᠳᠤ ︽ᠬᠠᠨ ᠬᠠᠷᠠᠩᠭᠤᠢ ᠮᠢᠩᠭᠠᠨ ᠬᠦᠴᠦᠳᠤ ᠵᠠᠭᠠᠨ ᠴᠠᠭᠠᠨ ᠨᠤᠮᠤᠨ ᠳᠠᠭᠠᠨ ᠬᠦᠳᠦᠯ | ᠤᠨᠢᠳᠤ ᠬᠦᠳᠡᠭᠡ ᠡᠩᠲᠤ ︿ᠬᠡᠶᠢᠪᠤᠷ﹀ ᠴᠠᠭᠠᠨ ᠰᠤᠮᠤ ᠪᠠᠷ ᠤᠨᠢᠯᠠᠭᠠᠳ᠃ ᠠᠷᠤ ᠳᠠᠭᠠᠨ ᠳᠠᠳᠠᠵᠤ ᠠᠯᠠ ᠳᠠᠭᠠᠨ | ᠲᠦᠭᠦᠷᠭᠡᠭᠡᠳ᠂ ᠡᠮᠤᠨ᠎ᠠ ᠪᠠᠨ ᠲᠠᠲᠠᠵᠤ ᠲᠡᠯᠮᠡᠨ ᠳᠡᠭᠡᠨ ᠲᠦᠬᠦᠷᠬᠡᠬᠡᠳ᠃ ᠰᠤᠮᠤᠨ ᠤ ᠲᠡᠮᠤᠷ ᠠᠴᠠ ᠭᠠᠯ | ᠪᠠᠳᠠᠷᠠᠭᠤᠯᠤᠭᠠᠳ᠃ ᠡᠮᠤᠨ᠎ᠡ ᠠᠴᠠ ᠨᠢ ᠤᠲᠤᠭ᠎ᠠ ᠪᠤᠷᠬᠢᠯᠤᠭᠠᠳ᠃ ᠬᠠᠲᠠᠨ ᠴᠡᠩᠭᠡᠯ ᠤᠨ ᠬᠠᠷ᠎ᠠ ᠵᠢᠷᠤᠬᠡᠨ ᠤ | ᠴᠠᠭᠠᠨ ᠲᠤᠯᠲᠤ ᠪᠤᠯᠲᠤᠭᠠᠢ ᠬᠢᠬᠡᠳ ᠲᠠᠲᠠᠭᠠᠳ ᠲᠠᠯᠪᠢᠭᠠᠳ ᠤᠷᠬᠢᠪᠠ︾ ﹇32﹈ ᠬᠡᠵᠤ ᠪᠠᠶᠢᠬᠤ ᠳᠤ ︽ᠵᠠᠩᠭᠠᠷ︾ | ᠤᠨ ᠲᠤᠤᠯᠢᠰ ᠤᠨ ︽ᠠᠯᠳᠠᠨ ᠴᠡᠭᠡᠵᠢ ᠪᠠᠪᠠ᠂ ᠠᠯᠳᠠᠷ ᠵᠠᠩᠭᠠᠷ ᠬᠤᠶᠠᠷ ᠤᠨ ᠪᠠᠶᠢᠷᠢ ᠪᠠᠷᠢᠯᠳᠤᠭᠰᠠᠨ ᠪᠦᠯᠦᠭ︾ | ᠳᠤ ᠠᠯᠲᠠᠨ ᠴᠡᠬᠡᠵᠢ ᠪᠠᠪᠠ ︽ᠠᠷᠠᠭ ᠤᠯᠠᠭᠠᠨ ᠬᠦᠯᠦᠭ ᠠᠴᠠ ᠪᠠᠨ ᠪᠠᠭᠤᠭᠠᠳ / ᠲᠦᠤᠪᠦᠷ ᠮᠥᠩᠭᠦᠨ | ᠬᠦᠪᠴᠢᠭ ᠳᠡᠬᠡᠷ᠎ᠡ ᠪᠠᠨ / ᠬᠥᠬᠡ ᠬᠢᠪᠡᠷ ᠰᠠᠭᠠᠳᠠᠭ ᠢ ᠲᠠᠯᠪᠢᠭᠠᠳ / ᠤᠨᠢ ᠠᠴᠠ ᠨᠢ ᠤᠲᠤᠭ᠎ᠠ ᠭᠠᠷᠭᠠᠨ | ᠲᠠᠲᠠᠭᠠᠳ / ᠦᠵᠦᠬᠦᠷ ᠠᠴᠠ ᠨᠢ ᠭᠠᠯ ᠭᠠᠷᠭᠠᠨ ᠲᠠᠲᠠᠭᠠᠳ / ᠭᠤᠷᠪᠠᠨ ᠭᠤᠤᠯ ᠤᠨ ᠭᠠᠳᠴᠠ ᠠᠴᠠ / | ᠡᠯᠢᠶᠠᠨ ᠰᠡᠬᠦᠯ ᠡᠭ᠍ᠴᠡ ᠵᠢᠯᠢᠩ ᠢᠶᠠᠷ ᠬᠠᠷᠪᠤᠪᠠ︾ ﹇33﹈ ᠬᠡᠵᠤ ᠢᠯᠡᠷᠡᠨ ︽ᠬᠠᠯᠢᠮᠠᠭ ᠵᠠᠩᠭᠠᠷ︾ ᠤᠨ ︽ | ᠳᠣᠭᠰᠢᠨ ᠵᠠᠮᠪᠠᠯ ᠬᠠᠭᠠᠨ ᠤ ᠭᠠᠯᠵᠠᠭᠤ ᠳᠤᠯᠤᠭᠠᠨ ᠪᠣᠲᠣᠩ ᠢ ᠠᠰᠤᠷᠤ ᠤᠯᠠᠭᠠᠨ ᠬᠤᠩᠭᠤᠷ ᠭᠦᠨᠲᠤ ᠭᠠᠷ ᠲᠠᠢ | ᠰᠠᠪᠠᠷ ᠬᠤᠶᠠᠷ ᠲᠦᠷᠦᠶᠢᠴᠡᠭᠦᠯᠦᠭᠰᠡᠨ ᠪᠦᠯᠦᠭ︾ ᠲᠤ ︽᠁ ᠤᠷᠳᠤ ᠬᠠᠷ᠎ᠠ ᠠᠳᠠᠷᠠᠨ ︵ᠰᠠᠭᠠᠳᠠᠭ — | ᠡᠰᠢᠯᠡᠭᠴᠢ︶ ᠳᠠᠭᠠᠨ / ᠠᠯᠳᠠᠨ ᠦᠨ᠎ᠡ ᠲᠠᠢ ᠬᠦᠬᠡ ᠬᠢᠢᠪᠡᠷ ᠵᠢᠯᠪᠢᠩ ︿ᠵᠢᠯᠢᠩ ︵ᠰᠤᠮᠤ︶ — ᠡᠰᠢᠯᠡᠭᠴᠢ﹀ ᠢ | / ᠠᠮᠢᠨ ᠭᠤᠤᠯ ᠳᠤᠨᠢ ᠵᠦᠪᠯᠡᠭᠡᠳ ᠵᠤᠭᠰᠤᠪᠠ︾ ﹇34﹈ ᠬᠡᠵᠤ ᠢᠯᠡᠷᠡᠳᠡᠭ᠃ ᠮᠥᠨ ᠵᠤᠤᠨᠠᠢ ᠶᠢᠨ ᠭᠠᠷ | ᠪᠢᠴᠢᠮᠠᠯ ︽ᠵᠠᠩᠭᠠᠷ︾ ᠤᠨ ︽ᠠᠷᠰᠠᠯᠠᠩ ᠠᠯᠲᠠᠢ ︿ᠰᠠᠶᠢᠬᠠᠨ﹀ ᠵᠤᠤ ᠶᠢᠨ ᠲᠣᠯᠣᠭᠠᠶᠢᠯᠠᠭᠴᠢ ᠬᠤᠰᠢᠭᠤᠨ | ᠤᠯᠠᠭᠠᠨ ᠬᠠᠭᠠᠨ ᠤ ᠡᠬᠢᠨ ᠪᠥᠯᠥᠭ︾ ᠲᠤ ᠭᠠᠷᠳᠠᠭ ᠠᠯᠲᠠᠨ ᠴᠡᠭᠡᠵᠢ ᠪᠠᠪᠠ ᠶᠢᠨ ᠬᠥᠪᠡᠬᠦᠨ ᠠᠯᠢᠶ᠎ᠠ ᠱᠤᠩᠬᠤᠷ | ᠤᠨ ᠵᠡᠷ ᠵᠡᠪᠰᠡᠭ ᠨᠢ ︽ᠠᠲᠠᠭᠠᠲᠤ ᠠᠪᠤ ᠤᠨ ᠶᠣᠰᠤᠭᠠᠷ ᠠᠭᠰᠠᠭᠰᠠᠨ᠂ ᠦᠢᠯᠠᠲᠤ ᠶᠢᠨ ᠭᠤᠷᠪᠠᠨ ᠣᠨᠣᠪᠴᠢ ᠵᠢᠯᠢᠩ | ᠲᠠᠢ᠂ ᠡᠭᠦᠯᠡᠨ ᠥᠩᠭᠡᠲᠠᠢ ᠬᠥᠬᠡ ᠬᠢᠪᠢᠷ ᠨᠤᠮᠤ ᠰᠤᠮᠤ ᠲᠠᠢ ᠬᠡᠨ᠎ᠡ᠃︾ ﹇35﹈ ᠬᠡᠵᠤ ᠲᠤᠬᠢᠶᠠᠯᠲᠤᠲᠠᠭ᠃ | ᠡᠨᠡᠬᠦ ᠦᠬᠦᠯᠡᠮᠵᠢ ᠠᠴᠠ ᠦᠵᠡᠪᠠᠰᠤ ︽ᠬᠡᠶᠢᠪᠤᠷ ᠰᠣᠮᠣᠨ︾ ᠤ ᠲᠡᠮᠤᠷ ᠠᠴᠠ ᠭᠠᠯ ᠤᠲᠤᠭ᠎ᠠ ᠪᠤᠷᠬᠢᠯᠤᠵᠤ ᠡᠰᠡᠷᠬᠦ | ᠡᠲᠡᠬᠡᠳ ᠢᠶᠠᠨ ᠬᠠᠭ᠎ᠠ ᠬᠠᠷᠪᠤᠳᠠᠭ ᠬᠤᠯᠠ ᠲᠤᠰᠳᠠᠭ ᠢᠳᠢ ᠰᠢᠳᠢ ᠲᠠᠢ ᠬᠦᠴᠤᠲᠤ ᠰᠤᠮᠤ ᠪᠤᠯᠬᠤ ᠨᠢ ᠲᠤᠤᠯᠢᠰ | ᠤᠨ ᠤᠷᠤᠨ ᠵᠠᠢ ᠶᠢᠨ ᠤᠬᠠᠮᠰᠠᠷ ᠲᠤ ᠦᠨᠲᠦᠰᠦᠯᠡᠭᠰᠡᠨ ᠪᠠᠶᠢᠳᠠᠭ᠃ ᠴᠢᠨᠠᠭᠰᠢ ᠡᠳᠡᠭᠡᠷ ᠦᠬᠦᠯᠡᠮᠵᠢ ᠶᠢ ᠤᠳᠬ᠎ᠠ | ᠵᠥᠢ ᠶᠢᠨ ᠡᠬᠦᠳᠡᠨ ᠠᠴᠠ ᠲᠤᠩᠭᠠᠨ ᠦᠵᠡᠪᠠᠯ ︽ᠨᠢᠭᠤᠴᠠ ᠲᠤᠪᠴᠢᠶᠠᠨ︾ ᠳᠤ ︽ᠬᠡᠶᠢᠪᠤᠷ ᠰᠤᠮᠤ︾ ᠭᠡᠭᠦ ᠨᠡᠷ᠎ᠡ | ᠨᠢ ᠰᠤᠮᠤᠨ ᠤ ᠲᠤᠰᠬᠠᠢ ᠨᠡᠷᠡᠶᠢᠲᠤᠯᠭᠡ ᠶᠢ ᠵᠢᠭᠠᠵᠤ ᠪᠠᠶᠢᠭᠰᠠᠨ ᠪᠣᠯ ︽ᠵᠠᠩᠭᠠᠷ︾᠂ ︽ᠬᠠᠨ ᠬᠠᠷᠠᠩᠭᠤᠢ︾ | ᠲᠤᠤᠯᠢᠰ ᠤᠨ ᠡᠬᠦᠰᠦᠨ ᠲᠥᠯᠥᠪᠵᠢᠭᠰᠡᠨ ᠴᠠᠭ ᠦᠶ᠎ᠠ ᠳᠤ ᠢᠷᠡᠭᠡᠳ ᠬᠠᠶᠠ ᠳᠠᠭᠠᠨ ᠰᠠᠭᠠᠳᠠᠭ ᠢᠶᠠᠨ | ᠲᠤᠲᠤᠳᠬᠠᠵᠤ ︽ᠬᠥᠬᠡ ᠬᠢᠢᠪᠠᠷ ᠰᠠᠭᠠᠳᠠᠭ︾ ᠭᠡᠵᠤ ᠢᠯᠡᠷᠡᠳᠡᠭ ᠪᠣᠯ ᠬᠠᠶᠠ ᠳᠠᠭᠠᠨ ᠰᠤᠮᠤ ᠪᠠᠨ ᠲᠤᠲᠤᠳᠬᠠᠵᠤ | ︽ᠬᠥᠬᠡ ᠬᠢᠢᠪᠠᠷ ᠵᠢᠯᠢᠩ ︵ᠰᠤᠮᠤ︶︾᠂ ︽ᠬᠡᠶᠢᠪᠤᠷ ᠴᠠᠭᠠᠨ ᠰᠤᠮᠤ︾ ᠬᠡᠵᠤ ᠢᠯᠡᠷᠡᠳᠡᠭ ᠪᠤᠯᠤᠭᠰᠠᠨ ᠨᠢ ᠲᠡᠤᠬᠡ | ᠶᠢᠨ ᠴᠠᠭ ᠤᠨ ᠤᠬᠠᠮᠰᠠᠷ ᠠᠴᠠ ᠲᠤᠤᠯᠢᠰ ᠤᠨ ᠴᠠᠭ ᠤᠨ ᠤᠬᠠᠮᠰᠠᠷ ᠤᠷᠤᠭᠤ ᠤᠯᠠᠷᠢᠵᠤ ᠰᠢᠯᠵᠢᠭᠰᠡᠨ ᠶᠠᠪᠤᠴᠠ | ᠪᠠᠶᠢᠭ᠎ᠠ ᠪᠤᠲᠠᠲᠤ ᠲᠥᠷᠥᠭᠳᠡᠯ ᠢ ᠲᠦᠷᠦᠬᠦᠯᠦᠨᠠ᠃ | ᠬᠤᠵᠢᠭᠤ ᠡᠷᠲᠡᠨ ᠤ ᠲᠡᠤᠬᠡᠨ ᠰᠤᠷᠪᠤᠯᠵᠢ ᠪᠣᠯᠬᠤ ︽ᠡᠷᠳᠡᠨᠢ ᠶᠢᠨ ᠲᠣᠪᠴᠢ︾ ᠳᠤ ᠳᠥᠴᠢᠨ ᠳᠥᠷᠪᠡᠨ ᠬᠤᠶᠠᠷ | ᠤᠨ ᠶᠡᠭᠡᠰ᠂ ᠬᠠᠭᠠᠨ ᠲᠥᠷᠥ ᠶᠢᠨ ᠲᠤᠬᠠᠢ ᠮᠠᠷᠭᠤᠯᠳᠠᠵᠤ ᠦᠬᠦᠯᠡᠯᠳᠡᠷᠡᠬᠦ ᠳᠤ ᠲᠣᠬᠠᠨ ᠲᠠᠶᠢᠰᠢ ᠬᠠᠭᠠᠨ ᠴᠣᠯᠠ | ᠠᠪᠰᠤᠭᠠᠢ ᠭᠡᠮᠡᠨ ᠡᠵᠡᠨ ᠳᠤ ᠲᠠᠪᠢᠭ ᠲᠠᠯᠪᠢᠭᠠᠳ ᠤᠷᠪᠠᠭ᠋ᠤᠯᠠ ᠠᠨᠤ᠂ ᠦᠵᠡᠪᠠᠰᠤ ︽ᠡᠴᠡᠨ ᠤ ᠠᠯᠳᠠᠨ ᠬᠤᠤᠷ | ᠲᠠᠰ ᠭᠡᠮᠡᠨ ᠲᠠᠬᠤᠨ ᠬᠠᠷᠠᠬᠤᠢ ᠲᠤᠷ᠃ ᠳᠡᠷᠭᠡᠳᠡᠬᠢᠨ ᠠᠠᠤ ᠬᠠᠷᠠᠴᠤ ᠦᠵᠡᠪᠠᠴᠤ᠃ ᠲᠤᠮᠲᠠᠲᠤ ᠢᠲᠣᠨ ᠲᠠᠬᠢ | ᠢᠭᠡᠨ ᠬᠡᠶᠢᠪᠣᠷ ᠴᠢᠴᠠᠷᠠ ᠴᠤ ᠬᠥᠳᠡᠯᠣᠨ ᠠᠪᠠᠢ᠃ ᠮᠥᠨ ᠲᠠᠷᠣᠶᠠ ᠲᠤᠬᠠᠨ ᠲᠠᠶᠢᠰᠢ ᠶᠢᠨ ᠬᠠᠪᠠᠷ ᠠᠮᠠᠨ ᠠᠠᠤ᠃ | ᠴᠢᠰᠤᠨ ᠤᠷᠬᠢᠴᠤ ᠮᠠᠩᠳᠠ ᠠᠬᠤᠢ ᠲᠤᠷ᠃ ᠲᠡᠬᠢᠯ ᠢ ᠠᠠᠤ ᠲᠠᠶᠢᠯᠴᠤ ᠰᠡᠷᠬᠢᠷᠡᠬᠦᠯᠦᠨ ᠪᠦᠬᠦᠶᠠ᠃ ᠬᠤᠶᠠᠷ ᠲᠠᠯᠤᠨ | ᠤ ᠬᠤᠬᠤᠷ ᠲᠤᠮᠳᠠ ᠢᠠᠤ᠃ ᠰᠤᠮᠤᠨ ᠤ ᠬᠡᠷᠪᠢᠭᠡᠰᠤᠨ ᠮᠡᠲᠤ ᠰᠣᠷᠪᠢ ᠬᠠᠷᠤᠭᠰᠠᠨ ᠢ ᠬᠤᠳᠠᠯᠬᠠᠷ ᠦᠴᠡᠪᠡᠢ᠃ | ᠲᠡᠨᠳᠡᠴᠡ ᠡᠴᠡᠨ ᠤ ᠬᠤᠤᠷ ᠲᠤᠷ ᠣᠲᠠᠴᠤ ᠦᠴᠡᠪᠠᠰᠤ᠃ ᠲᠤᠮᠲᠠᠲᠤ ᠢᠳᠤᠨ ᠲᠠᠬᠢ ᠢᠭᠡᠨ ᠬᠡᠶᠢᠪᠤᠷ ᠤᠨ᠃ | ᠲᠡᠮᠤᠷ ᠤᠠᠢᠨ ᠬᠤᠶᠠᠷᠠ ᠠᠠᠤ᠃ ᠴᠢᠰᠤᠨ ᠪᠦᠬᠦᠢ ᠦᠴᠡᠴᠤ᠃ ᠳᠥᠴᠢᠨ ᠳᠥᠷᠪᠡᠨ ᠪᠦᠬᠦᠨ ᠢᠶᠠᠷ᠃ ᠡᠴᠡᠨ ᠡᠰᠡ | ᠲᠠᠬᠠᠯᠠᠪᠠᠢ ᠭᠡᠮᠡᠯᠳᠤᠵᠤᠬᠦᠢ︾ ﹇36﹈ ᠭᠡᠵᠤ ᠢᠯᠡᠷᠡᠳᠡᠭ᠃ | ︽ᠨᠢᠭᠤᠴᠠ ᠲᠤᠪᠴᠢᠶᠠᠨ︾ ᠳᠤ ︽ᠬᠡᠶᠢᠪᠤᠷ ᠰᠤᠮᠤ︾ ᠭᠡᠵᠤ ᠲᠤᠬᠢᠶᠠᠯᠲᠤᠲᠠᠭ ᠪᠣᠯ ᠬᠠᠷᠢᠨ ᠰᠠᠭᠠᠩ ᠰᠡᠴᠡᠨ ᠤ | ᠲᠤᠭᠤᠷᠪᠢᠭᠰᠠᠨ ︽ᠡᠷᠳᠡᠨᠢ ᠶᠢᠨ ᠲᠣᠪᠴᠢ︾ ︵ᠠᠯᠠᠭ ᠰᠦᠯᠳᠠ ᠶᠢᠨ ᠳᠡᠪᠳᠡᠷ︶ ᠳᠤ ︽ᠬᠡᠶᠢᠪᠤᠷ︾ ᠬᠡᠵᠤ | ᠬᠤᠶᠠᠷ ᠤᠳᠠᠭ᠎ᠠ ᠢᠯᠡᠷᠡᠨ ᠤᠭ ︽ᠬᠡᠶᠢᠪᠤᠷ ᠰᠤᠮᠤ︾ ᠬᠡᠬᠦ ᠦᠭᠡ ᠶᠢᠨ ᠨᠡᠷ᠎ᠡ ᠶᠢ ᠨᠢ ᠤᠷᠬᠢᠵᠤ ᠭᠡᠭᠡᠭᠳᠡᠭᠦᠯᠥᠨ | ᠲᠤᠲᠤᠳᠬᠠᠯ ᠢᠶᠠᠷ ᠨᠡᠷ᠎ᠡ ᠪᠠᠨ ᠤᠷᠤᠭᠤᠯᠤᠭᠰᠠᠨ ᠦᠭᠡ ᠪᠤᠯᠵᠤ ᠦᠯᠡᠳᠡᠵᠤ ᠢᠷᠡᠭᠰᠡᠨ ᠪᠠᠶᠢᠨ᠎ᠠ᠃ ᠡᠷᠳᠡᠨ ᠤ | ᠲᠤᠯᠭᠤᠷ ᠪᠢᠴᠢᠭ ᠤᠳ ᠲᠤ ᠵᠠᠷᠢᠮ ︽ᠪᠢᠴᠢᠭᠡᠴᠢ ᠨᠠᠷ ᠤᠨ ᠬᠠᠶᠢᠬᠤᠷᠠᠮᠵᠢ ᠦᠭᠡᠢ ᠠᠴᠠ ᠪᠤᠯᠵᠤ ᠤᠴᠢᠷ ᠰᠢᠯᠲᠠᠭᠠᠨ | ᠦᠭᠡᠢ ᠤᠷᠬᠢᠵᠤ ᠬᠡᠬᠡᠭᠰᠠᠨ ᠬᠡᠰᠡᠭ ᠪᠥᠯᠥᠭ ᠴᠥᠬᠡᠨ ᠦᠭᠡᠢ ᠲᠤᠬᠢᠶᠠᠯᠲᠤᠬᠤ ᠠᠵᠢ᠃ ᠲᠡᠳᠡᠭᠡᠷ ᠨᠢ ᠰᠠᠶᠢᠨ | ᠠᠩᠬᠠᠷᠤᠯ ᠦᠭᠡᠢ᠂ ᠮᠥᠷ ᠠᠯᠭᠠᠰᠤᠨ ᠪᠢᠴᠢᠭᠡᠳ ᠶᠠᠪᠤᠴᠢᠬᠠᠭᠰᠠᠨ ᠪᠠᠶᠢᠳᠠᠯ ᠲᠠᠢ ᠪᠠᠶᠢᠬᠤ︾ ﹇37﹈ ᠦᠵᠡᠭᠳᠡᠯ | ᠢᠯᠡᠷᠡᠭᠡᠳ ᠪᠠᠶᠢᠳᠠᠭ᠃ ᠡᠶᠢᠮᠤ ᠠᠴᠠ ᠲᠤᠯᠭᠤᠷ ᠪᠢᠴᠢᠭ ᠤᠳ ᠳᠤ ᠵᠠᠷᠢᠮ ᠨᠢᠭᠡ ᠲᠤᠲᠤᠳᠬᠠᠯ ᠨᠡᠷ᠎ᠡ ᠦᠭᠡᠰ ᠤᠨ | ᠲᠤᠲᠤᠳᠬᠠᠯ ᠪᠤᠶᠤ ᠨᠡᠷ᠎ᠡ ᠶᠢ ᠨᠢ ᠭᠡᠭᠡᠵᠤ ᠤᠷᠬᠢᠬᠤ ᠪᠠᠶᠢᠳᠠᠯ ᠨᠢ ᠡᠩ ᠤᠨ ᠬᠡᠷᠡᠭ ᠪᠤᠶᠤ᠃ ᠡᠨᠡ ᠨᠢ ᠮᠠᠨ ᠤ | ᠰᠤᠲᠤᠯᠬᠤ ᠵᠤᠷᠢᠯᠭ᠎ᠠ ᠪᠢᠰᠢ ᠪᠤᠯᠬᠤᠷ ᠠᠷᠪᠢᠨ ᠶᠠᠷᠢᠬᠤ ᠦᠭᠡᠢ᠃ ᠳᠤᠤᠷ᠎ᠠ ︽ᠡᠷᠳᠡᠨᠢ ᠶᠢᠨ ᠲᠣᠪᠴᠢ︾ ᠳᠠᠬᠢ | ᠤᠤᠯ ᠦᠭᠡ ᠶᠢᠨ ᠬᠦᠷᠢᠶ᠎ᠠ ᠬᠡᠪᠴᠢᠶ᠎ᠠ ᠪᠠ ᠤᠷᠴᠢᠨ ᠠᠬᠤᠢ ᠠᠴᠠ ᠲᠡᠬᠦᠨ ᠤ ᠤᠳᠬ᠎ᠠ ᠰᠢᠨᠵᠢ ᠶᠢ ᠨᠠᠷᠢᠨ | ᠨᠢᠭᠲᠠᠯᠠᠨ ᠰᠢᠨᠵᠢᠯᠡᠭᠡ ᠬᠢᠰᠤᠬᠡᠢ᠃ | ᠤᠤᠯ ᠦᠬᠦᠯᠮᠵᠢ ᠳᠤ ︽ᠡᠴᠡᠨ ᠤ ᠠᠯᠳᠠᠨ ᠬᠤᠤᠷ ᠲᠠᠰ ᠭᠡᠮᠡᠨ ᠲᠠᠬᠤᠨ ᠬᠠᠷᠠᠬᠤᠢ ᠲᠤᠷ᠃ ᠳᠡᠷᠭᠡᠳᠡᠬᠢᠨ ᠠᠠᠤ | ᠬᠠᠷᠠᠴᠤ ᠦᠵᠡᠪᠠᠴᠤ᠃ ᠲᠤᠮᠲᠠᠲᠤ ᠢᠲᠣᠨ ᠲᠠᠬᠢ ᠢᠭᠡᠨ ᠬᠡᠶᠢᠪᠣᠷ ᠴᠢᠴᠠᠷᠠ ᠴᠤ ᠬᠥᠳᠡᠯᠣᠨ ᠠᠪᠠᠢ︾ ᠬᠡᠮᠡᠵᠥᠬᠦᠢ᠃ | ᠡᠨᠡ ᠦᠬᠦᠯᠡᠮᠵᠢ ᠳᠤ ᠤᠭ ᠦᠭᠡ ᠶᠢᠨ ᠰᠤᠮᠤ ᠶᠢᠨ ᠦᠢᠯᠡᠳᠦᠯ ᠴᠢᠳᠡᠪᠬᠢ ᠶᠢᠨ ᠤᠨᠴᠠᠯᠢᠭ ᠢ ᠢᠯᠡᠷᠡᠬᠦᠯᠵᠤ ︽ | ᠲᠠᠰ ᠭᠡᠮᠡᠨ ᠳ᠋ᠠᠬᠤᠨ ︵ᠲᠠᠭᠤᠨ︶ ᠭᠠᠷᠳᠠᠭ︾ ᠠᠵᠢ᠃ ᠲᠣᠣᠷ᠎ᠠ ᠡᠨᠡᠬᠦ ︽ᠲᠠᠰ ᠭᠡᠮᠠᠨ︾ ᠬᠡᠬᠦ ᠳᠠᠶᠢᠪᠤᠷᠢ ᠦᠭᠡ | ᠶᠢᠨ ᠲᠣᠬᠠᠢ ᠲᠠᠶᠢᠯᠣᠮᠵᠢ ᠬᠡᠵᠤ ᠰᠢᠨᠵᠢᠯᠡᠬᠦ ᠨᠢ ᠤᠭ ᠦᠭᠡ ᠶᠢᠨ ᠤᠳᠬ᠎ᠠ ᠶᠢ ᠲᠤᠳᠤᠷᠬᠠᠶᠢᠯᠠᠬᠤ ᠳᠤ ᠰᠦᠪᠡᠭᠴᠢ | ᠶᠢᠨ ᠦᠢᠯᠡᠲᠦᠯ ᠡᠬᠦᠷᠭᠡ ᠦᠵᠡᠬᠦᠯᠳᠡᠭ ᠪᠤᠶᠤ᠃ | ︽ᠬᠤᠷᠢᠨ ᠨᠢᠭᠡᠲᠦ ᠲᠠᠶᠢᠯᠪᠣᠷᠢ ᠲᠤᠯᠢ︾ ᠳᠤ ︽ᠲᠠᠰ ᠭᠡᠵᠤ — ᠬᠠᠷᠪᠤᠭᠰᠠᠨ ᠵᠡᠪᠰᠡᠭ ᠦᠴᠤᠭᠡᠨ | ᠳᠠᠭᠠᠷᠢᠭᠳᠠᠭᠰᠠᠨ ᠴᠢᠮᠡᠭᠡ᠃ ᠪᠠᠰᠠ ᠲᠠᠰ ᠲᠣᠰ ᠭᠡᠮᠡᠨ ᠬᠤᠯᠪᠤᠵᠤ ᠬᠡᠯᠡᠯᠴᠡᠮᠤᠢ᠃ ᠬᠥᠳᠡᠯᠬᠦ ᠠᠭᠠᠰᠢᠯᠠᠬᠤ ᠲᠦᠷᠭᠡᠨ | ᠪᠠᠶᠢᠳᠠᠯ᠃︾ ﹇38﹈ ᠭᠡᠮᠡᠪᠠ᠃ ︽ᠬᠤᠷᠢᠨ ᠨᠠᠢᠮᠠᠲᠣ ᠲᠠᠶᠢᠯᠪᠤᠷᠢ ᠲᠤᠯᠢ︾ ᠳᠤ ︽ᠲᠠᠰ ᠭᠡᠵᠤ — | ᠬᠠᠷᠪᠤᠭᠰᠠᠨ ᠰᠤᠮᠤ ᠮᠡᠲᠤ ᠶᠠᠭᠤᠮ᠎ᠠ᠂ ᠬᠠᠲᠠᠭᠤ ᠶᠠᠭᠤᠮᠠᠨ ᠳᠤ ᠤᠨᠤᠭᠳᠠᠬᠤ ᠴᠢᠮᠡᠭᠡ ᠶᠢ ᠲᠠᠰ ᠭᠡᠵᠤ ᠤᠨᠤᠪᠠ | ᠬᠡᠮᠡᠮᠤᠢ᠃ ᠪᠠᠰᠠ ᠠᠯᠢᠪᠠ ᠬᠠᠲᠠᠭᠤ ᠶᠠᠭᠤᠮ᠎ᠠ ᠶᠢᠨ ᠬᠤᠭᠤᠷᠠᠬᠤ ᠪᠠ ᠴᠤᠬᠢᠭᠳᠠᠬᠤ ᠶᠢᠨ ᠲᠤᠤᠭᠠᠷᠠᠬᠤ ᠴᠢᠮᠡᠭᠡ ᠶᠢ | ᠮᠥᠨ ᠲᠠᠰ ᠭᠡᠵᠤ ᠬᠤᠭᠤᠷᠠᠪᠠ ᠬᠡᠮᠡᠮᠤᠢ᠃︾ ﹇39﹈ ᠬᠡᠮᠡᠪᠠ᠃ ᠱᠠᠭᠵᠠ ᠶᠢᠨ ︽ᠮᠤᠩᠭᠤᠯ ᠬᠡᠯᠡᠨ ᠤ | ᠲᠠᠶᠢᠯᠪᠤᠷᠢ ᠲᠤᠯᠢ︾ ᠳᠤ ︽ᠲᠠᠰ ᠭᠡᠵᠤ — ᠬᠠᠷᠪᠤᠭᠰᠠᠨ ᠵᠡᠪᠰᠡᠭ ᠦᠴᠤᠭᠡᠨ ᠳᠠᠭᠠᠷᠢᠭᠳᠠᠭᠰᠠᠨ ᠴᠢᠮᠡᠭᠡ᠃︾ ﹇ | 40﹈ ᠬᠡᠮᠡᠪᠠ᠃ ᠡᠳᠡᠭᠡᠷ ᠲᠠᠶᠢᠯᠤᠮᠵᠢ ᠠᠴᠠ ᠮᠥᠷᠳᠡᠨ ᠰᠢᠨᠵᠢᠯᠠᠪᠠᠰᠤ ︽ᠬᠡᠶᠢᠪᠤᠷ︾ ᠠᠨᠤ ︽ᠲᠤᠤᠭᠠᠷᠠᠬᠤ ᠴᠢᠮᠡᠭᠡ | ᠭᠠᠷᠳᠠᠭ ᠲᠠᠭᠤᠲᠤ ᠰᠤᠮᠤ︾ ᠪᠣᠯᠬᠤ ᠶᠢᠨ ᠤᠤᠷ ᠤᠳᠬ᠎ᠠ ᠠᠨᠤ ᠲᠡᠤᠬᠡᠨ ᠴᠠᠭ ᠤᠷᠤᠨ ᠵᠠᠢ ᠶᠢᠨ ᠤᠬᠠᠮᠰᠠᠷ ᠤᠨ | ᠦᠢᠯᠡᠳᠦᠯᠬᠡ ᠶᠢᠨ ᠲᠤᠮᠳᠠ ᠦᠨᠳᠦᠰᠤᠯᠡᠭᠰᠡᠨ ᠪᠠᠶᠢᠳᠠᠭ᠃ | ︵2︶ ︽ᠬᠡᠶᠢᠪᠤᠷ ᠰᠤᠮᠤ︾ ᠭᠡᠬᠦ ᠨᠡᠷ᠎ᠡ ᠶᠢᠨ ᠬᠡᠯᠪᠡᠷᠢ ᠲᠦᠷᠬᠦ ᠶᠢᠨ ᠤᠳᠬ᠎ᠠ ᠰᠢᠨᠵᠢ | ︽ᠳᠤᠪᠴᠢᠶᠠᠨ︾ ᠤ §195 ᠳ᠋ᠤᠭᠠᠷ ᠵᠤᠶᠢᠯ ᠳᠤ᠄ ︽ᠵᠠᠮᠤᠬ᠎ᠠ ᠪᠢᠷᠡᠭᠤ ᠶᠢᠨ ᠬᠤᠶᠠᠷ ᠡᠪᠡᠷ ᠢ ᠨᠠᠭᠠᠵᠤ | ᠨᠦᠬᠡᠯᠡᠵᠤ ᠬᠢᠭᠰᠡᠨ ᠳᠠᠭᠤᠳᠤ ᠰᠤᠮᠤ ᠪᠠᠨ ᠳᠡᠮᠤᠵᠢᠨ ᠳᠤ ᠦᠭᠴᠤ᠂ ᠳᠡᠮᠤᠵᠢᠨ ᠠᠷᠴᠠ ᠮᠤᠳᠤᠨ ᠭᠤᠳᠤᠯᠢ ︵ | ᠪᠤᠯᠴᠤᠤ︶ ᠪᠠᠨ ᠵᠠᠮᠤᠬ᠎ᠠ ᠳᠤ ᠦᠭᠴᠤ︾ ﹇41﹈ ᠬᠤᠶᠠᠳᠠᠬᠢ ᠤᠳᠠᠭ᠎ᠠ ᠠᠨᠳᠠ ᠪᠤᠯᠤᠯᠴᠠᠭᠰᠠᠨ ᠪᠦᠯᠦᠭᠡ᠃ ︽ | ᠬᠡᠶᠢᠪᠤᠷ ᠰᠤᠮᠤ︾ ᠭᠡᠬᠦ ᠦᠭᠡ ᠶᠢᠨ ᠤᠤᠯ ᠤᠳᠬ᠎ᠠ ᠨᠢ ︽ᠳᠠᠭᠤᠳᠤ ᠰᠤᠮᠤ︾ ᠪᠤᠯᠬᠤ ᠶᠢ ᠳᠡᠭᠡᠷ᠎ᠡ ᠨᠢᠭᠡᠨᠳᠡ | ᠬᠡᠳᠤᠨ ᠵᠢᠱᠢᠶ᠎ᠡ ᠪᠠᠷᠢᠮᠳᠠ ᠲᠠᠢ ᠦᠭᠦᠯᠡᠵᠤ ᠦᠩᠭᠡᠷᠡᠭᠰᠡᠨ ᠪᠢᠯᠡ᠃ ᠳᠤᠰ ᠦᠬᠦᠯᠡᠮᠵᠢ ᠳᠤ ︽ᠬᠡᠶᠢᠪᠤᠷ ᠰᠤᠮᠤ︾ ᠶᠢ | ︽ᠳᠠᠭᠤᠳᠤ ᠰᠤᠮᠤ︾ ᠪᠠᠷ ᠤᠷᠤᠭᠤᠯᠵᠤ ᠪᠢᠴᠢᠭᠰᠡᠨ ᠳᠠᠯᠳᠠ ᠰᠤᠪᠢᠩ ᠨᠢ ᠦᠬᠡ ᠶᠢᠨ ᠤᠳᠬ᠎ᠠ ᠶᠢᠨ ᠤᠷᠴᠢᠨ | ᠠᠬᠤᠢ ᠠᠴᠠ ᠢᠯᠡ ᠮᠡᠳᠡᠭᠳᠡᠵᠤ ᠪᠤᠢ᠃ ︽ᠲᠣᠪᠴᠢᠶᠠᠨ︾ ᠳᠤ ᠡᠶᠢᠮᠤᠷᠬᠦ ᠨᠢᠭᠡ ᠭᠡᠷᠡᠭ ᠪᠣᠳᠡᠰ ᠤᠨ ᠤᠤᠯ | ᠨᠡᠷᠡᠲᠤᠶᠢᠯᠭᠡ ᠶᠢ ᠲᠡᠭᠦᠨ ᠤ ᠦᠢᠯᠡᠲᠤᠯ ᠴᠢᠳᠡᠪᠬᠢ ᠪᠠᠷ ᠨᠢ ᠣᠴᠢᠵᠤ ᠥᠭᠡᠷ᠎ᠡ ᠶᠠᠩᠵᠤ ᠪᠠᠷ ᠲᠡᠮᠳᠡᠭᠯᠡᠭᠰᠡᠨ ᠵᠥᠢᠯ | ᠪᠠᠰᠠ ᠢᠯᠡᠷᠡᠳᠡᠭ᠃ ᠵᠢᠱᠢᠶᠠᠯᠠᠪᠠᠯ ︽ᠲᠣᠪᠴᠢᠶᠠᠨ︾ ᠳᠤ ︽ᠲᠡᠷᠡᠮᠡ ︵tereme︶ ᠭᠡᠳᠡᠭ ᠦᠭᠡ 6 | ᠤᠳᠠᠭ᠎ᠠ ᠲᠣᠬᠢᠶᠠᠯᠲᠤᠬᠤ ᠪᠥᠭᠡᠳ ᠠᠰᠠᠷ ᠮᠠᠶᠢᠬᠠᠨ᠂ ᠭᠡᠭᠡᠷ᠎ᠡ ᠶᠢᠨ ᠥᠷᠭᠦᠭᠡ ᠭᠡᠰᠡᠨ ᠤᠳᠬ᠎ᠠ ᠪᠠᠷ 3 ᠤᠳᠠᠭ᠎ᠠ ︵ | ᠮᠣᠩᠭᠤᠯ ᠭᠡᠷ ᠤᠨ ᠬᠠᠨ᠎ᠠ ᠶᠢ ᠪᠠᠰᠠ ᠭᠡᠯᠡᠳᠡᠭ︶ ᠭᠠᠷᠳᠠᠭ︾ ﹇42﹈ ᠨᠢ ᠡᠨᠡᠬᠦ ᠦᠵᠡᠭᠳᠡᠯ ᠤᠨ ᠲᠤᠬᠠᠢ ᠴᠢᠩᠭ᠎ᠠ | ᠲᠤᠰᠬᠠᠯ ᠪᠤᠶᠤ᠃ ︽ᠬᠡᠶᠢᠪᠤᠷ ᠰᠤᠮᠤ ︵ᠳᠠᠭᠤᠳᠤ ᠰᠤᠮᠤ︶︾ ᠶᠢᠨ ᠬᠡᠴᠡ ᠪᠦᠳᠦᠴᠡ ᠨᠢ ︽ᠪᠢᠷᠠᠭᠤ ᠶᠢᠨ ᠬᠤᠶᠠᠷ | ᠡᠪᠡᠷ ᠢ ᠨᠠᠭᠠᠵᠤ ᠨᠦᠬᠡᠯᠡᠵᠤ ᠬᠢᠭᠰᠡᠨ︾ ᠤᠴᠢᠷ ᠠᠴᠠ ᠬᠠᠷᠪᠤᠵᠤ ᠨᠠᠮᠨᠠᠬᠤ ᠳᠤ ᠨᠦᠬᠡᠨ ᠦᠵᠦᠬᠦᠷ ᠲᠤᠨᠢ ᠬᠡᠢ | ᠰᠠᠯᠬᠢ ᠤᠷᠤᠭᠰᠠᠭᠠᠷ ᠳᠡᠶᠢᠨᠬᠦ ᠳᠠᠭᠤ ᠭᠠᠷᠳᠠᠭ ᠴᠢᠳᠡᠪᠬᠢ ᠲᠠᠢ ᠪᠠᠶᠢᠳᠠᠭ᠃ ︵ᠡᠨᠡ ᠳᠤᠬᠠᠢ ᠡᠷᠳᠡᠮᠲᠡᠳ ᠤᠨ | ᠪᠦᠲᠦᠭᠡᠯ ᠡᠰᠢᠯᠡᠭᠰᠡᠨ ᠳᠣᠣᠷᠠᠬᠢ ᠵᠢᠷᠤᠭ ᠳᠦᠷᠰᠦ ᠶᠢ ᠦᠵᠡ᠃︶ | ︽ᠲᠠᠭᠤᠳᠦ ᠰᠤᠮᠦ ᠨᠢ ᠲᠠᠯ᠎ᠠ ᠨᠤᠳᠤᠭ ᠲᠤ ᠬᠤᠯᠨ ᠭᠠᠵᠠᠷ ᠠᠴᠠ ᠴᠡᠷᠢᠭ ᠤᠨ ᠶᠠᠪᠤᠳᠠᠯ ᠬᠤᠯᠪᠤᠭ᠎ᠠ ᠠᠪᠬᠤ | ᠦᠶᠡᠰ ᠬᠡᠷᠡᠭᠯᠡᠳᠡᠭ ᠨᠢᠭᠡ ᠵᠦᠢᠯ ᠤᠨ ᠪᠠᠭᠠᠵᠢ ᠮᠦᠨ᠃ ᠡᠨᠡᠬᠦ ᠰᠣᠮᠣ ᠨᠢ ᠲᠠᠭᠤ ᠭᠠᠷᠬᠤ ᠵᠡᠪᠡ ᠪᠠ ᠳᠡᠮᠤᠷ ᠤᠨ | ᠲᠦᠷᠦᠯ ᠢᠶᠠᠷ ᠪᠦᠷᠢᠯᠳᠦᠨ᠎ᠡ᠃ ᠳᠠᠭᠤ ᠭᠠᠷᠬᠤ ᠵᠡᠪᠡ ᠶᠢᠨ ᠳᠡᠭᠡᠷ᠎ᠡ ᠨᠢ ᠨᠦᠬᠡ ᠪᠤᠢ᠃ ᠬᠦᠳᠡᠷ ᠳᠤᠮᠤ ᠨᠤᠮᠤᠨ ᠤ | ᠬᠠᠷᠪᠤᠯᠳᠠ ᠶᠢᠨ ᠬᠦᠴᠦᠨ ᠤ ᠳᠤᠰᠠᠯᠠᠮᠵᠢ ᠪᠠᠷ ᠢᠰᠭᠡᠷᠴᠤ ᠭᠠᠷᠬᠤ ᠳᠠᠭᠤ ᠨᠢ ᠳᠠᠶᠢᠨ ᠪᠠᠶᠢᠯᠳᠤᠭᠠᠨ ᠳᠤ | ᠮᠡᠳᠡᠭᠡᠯᠡᠯᠳᠡ ᠶᠢᠨ ᠳᠤᠬᠢᠶ᠎ᠠ ᠶᠠᠪᠤᠭᠤᠯᠬᠤ᠂ ᠵᠠᠷᠯᠢᠭ ᠰᠠᠨᠠᠯ ᠢᠶᠠᠨ ᠳᠠᠮᠵᠢᠭᠤᠯᠬᠤ ᠪᠤᠶᠤ ᠳᠠᠶᠢᠨ ᠪᠠᠶᠢᠯᠳᠤᠭᠠᠨ ᠳᠤᠮᠳᠠ | ᠤᠷᠤᠭᠰᠢᠯᠠᠬᠤ ᠪᠤᠶᠤ ᠤᠬᠤᠷᠢᠬᠤ ᠵᠡᠷᠭᠡ ᠬᠤᠯᠠ ᠵᠠᠶᠢᠳᠤ ᠨᠢᠭᠡᠳᠤᠯᠳᠤ ᠦᠢᠯᠡ ᠠᠵᠢᠯᠯᠠᠭ᠎ᠠ ᠶᠢ ᠪᠦᠷ ᠵᠠᠬᠢᠷᠴᠤ | ᠴᠢᠳᠠᠬᠤ ᠴᠢᠳᠠᠪᠬᠢ ᠲᠠᠢ ᠪᠠᠶᠢᠳᠠᠭ︾ ﹇44﹈᠃ ᠠᠳᠡ ᠸᠯᠢᠶᠠᠮ ᠷᠦᠪᠷᠦ᠋ᠭ ᠤᠨ ᠵᠠᠮ ᠤᠨ ᠲᠡᠮᠳᠡᠭᠯᠡᠯ ᠳᠤ ᠨᠢᠬᠡᠨ | ᠰᠤᠨᠢᠨ ᠪᠠᠷᠢᠮᠲᠠ ᠪᠠᠶᠢᠭ᠎ᠠ ᠶᠢ ᠲᠤᠷᠠᠳᠪᠠᠯ ︽ᠮᠥᠩᠭᠡ ᠬᠠᠭᠠᠨ ᠠᠺᠷᠠᠭ ᠠᠴᠠ ᠢᠷᠡᠭᠰᠡᠨ ᠹᠸᠤᠳᠠᠯ ᠨᠠᠷᠡᠲᠤ ᠡᠯᠴᠢ | ᠶᠢ ᠨᠤᠲᠤᠭ ᠪᠤᠴᠠᠭᠠᠬᠤ ᠳᠤ ᠨᠢ ᠬᠠᠮᠲᠤ ᠹᠷᠠᠨᠺ ᠤᠯᠤᠰ ᠤᠨ ᠵᠦᠭ ᠢᠯᠡᠬᠡᠭᠰᠡᠨ ᠡᠯᠴᠢ ᠳᠤ ᠬᠤᠶᠠᠷ ᠬᠦᠮᠦᠨ | ᠲᠡᠯᠡᠵᠤ ᠲᠠᠲᠠᠬᠤ ᠲᠤᠮᠤ ᠬᠠᠷ᠎ᠠ ᠨᠤᠮᠤ ᠢᠰᠬᠡᠷᠤᠳᠡᠭ ᠰᠤᠮᠤ᠂ ᠮᠥᠩᠭᠦᠨ ᠪᠤᠯᠴᠤᠲᠤ ᠰᠤᠮᠤ ᠲᠤᠰ ᠪᠦᠷᠢ ᠨᠢᠵᠡᠬᠡᠳ | ᠤᠨ ᠬᠠᠮᠲᠤ ᠥᠭᠴᠤ ︿ᠴᠢ ᠡᠨᠡ ᠬᠦᠮᠦᠨ ᠢᠶᠠᠷ ᠭᠠᠵᠠᠷᠴᠢᠭᠤᠯᠤᠨ ᠹᠷᠠᠨᠺ ᠤᠨ ᠸᠠᠩ ᠳᠤ ᠤᠴᠢᠵᠤ᠂ ᠡᠬᠦᠨ ᠢ | ᠪᠡᠯᠡᠭᠯᠡᠭᠲᠤᠨ᠃ ᠬᠡᠷᠪᠡ ᠲᠠᠲᠠ ᠪᠢᠳᠠᠨ ᠲᠠᠢ ᠨᠠᠶᠢᠷᠠᠮᠲᠠᠬᠤ ᠶᠢ ᠁ ᠡᠰᠡ ᠬᠦᠰᠡᠪᠠᠰᠣ ᠡᠬᠡᠬᠦᠯᠤᠨ ᠠᠪᠴᠤ᠂ | ᠪᠢᠳᠡᠨ ᠡᠶᠢᠮᠤ ᠨᠤᠮᠤ ᠰᠤᠮᠤ ᠪᠠᠷ ᠠᠯᠤᠰ ᠬᠤᠯᠠ ᠰᠠᠶᠢᠨ ᠤᠨᠤᠭᠠᠳᠠᠭ ᠬᠡᠮᠡᠨ ᠬᠡᠯᠡᠭᠲᠤᠨ﹀︾ ﹇45﹈ ᠬᠡᠰᠡᠨ | ᠬᠡᠵᠡᠢ᠃ ᠴᠤᠬᠤᠮ ᠡᠶᠢᠮᠤ ᠬᠤᠶᠠᠷ ᠬᠦᠮᠦᠨ ᠲᠡᠯᠡᠵᠤ ᠲᠠᠲᠠᠳᠠᠭ ᠬᠠᠷ᠎ᠠ ᠨᠤᠮᠤ ᠢᠰᠬᠡᠷᠤᠳᠡᠭ ᠰᠤᠮᠤ᠂ ᠮᠥᠩᠭᠦᠨ | ᠪᠤᠯᠴᠤᠲᠤ ᠰᠤᠮᠤ ᠶᠢ ᠬᠠᠰᠠᠷ ᠶᠢᠰᠣᠩᠭᠡ ᠮᠡᠲᠤ ᠶᠢᠨ ᠴᠤᠤᠲᠤ ᠬᠠᠷᠪᠤᠭᠠᠴᠢᠳ ᠬᠠᠷᠪᠤᠳᠠᠭ ᠪᠠᠶᠢᠭᠰᠠᠨ ᠪᠢᠵᠡ᠃ | ᠡᠨᠡᠬᠦ ᠰᠣᠮᠣ ᠶᠢᠨ ᠦᠢᠯᠡᠳᠦᠯ ᠨᠢ ᠤᠤᠯ ︽ᠬᠡᠶᠢᠪᠤᠷ ᠰᠤᠮᠤ ︵ᠳᠠᠭᠤᠳᠤ ᠰᠤᠮᠤ︶︾ ᠶᠢᠨ ᠦᠢᠯᠡᠳᠦᠯ ᠬᠡᠯᠪᠡᠷᠢ | ᠲᠠᠢ ᠯᠤᠬᠢᠭ ᠳᠡᠭᠡᠷ᠎ᠡ ᠪᠠᠨ ᠤᠷᠭᠠᠨᠢᠭ ᠢᠶᠠᠷ ᠠᠪᠤᠴᠠᠯᠲᠤᠵᠤ ᠪᠤᠢ᠃ ᠴᠢᠩᠬᠢᠰ ᠬᠠᠭᠠᠨ ᠨᠠᠢᠮᠠᠨ ᠲᠠᠢ ᠪᠠᠶᠢᠯᠳᠤᠬᠤ | ᠦᠶᠡᠰ ᠬᠠᠰᠠᠷ ᠢᠶᠠᠷ ᠭᠤᠤᠯ ᠴᠡᠷᠢᠭ ᠢᠶᠠᠨ ᠵᠠᠬᠢᠷᠠᠭᠤᠯᠵᠤ ᠪᠠᠶᠢᠬᠤ ᠳᠤ ᠬᠠᠰᠠᠷ ᠨᠢ ᠥᠷᠭᠡᠨ ᠡᠩ ᠲᠠᠢ ᠰᠠᠭᠠᠳᠠᠭ | ᠢᠶᠠᠷ ᠢᠶᠠᠨ ᠳᠠᠶᠢᠰᠤᠨ ᠢ ᠰᠦᠷᠳᠡᠬᠦᠯᠬᠦ ᠪᠤᠶᠤ ᠵᠢᠯᠤᠭᠤᠳᠬᠤ ᠳᠠᠭᠠᠨ ︽ᠬᠡᠶᠢᠪᠤᠷ ᠰᠤᠮᠤ ᠪᠠᠨ ᠳᠡᠯᠢᠵᠤ ᠳᠠᠯᠪᠢᠵᠤ︾ | ᠬᠠᠷᠪᠤᠨ ︽ᠶᠡᠭᠡᠳᠡ ᠲᠠᠯᠢᠵᠤ ᠲᠠᠯᠪᠢᠪᠠᠰᠤ / ᠶᠢᠰᠤᠨ ᠵᠠᠭᠤᠨ ᠠᠯᠳᠠ ᠭᠠᠵᠠᠷ᠎ᠠ ᠬᠠᠷᠪᠤᠵᠤ / ᠲᠠᠲᠠᠵᠤ ᠲᠡᠯᠢᠵᠤ | ᠲᠠᠯᠪᠢᠪᠠᠰᠤ / ᠲᠠᠪᠤᠨ ᠵᠠᠭᠤᠨ ᠠᠯᠳᠠ ᠭᠠᠵᠠᠷ᠎ᠠ ᠬᠠᠷᠪᠤᠵᠤ︾ ᠳᠠᠷᠬᠠᠨ ᠴᠤᠯᠠ ᠪᠠᠨ ᠲᠠᠭᠤᠲᠠᠯᠠᠵᠤ ᠪᠠᠶᠢᠭᠰᠠᠨ | ᠪᠤᠶᠤ᠃ ᠮᠦᠨ ︽ᠵᠠᠩᠭᠠᠷ︾ ᠤᠨ ᠳᠤᠤᠯᠢ ᠳᠤ ︽ᠠᠯᠳᠠᠨ ᠴᠡᠭᠡᠵᠢ ᠪᠠᠪᠠ᠂ ᠠᠯᠳᠠᠷ ᠵᠠᠩᠭᠠᠷ ᠬᠤᠶᠠᠷ ᠤᠨ ᠪᠠᠶᠢᠷᠢ | ᠪᠠᠷᠢᠯᠳᠤᠭᠰᠠᠨ ᠪᠦᠯᠦᠭ︾ ᠳᠤ ︽ᠪᠦᠬᠡ ᠮᠦᠩᠬᠦᠨ ᠰᠢᠭᠰᠢᠷᠭᠡ ᠦᠶ᠎ᠡ ᠶᠢᠨ ᠦᠨᠦᠴᠢᠨ ᠵᠠᠩᠭᠠᠷ ᠢ ᠭᠠᠷ ᠲᠠᠭᠠᠨ | ᠤᠷᠤᠭᠤᠯᠵᠤ ᠳᠡᠶᠢᠯᠬᠦ ᠦᠭᠡᠢ ᠪᠤᠯᠤᠭᠠᠳ ᠪᠠᠶᠠᠨ ᠬᠥᠩᠭᠡ ᠶᠢᠨ ᠠᠯᠳᠠᠨ ᠴᠡᠭᠡᠵᠢ ᠶᠢᠨ ᠡᠭᠦᠳᠡᠨ ᠡᠩ ᠲᠠᠢ ᠬᠦᠬᠡ | ᠬᠢᠢᠪᠡᠷ ᠰᠠᠭᠠᠳᠠᠭ ᠢᠶᠠᠷ ᠳᠡᠭᠦᠨ ᠢ ᠨᠢᠭᠡ ᠳᠠᠷᠤᠵᠤ ᠰᠦᠷᠳᠡᠬᠦᠯᠬᠦ ᠬᠡᠵᠤ ᠠᠯᠳᠠᠨ ᠴᠡᠭᠡᠵᠢ ᠶᠢᠨ ᠨᠠᠢᠮᠠᠨ ᠲᠦᠮᠡᠨ | ᠮᠠᠩᠬᠠᠨ ᠬᠥᠬᠡ ᠬᠠᠯᠵᠠᠨ ᠠᠳᠤᠭᠤ ᠶᠢ ᠬᠥᠬᠡᠬᠡᠯᠬᠡᠬᠦ ᠪᠠᠷ ᠶᠠᠪᠤᠭᠤᠯᠳᠠᠭ᠃︾ ﹇46﹈ ᠡᠬᠦᠨ ᠠᠴᠠ ᠮᠥᠷᠳᠡᠨ | ᠦᠵᠡᠪᠠᠰᠣ ᠡᠨᠡᠬᠦ ᠵᠡᠷ ᠵᠡᠪᠰᠡᠭ ᠤᠨ ᠦᠢᠯᠡᠲᠦᠯ ᠭᠡᠷᠡᠭᠴᠡᠭᠡ ᠨᠢ ᠳᠠᠶᠢᠨ ᠲᠤᠯᠤᠯᠲᠤᠭᠠᠨ ᠲᠤᠮᠳᠡ ᠡᠰᠡᠷᠬᠦ ᠡᠲᠡᠭᠡᠳ | ᠢᠶᠠᠨ ᠰᠦᠷᠳᠡᠬᠦᠯᠦᠨ ᠠᠶᠤᠯᠭᠠᠳᠠᠭ ︽ᠰᠦᠷ ᠭᠦᠴᠦᠲᠤ ᠰᠤᠮᠤ︾ ᠪᠤᠯᠬᠤ ᠶᠢᠨ ᠣᠳᠬ᠎ᠠ ᠲᠦᠷᠢ ᠨᠢ ᠣᠣᠭᠠᠯ | ᠰᠤᠶᠤᠯ ᠰᠡᠳᠬᠢᠭᠦᠢ ᠶᠢᠨ ᠵᠠᠭᠪᠣᠷ ᠲᠤ ᠦᠨᠳᠦᠰᠦᠯᠡᠭᠰᠡᠨ ᠪᠠᠶᠢᠳᠠᠭ᠃ | ︵3︶ ︽ᠬᠡᠶᠢᠪᠤᠷ ᠰᠤᠮᠤ︾ ᠭᠡᠬᠦ ᠦᠭᠡ ᠶᠢᠨ ᠪᠡᠯᠭᠡᠳᠡᠯ ᠰᠠᠨᠠᠭᠠᠨ ᠤ ᠤᠳᠬ᠎ᠠ ᠰᠢᠨᠵᠢ | ︽ᠬᠡᠶᠢᠪᠤᠷ ᠰᠤᠮᠤ︾ ᠭᠡᠬᠦ ᠨᠡᠷ᠎ᠡ ᠦᠭᠡ ᠶᠢᠨ ᠪᠡᠯᠭᠡᠳᠡᠯ ᠤᠨ ᠰᠢᠨᠵᠢ ᠶᠢ ᠪᠠᠭᠠᠳᠤᠷᠯᠢᠭ ᠳᠤᠤᠯᠢᠰ ᠲᠤ | ᠳᠤᠰᠬᠠᠭᠳᠠᠭᠰᠠᠨ ᠦᠭᠡ ᠶᠢᠨ ᠤᠳᠬ᠎ᠠ ᠶᠢᠨ ᠤᠷᠴᠢᠨ ᠠᠴᠠ ᠡᠷᠢᠪᠡᠯ᠂ ︽ᠬᠠᠯᠢᠮᠠᠭ ᠵᠠᠩᠭᠠᠷ︾ ᠤᠨ ︽ | ᠲᠠᠭᠤᠳᠠᠬᠤᠯᠢ ᠶᠢᠨ ᠠᠴᠢ ᠲᠠᠭᠤᠲᠠᠢ ᠶᠢᠨ ᠬᠥᠪᠡᠭᠦᠨ ᠠᠯᠢᠶ᠎ᠠ ᠮᠤᠩᠭᠤᠯᠠᠢ ᠵᠠᠩᠭᠠᠷ ᠤᠨ ᠲᠦᠮᠡᠨ ᠨᠠᠶᠢᠮᠠᠨ ᠮᠢᠩᠭᠠᠨ | ᠤᠯᠠᠭᠠᠨ ᠵᠡᠭᠡᠷᠳᠡ ᠶᠢ ᠭᠥᠭᠡᠭᠡᠭᠰᠡᠨ ᠪᠥᠯᠥᠭ︾ ᠲᠤ ᠬᠦᠨᠳᠤ ᠭᠠᠷ ᠲᠠᠢ ᠰᠠᠪᠠᠷ ᠵᠠᠩᠭᠠᠷ ᠤᠨ ᠲᠦᠮᠡᠨ ᠨᠠᠶᠢᠮᠠᠨ | ᠮᠢᠩᠭᠠᠨ ᠤᠯᠠᠭᠠᠨ ᠵᠡᠭᠡᠷᠳᠡ ᠶᠢ ᠭᠦᠭᠡᠭᠡᠵᠤ ᠶᠠᠪᠤᠭᠰᠠᠨ ᠠᠯᠢᠶ᠎ᠠ ᠮᠤᠩᠭᠤᠯᠠᠢ ᠶᠢ ᠬᠦᠢᠴᠡᠵᠤ ᠢᠷᠡᠭᠡᠳ ᠲᠡᠮᠡᠴᠡᠯᠲᠦᠬᠦ | ᠦᠶᠡᠰ ᠲᠤ ᠠᠯᠢᠶ᠎ᠠ ᠮᠤᠩᠭᠤᠯᠠᠢ ᠨᠢ ︽ᠠᠯᠳᠠᠨ ᠴᠤᠭᠢᠭᠠᠳ ᠶᠠᠪᠤᠵᠤ ᠥᠩᠭᠡᠷᠡᠭᠰᠡᠨ ᠪᠡᠶ᠎ᠡ ᠶᠢ ᠨᠢ ᠬᠠᠷ᠎ᠠ ᠬᠢᠪᠡᠷ | ᠰᠠᠭᠠᠳᠠᠭ ᠢᠶᠠᠷ ᠢᠶᠠᠨ ᠬᠠᠷᠪᠤᠭᠠᠳ᠂ ᠳᠠᠯᠤ ᠶᠢᠨ ᠳᠠᠯᠠᠨ ᠬᠤᠶᠠᠷ ᠲᠥᠳᠡᠭᠡ ᠶᠢ ᠲᠠᠰᠤ ᠴᠤᠭᠢᠭᠠᠳ ᠵᠣ ᠮᠢᠬ᠎ᠠ ᠶᠢ | ᠢᠪᠲᠡᠭᠡᠳ᠂ ᠵᠢᠷᠤᠭᠡᠨ ᠤ ᠡᠬᠢᠨ ᠳᠤ ᠰᠢᠭᠢᠲᠦᠭᠡᠳ ᠤᠲᠤᠪᠠ︾᠃ ﹇47﹈ ᠭᠡᠵᠤ ᠭᠠᠷᠳᠠᠭ᠃ ᠳᠤᠰ ᠦᠬᠦᠯᠡᠮᠵᠢ | ᠳᠤ ᠢᠯᠡᠷᠡᠵᠤ ᠪᠠᠶᠢᠭ᠎ᠠ ︽ᠬᠠᠷ᠎ᠠ ᠬᠢᠢᠪᠡᠷ ᠰᠠᠭᠠᠳᠠᠭ︾ ᠭᠡᠬᠦ ᠦᠭᠡ ᠵᠢᠴᠢ ᠳᠡᠭᠡᠷ᠎ᠡ ᠦᠬᠦᠯᠡᠭᠰᠡᠨ ︽ᠬᠥᠬᠡ ᠬᠢᠢᠪᠠᠷ | ᠵᠢᠯᠢᠩ ︵ᠰᠤᠮᠤ︶︾᠂ ︽ᠬᠡᠶᠢᠪᠤᠷ ᠴᠠᠭᠠᠨ ᠰᠤᠮᠤ︾ ᠭᠡᠬᠦ ᠦᠭᠡ ᠨᠢ ᠰᠠᠭᠠᠳᠠᠭ ᠰᠤᠮᠤᠨ ᠤ ᠪᠠᠨ ᠤᠷᠳᠤ | ᠰᠦᠷᠯᠢᠭ ᠭᠡᠬᠦ ᠤᠨᠴᠠᠯᠢᠭ ᠢ ︽ᠬᠠᠷ᠎ᠠ᠂ ᠬᠦᠬᠡ᠂ ᠴᠠᠭᠠᠨ︾ ᠭᠡᠬᠦ ᠦᠩᠭᠡ ᠶᠢᠨ ᠴᠢᠳᠠᠪᠬᠢ ᠪᠠᠷ ᠳᠤᠳᠤᠳᠬᠠᠵᠤ | ᠪᠠᠶᠢᠭ᠎ᠠ ᠨᠢ ᠪᠡᠯᠭᠡᠳᠡᠯ ᠤᠨ ᠳᠠᠯᠳᠠ ᠰᠢᠨᠵᠢ ᠪᠦᠬᠦᠢ ᠢᠯᠡᠳᠬᠡᠯ ᠤᠷᠠᠯᠢᠭ ᠪᠤᠶᠤ᠃ ᠡᠷᠳᠡᠨ ᠤ ᠮᠤᠩᠭᠤᠯᠴᠤᠳ ᠤᠨ | ᠤᠤᠷ ᠰᠤᠶᠤᠯ ᠰᠡᠳᠬᠢᠬᠦᠢ ᠳᠤ ︽ᠨᠤᠮᠤ ᠰᠤᠮᠤ︾ ᠨᠢ ᠳᠡᠭᠷᠢ ᠶᠢᠨ ᠦᠢᠯᠡ ᠶᠢ ᠪᠦᠷ ᠵᠠᠬᠢᠷᠴᠤ ᠴᠢᠳᠠᠨ᠎ᠠ ᠭᠡᠵᠤ | ᠤᠶᠢᠯᠠᠭᠠᠵᠤ ᠪᠠᠶᠢᠭᠰᠠᠨ ᠢᠶᠠᠨ ︽ᠨᠤᠮᠤ ᠰᠤᠮᠤ︾ ᠪᠠᠨ ︽ᠬᠠᠷ᠎ᠠ᠂ ᠬᠦᠬᠡ᠂ ᠴᠠᠭᠠᠨ᠂ ᠰᠢᠷ᠎ᠠ︾ ᠭᠡᠬᠦ ᠮᠡᠳᠤ | ᠦᠩᠭᠡ ᠪᠠᠷ ᠴᠢᠮᠡᠭᠯᠡᠨ ᠵᠠᠰᠠᠳᠠᠭ ᠨᠢ ᠡᠷᠲᠡᠨ ᠤ ᠮᠣᠩᠭᠤᠯᠴᠤᠳ ᠤᠨ ᠰᠢᠲᠤᠯᠭᠡ ᠪᠢᠰᠢᠷᠡᠯ ᠤᠨ ᠦᠵᠡᠯ ᠥᠢᠯᠭᠠᠯᠲᠠ | ᠲᠠᠢ ᠬᠦᠨ ᠬᠤᠯᠪᠤᠭᠳᠠᠯ ᠲᠠᠢ ᠪᠠᠶᠢᠳᠠᠭ᠃ ︽ᠬᠠᠷ᠎ᠠ ᠥᠩᠭᠡ ᠶᠢᠨ ᠡᠳᠡᠯᠡᠯ ᠬᠡᠷᠡᠭᠯᠡᠯ ᠨᠢ ᠤᠪᠤᠷ ᠵᠢᠩ ᠶᠡᠭᠡᠲᠡᠢ᠂ | ᠰᠥᠷ ᠲᠠᠢ ᠪᠠᠷ᠎ᠠ ᠲᠠᠢ ᠭᠡᠳᠡᠭ ᠢ ᠢᠯᠡᠳᠬᠡᠳᠡᠭ︾ ﹇48﹈ ᠪᠡᠯᠭᠡᠳᠡᠯ ᠤᠳᠬ᠎ᠠ ᠲᠠᠢ ᠪᠦᠭᠡᠳ ︽ᠬᠦᠬᠡ ᠦᠩᠭᠡ | ᠨᠢ ᠳᠡᠭᠷᠢ ᠶᠢᠨ ᠦᠨᠢ ᠮᠦᠩᠬᠡ᠂ ᠰᠦᠯᠳᠡ ᠰᠦᠨᠡᠰᠤ᠂ ᠰᠦᠷ ᠵᠢᠪᠬᠤᠯᠠᠩ᠂ ᠡᠷᠬᠢᠮ ᠳᠡᠭᠡᠳᠤ︾ ﹇49﹈ ᠬᠡᠰᠡᠨ | ᠪᠡᠯᠭᠡᠳᠡᠯ ᠤᠨ ᠤᠳᠬ᠎ᠠ ᠲᠠᠢ᠃ | | | ᠠᠯᠲᠠᠨᠪᠠᠭᠠᠨ᠎ᠠ ᠮᠠᠲ᠋ᠧᠷᠢᠶᠠᠯ ᠬᠠᠩᠭᠠᠪᠠ᠃ |