ᠰᠢᠨᠵᠢᠶᠠᠩ ᠤᠨ ᠤᠶᠢᠷᠠᠳ ᠮᠤᠩᠭᠤᠯᠴᠤᠳ ᠪᠤᠯ ᠪᠦᠭᠦ ᠮᠤᠩᠭᠤᠯ ᠦᠨᠳᠤᠰᠤᠳᠡᠨ ᠤ ᠴᠢᠬᠤᠯᠨ ᠨᠢᠭᠡ ᠪᠦᠷᠢᠯᠳᠤᠭᠦᠨ | ᠭᠡᠰᠡᠭ ᠪᠤᠯᠬᠤ ᠪᠦᠭᠡᠳ ᠤᠶᠠᠩᠭ᠎ᠠ ᠲᠠᠭᠤᠤ᠂ ᠪᠢᠢ ᠤᠷᠠᠯᠢᠭ ᠤᠨ ᠦᠨᠡᠳᠡᠢ ᠦᠪ ᠤᠯᠠᠮᠵᠢᠯᠠᠯ ᠲᠠᠢ ᠡᠷᠳᠡᠨ ᠤ | ᠰᠤᠶᠤᠯᠳᠤ ᠠᠶᠢᠮᠠᠭ ᠤᠨ ᠨᠢᠭᠡᠨ ᠶᠤᠮ᠃ ᠮᠤᠩᠭᠤᠯ ᠦᠨᠳᠤᠰᠤᠳᠡᠨ ᠤ ᠠᠷᠠᠳ ᠤᠨ ᠠᠮᠠᠨ ᠵᠤᠭᠢᠶᠠᠯ ᠳᠤ ᠡᠩ | ᠲᠡᠷᠢᠭᠦᠨ ᠳᠤ ᠠᠷᠠᠳ ᠤᠨ ᠲᠠᠭᠤᠤ ᠵᠢᠭᠰᠠᠭᠠᠭᠳᠠᠬᠤ ᠶᠤᠰᠤᠳᠠᠢ᠃ ᠡᠶᠢᠮᠤ ᠠᠴᠠ ᠡᠷᠳᠡᠮᠳᠡᠨ ᠮᠠᠷᠭᠡᠳ ︿︿ | ᠠᠷᠠᠳ ᠤᠨ ᠨᠢᠭᠡ ᠡᠭᠢ ᠲᠠᠭᠤᠤ ᠨᠢ ᠨᠢᠭᠡ ᠭᠡᠰᠡᠭ ᠠᠯᠳᠠ﹀﹀ ᠭᠡᠵᠤ ᠦᠨᠡᠯᠡᠨ ᠭᠡᠯᠡᠭᠰᠡᠨ ᠪᠠᠶᠢᠳᠠᠭ᠃ ᠲᠡᠷᠨ ᠨᠢ | ᠪᠤᠰᠤᠳ ᠠᠷᠠᠳ ᠤᠨ ᠠᠮᠠᠨ ᠵᠤᠭᠡᠶᠠᠯ ᠤᠳ ᠲᠠᠢ ᠠᠳᠠᠯᠢ ᠠᠭᠤᠯᠭ᠎ᠠ ᠪᠠᠷ ᠪᠠᠶᠠᠯᠢᠭ᠂ ᠰᠢᠯᠤᠭᠡᠯᠢᠭ ᠢᠷᠭᠤ ᠭᠡᠯᠪᠡᠷᠢ | ᠲᠠᠢ᠂ ᠲᠦᠷᠤᠯ ᠵᠤᠶᠢᠯ ᠨᠢ ᠤᠯᠠᠨ ᠲᠠᠭᠤᠯᠭᠬᠤ ᠠᠷᠭ᠎ᠠ ᠪᠠᠷᠢᠯ ᠨᠢ ᠦᠭᠡᠷ᠎ᠠ ᠦᠭᠡᠷ᠎ᠠ ᠤᠨᠴᠠᠯᠢᠭ ᠲᠠᠢ ᠪᠠᠶᠢᠳᠠᠭ | ᠠᠴᠠ ᠠᠷᠠᠳ ᠤᠨ ᠠᠮᠠᠨ ᠵᠤᠭᠢᠶᠠᠯ ᠤᠨ ᠲᠤᠳᠤᠷ᠎ᠠ ᠴᠢᠬᠤᠯᠨ ᠪᠠᠶᠢᠷᠢ ᠶᠢ ᠡᠵᠡᠯᠡᠵᠤ᠂ ᠲᠡᠳᠡᠨ ᠤ ᠨᠡᠭᠦᠳᠡᠯ | ᠮᠠᠯᠴᠢᠯ ᠤᠨ ᠠᠵᠤ ᠠᠮᠢᠳᠤᠷᠠᠯ ᠤᠨ ᠵᠠᠩ ᠲᠠᠳᠬᠠᠯ ᠢ ᠤᠯᠠᠨ ᠲᠠᠯ᠎ᠠ ᠠᠴᠠ ᠢᠯᠡᠷᠠᠭᠦᠯᠤᠨ ᠲᠤᠰᠬᠠᠭᠰᠠᠨ ᠪᠠᠶᠢᠳᠠᠭ᠃ | ᠪᠠᠶᠠᠨᠭᠤᠤᠯ ᠵᠸᠤ ᠶᠢᠨ ᠦᠷᠭᠡᠨ ᠠᠭᠤᠳᠠᠮ ᠨᠤᠳᠤᠭ ᠪᠠᠷ ᠲᠠᠷᠬᠠᠵᠤ ᠪᠠᠶᠢᠭ᠎ᠠ ᠠᠷᠠᠳ ᠤᠨ ᠲᠠᠭᠤᠤ ᠶᠢ | ᠴᠤᠭᠯᠠᠭᠤᠯᠤᠨ ᠡᠮᠭᠡᠳᠭᠡᠭᠰᠡᠨ ᠾᠧᠵᠢᠩ ᠰᠢᠶᠠᠨ ᠤ ᠠᠷᠠᠳ ᠤᠨ ᠲᠠᠭᠤᠨ ᠤ ᠬᠤᠪᠢᠶᠡᠷᠢ ᠡᠮᠭᠡᠳᠭᠡᠯ ᠳᠤ ᠤᠷᠤᠭᠰᠠᠨ | ᠠᠷᠠᠳ ᠤᠨ ᠲᠠᠭᠤᠤ ᠶᠢ ᠴᠠᠭ ᠲᠦᠷᠤ ᠶᠢᠨ ᠲᠠᠭᠤᠤ᠂ ᠶᠠᠰᠤᠯᠠᠯ ᠤᠨ ᠲᠠᠭᠤᠤ᠂ ᠢᠨᠠᠭ ᠠᠮᠠᠷᠠᠭ ᠤᠨ ᠲᠠᠭᠤᠤ᠂ | ᠠᠮᠢᠳᠤᠷᠠᠯ ᠤᠨ ᠲᠠᠭᠤᠤ᠂ ᠭᠡᠤᠭᠡᠳ ᠤᠨ ᠲᠠᠭᠤᠤ᠂ ᠭᠦᠳᠡᠯᠮᠤᠷᠢ ᠶᠢᠨ ᠲᠠᠭᠤᠤ ᠭᠡᠵᠤ ᠲᠦᠷᠤᠯ ᠵᠤᠶᠢᠯ ᠬᠤᠪᠢᠶᠠᠨ | ᠡᠮᠭᠡᠳᠭᠡᠭᠰᠡᠨ ᠪᠤᠯᠪᠠᠴᠤ ᠭᠦᠳᠡᠯᠮᠤᠷᠢ ᠶᠢᠨ ᠲᠠᠭᠤᠤ ᠨᠢ ᠪᠤᠰᠤᠳ ᠲᠦᠷᠤᠯ ᠳᠤ ᠬᠠᠮᠤᠷᠤᠭᠳᠠᠨ ᠤᠷᠤᠭᠰᠠᠨ ᠨᠢ | ᠢᠯᠡᠳᠳᠠ ᠪᠠᠶᠢᠨ᠎ᠠ᠃ ᠡᠭᠦᠨ ᠳᠤ ᠲᠤᠰ ᠲᠡᠭᠦᠪᠤᠷᠢ ᠪᠠ ᠪᠤᠰᠤᠳ ᠭᠡᠳᠤᠨ ᠭᠠᠷ ᠲᠡᠪᠳᠡᠷ᠂ ᠦᠪᠡᠷ ᠤᠨ | ᠴᠤᠭᠯᠠᠭᠤᠯᠤᠨ ᠡᠮᠭᠡᠳᠭᠡᠭᠰᠡᠨ ᠪᠠᠷ ᠢᠶᠠᠨ ᠰᠠᠭᠤᠷᠢᠯᠠᠨ ᠪᠠᠶᠠᠨᠭᠤᠤᠯ ᠤᠨ ᠮᠤᠩᠭᠤᠯᠴᠤᠳ ᠤᠨ ᠭᠦᠳᠡᠯᠮᠤᠷᠢ ᠶᠢᠨ | ᠲᠠᠭᠤᠨ ᠤ ᠲᠤᠬᠠᠢ ᠦᠪᠡᠷ ᠤᠨ ᠲᠦᠭᠦᠮ ᠠᠵᠢᠭᠯᠠᠯᠳᠠ ᠢᠶᠠᠨ ᠲᠤᠷᠠᠳᠤᠶ᠎ᠠ᠃ | ᠨᠢᠭᠡ᠂ ᠮᠠᠯ ᠮᠠᠯᠵᠢᠯ ᠳᠤ ᠬᠠᠮᠢᠶᠠᠳᠠᠢ ᠲᠠᠭᠤᠤ | ᠮᠤᠩᠭᠤᠯ ᠦᠨᠳᠤᠰᠤᠳᠡᠨ ᠡᠷᠡᠯᠭᠡᠭ ᠪᠠᠭᠠᠳᠤᠷᠯᠢᠭ ᠲᠠᠶᠢᠴᠢᠨ ᠤᠳᠤᠮᠰᠢᠯ ᠪᠠ ᠢᠷᠠᠭᠤ ᠰᠠᠶᠢᠬᠠᠨ ᠪᠤᠯᠪᠠᠰᠤᠨ | ᠰᠤᠶᠤᠯ ᠤᠨ ᠦᠪ ᠲᠠᠢ᠂ ᠠᠵᠢᠯᠴᠢ ᠭᠦᠳᠡᠯᠮᠤᠷᠢᠴᠢ ᠪᠠᠷ ᠢᠶᠠᠨ ᠲᠡᠯᠡᠭᠡᠢ ᠳᠤ ᠠᠯᠳᠠᠷᠰᠢᠭᠰᠠᠨ᠃ ᠡᠭᠦᠨ ᠤ ᠲᠤᠳᠤᠷ᠎ᠠ | ᠮᠤᠩᠭᠤᠯ ᠦᠨᠳᠤᠰᠤᠳᠡᠨ ᠤ ᠡᠷᠳᠠᠨ ᠤ ᠠᠵᠢᠯ ᠭᠦᠳᠡᠯᠮᠤᠷᠢ ᠶᠢᠨ ᠲᠤᠬᠠᠢ ᠲᠠᠭᠤᠤ ᠳᠤ ᠠᠩᠴᠢᠨ᠂ ᠮᠠᠯᠴᠢᠨ | ᠭᠦᠮᠤᠰ ᠤᠨ ᠭᠦᠳᠡᠯᠮᠤᠷᠢ ᠭᠡᠭᠡᠳ ᠲᠡᠳᠡᠨ ᠤ ᠠᠮᠢᠳᠤᠷᠠᠯ ᠤᠨ ᠶᠤᠰᠤ ᠵᠠᠩ ᠵᠠᠩᠰᠢᠯ ᠲᠠᠢ ᠬᠤᠯᠪᠤᠭᠳᠠᠭᠰᠠᠨ ᠵᠠᠩ | ᠦᠢᠯᠨ ᠶᠢᠨ ᠲᠠᠭᠤᠤ ᠪᠠᠶᠢᠳᠠᠭ᠃ ᠲᠡᠯᠡᠭᠡᠢ ᠶᠢᠨ ᠡᠯ᠎ᠠ ᠤᠯᠤᠰ ᠦᠨᠳᠤᠰᠤᠳᠡᠨ ᠤ ᠠᠷᠠᠳ ᠤᠨ ᠲᠠᠭᠤᠤ ᠶᠢ | ᠠᠭᠤᠯᠭ᠎ᠠ ᠶᠢᠨ ᠳᠠᠯ᠎ᠠ ᠠᠴᠠ ᠨᠢ ᠠᠪᠴᠤ ᠦᠵᠡᠪᠡᠯ ᠦᠨᠳᠤᠰᠤᠳᠡᠨ ᠤ ᠠᠷᠠᠳ ᠤᠨ ᠲᠠᠭᠤᠤ ᠳᠤ ᠤᠶᠢᠯᠡᠳᠪᠤᠷᠢᠯᠡᠯ | ᠭᠦᠳᠡᠯᠮᠤᠷᠢ ᠶᠢᠨ ᠲᠠᠭᠤᠤ ᠮᠠᠰᠢ ᠤᠯᠠᠨ ᠬᠠᠷᠠᠭᠳᠠᠨ᠎ᠠ᠃ ᠭᠡᠳᠡᠯ᠎ᠠ ᠮᠤᠩᠭᠤᠯ ᠠᠷᠠᠳ ᠤᠨ ᠲᠠᠭᠤᠤ ᠳᠤ ᠭᠦᠳᠡᠯᠮᠤᠷᠢ | ᠦᠢᠯᠡᠳᠪᠤᠷᠢᠯᠡᠯ ᠲᠠᠢ ᠰᠢᠭᠤᠳ ᠬᠤᠯᠪᠤᠭᠳᠠᠭᠰᠠᠨ ᠲᠠᠭᠤᠤ ᠬᠠᠷᠢᠨ ᠡᠯᠪᠡᠭ ᠪᠢᠰᠢ᠂ ᠨᠡᠨ ᠨᠢ ᠮᠠᠨ ᠤ | ᠦᠨᠳᠤᠰᠤᠳᠡᠨ ᠤ ᠡᠷᠭᠡᠯᠡᠵᠤ ᠪᠠᠶᠢᠭ᠎ᠠ ᠠᠵᠢᠯ ᠭᠦᠳᠡᠯᠮᠤᠷᠢ ᠶᠢᠨ ᠰᠢᠨᠵᠢ ᠴᠢᠨᠡᠷ ᠠᠴᠠ ᠰᠢᠯᠳᠡᠭᠠᠭᠯᠠᠭᠳᠠᠭᠰᠠᠨ ᠶᠤᠮ᠃ | | ᠮᠤᠩᠭᠤᠯ ᠦᠨᠳᠤᠰᠤᠳᠡᠨ ᠤ ᠠᠵᠤ ᠠᠬᠤᠢ ᠶᠢ ᠠᠪᠴᠤ ᠦᠵᠡᠪᠡᠯ᠂ ᠤᠭ ᠠᠴᠠ ᠠᠩ ᠠᠩᠨᠠᠨ ᠮᠠᠯ ᠮᠠᠯᠯᠠᠬᠤ ᠪᠠᠷ | ᠭᠤᠤᠯ ᠪᠤᠯᠭᠠᠵᠤ ᠢᠷᠡᠭᠰᠡᠨ ᠲᠡᠤᠭᠡ ᠲᠠᠢ ᠶᠤᠮ᠃ ᠡᠶᠢᠮᠤ ᠠᠴᠠ ᠭᠦᠳᠡᠯᠮᠤᠷᠢ ᠶᠢᠨ ᠲᠠᠭᠤᠤ ᠪᠤᠯ ᠮᠤᠩᠭᠤᠯ | ᠠᠷᠠᠳ ᠤᠨ ᠠᠵᠤ ᠪᠠᠶᠢᠳᠠᠯ ᠤᠨ ᠲᠠᠭᠤᠤ ᠶᠢᠨ ᠲᠤᠳᠤᠷ᠎ᠠ ᠬᠠᠮᠤᠭ ᠤᠨ ᠡᠷᠳᠠᠨ ᠤ ᠭᠠᠷᠤᠯ ᠪᠦᠭᠦᠢ ᠲᠠᠭᠤᠤ ᠶᠤᠮ᠃ | ᠤ᠂ ᠴᠡᠷᠠᠨ ︿︿ᠮᠠᠯᠴᠢᠨ ᠭᠦᠮᠤᠨ ᠤ ᠮᠠᠯ ᠳᠠᠭᠠᠨ ᠰᠤᠨᠤᠰᠬᠠᠬᠤ ᠲᠤᠭᠡᠶᠠ ᠵᠠᠩᠭᠢ ︿︿ᠴᠤᠩ᠂ ᠴᠤᠩ﹀﹀᠂ ︿︿ | ᠬᠠ ᠬᠤᠴᠢ﹀﹀᠂ ᠭᠤᠷᠤᠢ᠂ ᠭᠤᠷᠤᠢ﹀﹀ ᠭᠡᠭᠦ ᠮᠡᠳᠤ ᠶᠢᠨ ᠭᠦᠳᠡᠯᠮᠤᠷᠢ ᠶᠢᠨ ᠭᠡᠷᠡᠭᠴᠢᠭᠡᠨ ᠤ ᠭᠡᠵᠤ ᠳ᠋ᠦᠩᠨᠡᠵᠤ | ᠪᠤᠯᠤᠮᠠᠷ ᠲᠠᠭᠤᠤ ᠠᠶᠠᠠᠯᠭᠤ ᠨᠢ ᠮᠠᠯᠵᠢᠯ ᠤᠨ ᠲᠠᠭᠤᠤ ᠨᠢ ᠡᠭᠡ ᠮᠦᠨ﹀﹀ ① | ᠭᠡᠵᠡᠢ᠃ | ᠭᠦᠳᠡᠯᠮᠤᠷᠢ ᠶᠢᠨ ᠲᠠᠭᠤᠤ ᠶᠢᠨ ᠬᠤᠪᠢᠷᠠᠯ ᠭᠦᠭᠵᠢᠯ ᠨᠢ ᠨᠡᠶᠢᠭᠡᠮ ᠤᠨ ᠭᠦᠳᠡᠯᠮᠤᠷᠢ ᠶᠢᠨ ᠬᠤᠪᠢᠷᠠᠯ ᠭᠦᠭᠵᠢᠯ ᠲᠠᠢ | ᠰᠠᠯᠵᠤ ᠪᠤᠯᠤᠰᠢ ᠦᠭᠡᠢ ᠬᠤᠯᠪᠤᠭᠠᠳᠠᠢ ᠶᠤᠮ᠃ ᠪᠢᠳᠠ ᠦᠩᠭᠡᠷᠡᠭᠰᠡᠨ ᠤ ᠲᠡᠤᠭᠡ ᠶᠢ ᠰᠡᠭᠦᠨ ᠦᠵᠡᠪᠡᠯ ᠡᠷᠳᠠᠨ ᠤ | ᠮᠤᠩᠭᠤᠯᠴᠤᠳ ᠲᠠᠩ ᠭᠠᠭᠴᠠ ᠠᠩ ᠭᠦᠷᠤᠭᠡ ᠭᠡᠵᠤ ᠠᠮᠢᠳᠤᠷᠠᠵᠤ ᠪᠠᠶᠢᠭᠰᠠᠨ ᠪᠢᠰᠢ᠂ ᠲᠡᠳᠠ ᠠᠩ ᠭᠦᠷᠤᠭᠡ ᠭᠡᠵᠤ | ᠪᠠᠶᠢᠭᠰᠠᠨ ᠠᠴᠠ ᠪᠠᠨ ᠮᠠᠯ ᠮᠠᠯᠵᠢᠬᠤ ᠶᠢ ᠰᠤᠷᠴᠤ ᠡᠭᠡᠯᠡᠨ ᠬᠠᠭᠠᠰ ᠠᠩᠴᠢᠯᠠᠬᠤ᠂ ᠬᠠᠭᠠᠰ ᠮᠠᠯᠵᠢᠯᠠᠬᠤ ᠶᠢ | ᠤᠶᠠᠯᠳᠤᠭᠤᠯᠤᠨ ᠠᠮᠢᠳᠤᠷᠠᠵᠤ ᠪᠠᠶᠢᠭᠰᠠᠨ ᠪᠦᠭᠡᠳ ᠬᠤᠵᠢᠮ ᠨᠢ ᠪᠠᠰᠠ ᠲᠠᠷᠢᠶᠠᠯᠠᠬᠤ ᠶᠢ ᠡᠷᠭᠢᠯᠡᠭᠰᠡᠨ ᠲᠡᠤᠭᠡᠨ | ᠶᠠᠪᠤᠴᠠ ᠶᠢ ᠦᠩᠭᠡᠷᠡᠭᠦᠯᠵᠤ ᠢᠷᠡᠵᠡᠢ᠃ ᠸᠧᠢᠺᠡᠲ᠋ᠦ᠋ᠯᠤᠸ᠋ᠨ ᠶᠢᠨ ︿︿ᠮᠤᠩᠭᠤᠯ ᠭᠦᠮᠤᠨ᠄ ᠦᠨᠳᠤᠰᠤᠳᠡᠨ ᠤ | ᠡᠭᠦᠰᠤᠯ ᠭᠡᠭᠡᠳ ᠰᠤᠶᠤᠯ ᠤᠨ ᠡᠭᠢ ᠰᠤᠷᠪᠤᠯᠵᠢ﹀﹀ ᠳᠡᠭᠡᠨ ︿︿ᠭᠦᠷᠡᠯ ᠵᠡᠪᠰᠢᠭ ᠤᠨ ᠦᠶ᠎ᠡ ᠪᠤᠯᠤᠨ ᠲᠡᠮᠤᠷ | ᠵᠡᠪᠰᠢᠭ ᠤᠨ ᠦᠶ᠎ᠡ ᠳᠤ ᠪᠠᠶᠢᠭᠠᠯ ᠨᠠᠭᠤᠷ ᠤᠨ ᠤᠷᠴᠢᠮ ᠤᠨ ᠠᠩᠴᠢᠨ ᠠᠶᠢᠮᠠᠭ ᠨᠡᠭᠦᠳᠡᠯ ᠤᠨ ᠮᠠᠯᠵᠢᠯ ᠳᠤ | ᠰᠢᠯᠵᠢᠭᠰᠡᠨ ᠤ ᠠᠷᠭ᠎ᠠ ᠵᠠᠮ ᠨᠢ ᠬᠠᠭᠠᠰ ᠰᠠᠭᠤᠷᠰᠢᠯ ᠤᠨ ᠶᠡᠷᠤᠩᠭᠡᠶᠢᠯᠡᠭᠰᠡᠨ ᠴᠤ ᠠᠬᠤᠢ ︿ᠮᠠᠯᠵᠢᠯ — ᠡᠭᠡᠨᠠᠭᠤᠷ | — ᠲᠠᠷᠢᠶᠠᠯᠠᠩ﹀ ᠶᠢᠨ ᠭᠡᠯᠪᠡᠷᠢ᠂ ᠰᠢᠯᠵᠢᠯᠳᠡ ᠶᠢᠨ ᠴᠠᠭ ᠨᠢ ᠤᠨ ᠲᠤᠭᠠᠯᠠᠯ ᠤᠨ ᠡᠮᠤᠨᠡᠭᠢ ᠬᠤᠶᠠᠷ ᠮᠢᠩᠭᠠᠨ | ᠤᠨ ᠤ ᠡᠬᠢ ᠪᠠᠷ ᠪᠤᠯᠤᠨ᠎ᠠ﹀﹀ ᠭᠡᠵᠡᠢ᠃ ᠮᠤᠩᠭᠤᠯ ᠠᠷᠠᠳ ᠤᠨ ᠭᠦᠳᠡᠯᠮᠤᠷᠢ ᠶᠢᠨ ᠲᠠᠭᠤᠤ ᠶᠢ ᠳᠡᠳᠡᠨ ᠤ ᠵᠠᠩ | ᠦᠢᠯᠨ ᠪᠠ ᠭᠦᠳᠡᠯᠮᠤᠷᠢ ᠶᠢᠨ ᠤᠨᠴᠠᠯᠢᠭ ᠢ ᠳᠤᠰᠬᠠᠭᠰᠠᠨ ᠪᠠᠶᠢᠳᠠᠯ ᠪᠠᠷ ᠨᠢ ᠲᠡᠳᠡᠭᠡᠷ ᠤᠨ ᠵᠤᠭᠢᠶᠠᠮᠵᠢ ᠨᠠᠶᠢᠷᠠᠭᠤᠯᠭ᠎ᠠ | ᠂ ᠵᠤᠷᠢᠯᠭ᠎ᠠ ᠪᠤᠯᠤᠨ ᠲᠠᠭᠤᠯᠬᠤ ᠤᠶᠢᠯᠡᠳᠤᠯ ᠪᠠᠷ ᠨᠢ ᠬᠤᠨᠢ ᠲᠤᠶᠢᠭᠯᠠᠬᠤ᠂ ᠪᠤᠳᠤᠭᠤ ᠠᠪᠤᠭᠤᠯᠬᠤ ᠲᠠᠭᠤᠤ ᠶᠢ | ᠶᠠᠭᠤᠨ ᠤ ᠡᠮᠤᠨ᠎ᠠ ᠲᠤᠷᠠᠳᠤᠭᠤᠰᠢᠳᠠᠢ ᠶᠤᠮ᠃ ᠬᠤᠷᠠᠭ᠎ᠠ ᠠᠪᠤᠭᠤᠯᠬᠤ ᠳᠤ ︿︿ᠲᠤᠶᠢᠭ﹀﹀ ᠢᠰᠢᠭᠡ | ᠠᠪᠤᠭᠤᠯᠬᠤ ᠳᠤ ︿︿ᠰᠢᠭᠡᠭ ︵ᠵᠦᠭᠡᠭ︶﹀﹀᠂ ᠪᠤᠳᠤᠭᠤ ᠠᠪᠤᠭᠤᠯᠬᠤ ᠳᠤ ︿︿ᠪᠤᠵᠤᠤᠯᠢ ︵ᠪᠤᠵᠢᠭᠤᠨ︶﹀﹀ | ᠭᠡᠭᠦ ᠲᠠᠭᠤᠤ ᠮᠤᠩᠭᠤᠯ ᠶᠠᠰᠤᠳᠠᠨ ᠤ ᠲᠤᠮᠳᠠ ᠲᠦᠭᠡᠮᠡᠯ ᠪᠦᠭᠡᠳ ᠡᠳᠡᠭᠡᠷ ᠲᠠᠭᠤᠤ ᠶᠢ ᠲᠠᠭᠤᠯᠬᠤ ᠳᠠᠭᠠᠨ ᠦᠭᠡᠷ᠎ᠠ | ᠪᠤᠰᠤᠳ ᠵᠠᠩ ᠦᠢᠯᠨ ᠶᠢ ᠢᠯᠡᠷᠭᠡᠶᠢᠯᠡᠭᠦ ᠦᠪᠡᠷᠮᠢᠴᠡ ᠪᠠᠶᠢᠳᠠᠯ ᠲᠠᠢ᠃ ᠬᠠᠪᠤᠷ ᠬᠤᠨᠢ ᠬᠤᠷᠭᠠᠯᠠᠬᠤ᠂ ᠢᠮᠠᠭ᠎ᠠ | ᠢᠰᠢᠭᠡᠯᠡᠭᠦ ᠦᠶ᠎ᠡ ᠪᠠᠷ ᠭᠡᠭᠡᠷ᠎ᠠ ᠶᠢᠨ ᠪᠡᠯᠴᠢᠭᠡᠷ ᠲᠤ ᠬᠤᠷᠭᠠᠯᠠᠭᠰᠠᠨ ᠬᠤᠨᠢ᠂ ᠢᠰᠢᠭᠡᠯᠡᠭᠰᠡᠨ ᠢᠮᠠᠭ᠎ᠠ᠂ ᠬᠤᠷᠠᠭ᠎ᠠ | ᠢᠰᠢᠭᠡ ᠪᠠᠨ ᠭᠤᠯᠤᠬᠤ ᠨᠢ ᠮᠠᠯᠴᠢᠳ ᠤᠨ ᠮᠠᠯ ᠮᠠᠯᠠᠯᠭᠠᠨ ᠳᠤ ᠨᠡᠯᠢᠶᠡᠳ ᠦᠷᠭᠡᠨ ᠲᠡᠯᠭᠡᠷ ᠦᠵᠡᠭᠳᠡᠵᠤ ᠪᠠᠶᠢᠭᠰᠠᠨ | ᠪᠠ ᠮᠠᠯᠴᠢᠳ ᠬᠤᠷᠠᠭ᠎ᠠ᠂ ᠢᠰᠢᠭᠡ ᠶᠢ ᠠᠪᠤᠭᠤᠯᠬᠤ ᠳᠠᠭᠠᠨ ᠬᠤᠨᠢ ᠶᠢ ᠲᠤᠶᠢᠯᠠᠬᠤ ᠢᠮᠠᠭ᠎ᠠ ᠶᠢ ᠰᠢᠭᠡᠭᠡᠯᠡᠭᠦ ᠲᠠᠭᠤᠤ | ᠲᠠᠭᠤᠯᠠᠳᠠᠭ ᠶᠤᠰᠤ ᠡᠷᠳᠡ ᠲᠡᠭᠡᠷ᠎ᠠ ᠦᠶ᠎ᠡ ᠠᠴᠠ ᠵᠠᠩᠰᠢᠵᠤ ᠢᠷᠡᠵᠡᠢ᠃ | ᠦᠢᠷᠠᠳ ᠮᠤᠩᠭᠤᠯᠴᠤᠳ ᠪᠦᠭᠦ ᠮᠤᠩᠭᠤᠯ ᠤᠭᠰᠠᠭᠠᠳᠠᠨ ᠲᠠᠢ ᠠᠳᠠᠯᠢ ᠡᠷᠳᠡ ᠲᠡᠭᠡᠳᠤ ᠶᠢᠨ ᠦᠶ᠎ᠡ ᠠᠴᠠ | ᠠᠪᠤᠭᠠᠳ ᠮᠠᠯ ᠮᠠᠯᠵᠢᠯ ᠪᠠᠷ ᠭᠤᠤᠯ ᠠᠮᠢᠳᠤᠷᠠᠯ ᠤᠨ ᠤᠷᠤᠰᠢᠨ ᠠᠮᠢᠳᠤᠷᠠᠬᠤ ᠶᠢᠨ ᠰᠭᠤᠷᠢ ᠪᠤᠯᠭᠠᠭᠰᠠᠭᠠᠷ ᠢᠷᠡᠭᠰᠡᠨ | ᠪᠢᠯᠨ᠃ ᠲᠡᠳᠡ ᠤᠷᠳᠤ ᠤᠳᠠᠭᠠᠨ ᠤ ᠠᠵᠢᠯ ᠭᠦᠳᠡᠯᠮᠤᠷᠢ ᠶᠢᠨ ᠲᠤᠮᠳᠠ ᠪᠠᠨ ᠮᠠᠯ ᠠᠳᠤᠭᠤᠰᠤᠨ ᠢ ᠴᠤ ᠭᠦᠷᠳᠡᠯ᠎ᠠ | ᠤᠶᠠᠷᠠᠭᠤᠯᠤᠨ ᠬᠠᠶᠢᠯᠠᠭᠤᠯᠠᠵᠤ ᠴᠢᠳᠡᠳᠡᠭ ︿︿ᠲᠦᠯ ᠠᠪᠤᠭᠤᠯᠬᠤ ᠲᠠᠭᠤᠤ﹀﹀ ᠶᠢ ᠵᠤᠭᠢᠶᠠᠨ ᠦᠶ᠎ᠡ ᠤᠯᠠᠮᠵᠢᠯᠠᠨ | ᠮᠠᠯ ᠬᠠᠷ᠎ᠠ ᠪᠠᠨ ᠲᠤᠳᠤᠮᠳᠠᠨ ᠮᠠᠯᠵᠢᠬᠤ ᠠᠵᠤ ᠠᠮᠢᠳᠤᠷᠠᠯ ᠤᠨ ᠲᠤᠮᠳᠠ ᠪᠠᠨ ᠲᠠᠭᠤᠯᠠᠵᠤ ᠢᠷᠡᠭᠰᠡᠨ ᠪᠠᠶᠢᠳᠠᠭ᠃ | ᠡᠭᠦᠨ ᠳᠤ ᠪᠠᠶᠠᠨᠭᠤᠤᠯ ᠤᠨ ᠮᠤᠩᠭᠤᠯᠴᠤᠳ ᠬᠤᠨᠢ ᠬᠤᠷᠠᠭ᠎ᠠ ᠠᠪᠤᠭᠤᠯᠬᠤ ᠳᠤ ᠡᠭᠡ ᠬᠤᠨᠢ ᠶᠢ ᠴᠤᠭᠢᠵᠤ ᠵᠤᠪᠠᠭᠠᠳᠠᠭ | ᠦᠭᠡᠢ᠂ ᠬᠠᠷᠢᠨ ᠨᠢᠯᠭ᠎ᠠ ᠬᠤᠷᠠᠭ᠎ᠠ ᠨᠢ ᠰᠡᠭᠦᠯ ᠪᠤᠶᠤ ᠨᠢᠷᠤᠭᠤᠨ ᠳᠤ ᠡᠭᠡ ᠬᠤᠨᠢ ᠰᠦ ᠪᠤᠶᠤ ᠪᠦᠭᠰᠡ ᠶᠢᠨ ᠪᠦᠵᠠᠷ | ᠴᠢᠰᠤ ᠶᠢ ᠠᠷᠴᠢᠭᠠᠳ ︿︿ᠲᠦᠭᠡᠢ﹀﹀ ᠭᠡᠭᠦ ᠲᠠᠭᠤᠤ ᠲᠠᠭᠤᠯᠳᠠᠭ᠃ ᠡᠭᠦᠨ ᠳᠤ᠄ | ᠬᠠᠪᠤᠷ ᠤᠨ ᠬᠠᠷ᠎ᠠ ᠰᠠᠯᠭᠢᠨ ᠳᠤ | ᠬᠠᠵᠢᠭᠤ ᠳᠠᠭᠠᠨ ᠶᠠᠭᠤ ᠪᠠᠨ ᠭᠡᠪᠳᠡᠭᠦᠯᠤᠨᠠ ᠴᠢ᠂ | ᠲᠦᠭᠡᠢ᠂ ᠲᠦᠭᠡᠢ | ᠲᠡᠯᠢᠩ ᠦᠭᠡᠢ ᠲᠡᠭᠡᠳᠠᠮᠠᠯ | ᠲᠡᠭᠡᠳᠡᠭᠡᠢ ᠪᠠᠨ ᠲᠠᠭᠠᠭᠤᠯᠤᠨ᠎ᠠ | ᠲᠡᠯᠢᠩ ᠲᠠᠢ ᠴᠢ | ᠶᠠᠭᠤ ᠪᠠᠨ ᠲᠠᠭᠠᠯᠭᠤᠯᠤᠨᠠ ᠴᠢ ② ᠭᠡᠵᠤ ᠤᠶᠠᠩᠭ᠎ᠠ ᠨᠠᠮᠤᠭᠤᠨ ᠬᠤᠭᠤᠯᠡᠢ ᠪᠠᠷ ᠦᠭᠦᠯᠡᠨ ᠲᠠᠭᠤᠯᠠᠵᠤ᠂ ᠦᠷ᠎ᠠ | ᠲᠦᠯ ᠢᠶᠠᠨ ᠲᠠᠨᠢᠵᠤ ᠠᠪᠤᠭᠠᠳ ᠤᠭᠤᠷᠤᠭ ᠰᠦ ᠪᠠᠨ ᠭᠦᠭᠦᠯᠡᠭᠦ ᠶᠢ ᠭᠦᠰᠡᠵᠤ᠂ ᠨᠢᠭᠡ ᠦᠷ᠎ᠠ ᠶᠢᠨ ᠡᠨᠡᠷᠢᠩᠭᠦᠢ | ᠶᠤᠰᠤ ᠶᠢ ᠰᠤᠷᠭᠠᠮᠵᠢᠯᠠᠵᠤ ᠲᠠᠭᠤᠯᠠᠳᠠᠭ ᠪᠦᠭᠡᠳ ᠡᠭᠡ ᠬᠤᠨᠢ ᠬᠤᠷᠠᠭ᠎ᠠ ᠪᠠᠨ ᠠᠪᠬᠤ ᠦᠭᠡᠢ ᠪᠤᠯ᠄ | ᠬᠠᠪᠢᠰᠤ ᠶᠢ ᠴᠢᠨᠢ ᠬᠠᠳᠠᠷᠠᠭᠠᠳ | ᠬᠠᠯᠢᠬᠠ ᠶᠢ ᠴᠢᠨᠢ ᠰᠤᠯᠤᠨᠠ ᠪᠢ᠂ ᠲᠦᠭᠡᠢ᠂ ᠲᠦᠭᠡᠢ | ᠰᠡᠭᠡᠷ ᠶᠢ ᠴᠢᠨᠢ ᠨᠤᠭᠤᠯᠠᠭᠠᠳ | ᠰᠡᠮᠵᠨ ᠶᠢ ᠴᠢᠨᠢ ᠳᠡᠯᠭᠡᠨ᠎ᠠ ᠪᠢ᠂ ᠲᠦᠭᠡᠢ᠂ ᠲᠦᠭᠡᠢ | ᠭᠦᠵᠤᠭᠦᠤ ᠶᠢ ᠴᠢᠨᠢ ᠭᠡᠷᠴᠢᠭᠡᠳ | ᠭᠥᠦᠷ ᠢ ᠴᠢᠨᠢ ᠬᠠᠶᠠᠨ᠎ᠠ ᠪᠢ ③ ᠭᠡᠵᠤ ᠲᠠᠭᠤᠯᠠᠳᠠᠭ᠃ | ᠪᠢᠳᠡ ᠡᠳᠡᠭᠡᠷ ᠲᠠᠭᠤᠨ ᠤ ᠦᠭᠡ ᠢ ᠰᠢᠨᠵᠢᠨ ᠦᠵᠢᠪᠡᠯ ᠵᠠᠷᠢᠮ ᠨᠢ᠂ ᠬᠠᠷᠢᠶᠠᠯ ᠰᠦᠷᠳᠡᠭᠦᠯᠭᠡ ᠰᠢᠭ ᠪᠤᠯᠪᠠᠴᠤ᠂ | ᠨᠢᠭᠡ᠂ ᠬᠤᠶᠠᠷ ᠦᠭᠡ ᠪᠠᠷ ᠭᠦᠮᠤᠨ ᠠᠴᠠ ᠭᠡᠯᠨ ᠮᠡᠳᠡᠳᠡᠭ ᠦᠭᠡᠢ ᠠᠳᠤᠭᠤᠰᠤᠨ ᠢ ᠦᠭᠡ ᠪᠠᠷ ᠴᠤ ᠭᠡᠰᠡᠨ ᠨᠢᠭᠡᠨ | ᠨᠢᠭᠡᠨ ᠲᠠᠢ ᠪᠠᠨ ᠨᠠᠪᠳᠠᠷᠠᠯᠴᠠᠵᠤ᠂ ᠲᠠᠭᠤᠨ ᠤ ᠠᠶᠠᠯᠭᠤ ᠶᠢᠨ ᠢᠳᠡ ᠭᠦᠴᠤ ᠪᠠᠷ ᠤᠶᠠᠷᠠᠭᠤᠯᠵᠤ᠂ ᠭᠤᠯᠤᠭᠰᠠᠨ | ᠬᠤᠷᠠᠭ᠎ᠠ ᠶᠢ ᠠᠪᠬᠠᠭᠤᠯᠳᠠᠭ᠃ | ᠢᠯᠠᠭ᠎ᠠ ᠶᠢ ᠲᠠᠭᠤᠤ ᠲᠠᠭᠤᠯᠠᠳᠠᠭ ᠦᠭᠡᠢ ᠪᠤᠯᠪᠠᠴᠤ ᠬᠠᠷᠢᠨ ᠵᠦᠪᠭᠡᠨ ᠤᠶᠠᠷᠭᠤᠨ ᠠᠶᠠᠰ ᠪᠠᠷ ︿︿ᠵᠤᠭᠡᠢ᠂ ᠵᠤᠭᠡᠢ | ﹀﹀ ᠭᠡᠵᠤ ᠢᠰᠢᠭᠡ ᠢ ᠨᠢ ᠠᠪᠬᠠᠭᠤᠯᠳᠠᠭ᠃ | ᠲᠡᠮᠡᠭᠡ ᠨᠢ ᠪᠤᠳᠤᠭᠤ ᠭᠡᠭᠡᠭᠳᠡᠭᠦ ᠪᠤᠶᠤ ᠭᠤᠯᠤᠬᠤ ᠳᠤ ᠨᠢᠯᠭ᠎ᠠ ᠪᠤᠳᠤᠭᠤ ᠶᠢ ᠤᠰᠤ ᠳᠤ ᠪᠦᠭᠦ ᠪᠢᠶ᠎ᠡ ᠶᠢ ᠨᠢ | ᠨᠤᠷᠤᠭᠠᠵᠤ᠂ ᠡᠮᠤᠨ᠎ᠡ ᠨᠢ ᠰᠠᠪᠠ ᠲᠠᠢ ᠤᠰᠤ ᠲᠠᠯᠪᠢᠭᠠᠳ᠄ | ᠠᠯᠳᠠᠨ ᠰᠢᠷ᠎ᠠ ᠤᠭᠤᠷᠠᠭ ᠢᠶᠠᠨ | ᠠᠮᠠᠯᠠᠭᠠᠳ ᠦᠭᠡᠢ ᠪᠤᠵᠢᠭᠤᠨ | ᠠᠯᠳᠠᠨ ᠰᠢᠷ᠎ᠠ ᠬᠠᠷᠠᠭᠠᠨ᠎ᠠ ᠠᠴᠠ | ᠠᠮᠰᠠᠭᠠᠳ ᠦᠭᠡᠢ ᠪᠤᠵᠢᠭᠤᠨ | ᠡᠯᠢᠭᠡ ᠪᠦᠭᠡᠷ᠎ᠠ ᠳᠡᠭᠡᠨ | ᠡᠯᠭᠡᠪᠠᠴᠢ ᠦᠭᠡᠢ ᠪᠤᠵᠢᠭᠤᠨ | ᠡᠭᠡ ᠶᠢᠨ ᠴᠠᠭᠠᠨ ᠦᠰᠤᠨ ᠠᠴᠠ | ᠠᠮᠳᠠᠯᠠᠭᠠᠳ ᠦᠭᠡᠢ ᠪᠤᠵᠢᠭᠤᠨ | ᠲᠠᠪᠤ ᠪᠠᠷ ᠭᠦᠷᠦᠭᠰᠡᠨ ᠬᠤᠱᠢᠯᠠᠩ ᠪᠠᠷ | ᠲᠠᠪᠠᠭᠯᠠᠭᠠᠳ ᠦᠭᠡᠢ ᠪᠤᠵᠢᠭᠤᠨ | ᠲᠠᠩᠰᠤᠭ ᠴᠠᠭᠠᠨ ᠦᠰᠤᠨ ᠠᠴᠠ | ᠲᠠᠮᠰᠢᠯᠠᠨ ᠠᠮᠰᠠᠭᠠᠳ ᠦᠭᠡᠢ ᠪᠤᠵᠢᠭᠤᠨ | ᠪᠢᠴᠢᠭᠡᠨ ᠪᠤᠯᠠᠭ ᠤᠨ ᠤᠰᠤᠨ ᠠᠴᠠ | ᠪᠠᠯᠭᠠᠭᠠᠳ ᠦᠭᠡᠢ ᠪᠤᠵᠢᠭᠤᠨ | ᠪᠦᠴᠢᠷᠳᠠᠢ ᠮᠤᠳᠤᠨ ᠤ ᠨᠠᠪᠴᠢ ᠠᠴᠠ | ᠠᠮᠰᠠᠭᠠᠳ ᠦᠭᠡᠢ ᠪᠤᠵᠢᠭᠤᠨ | ᠲᠡᠮᠡᠭᠡᠨ ᠠᠳᠠᠨ ᠪᠤᠯᠵᠤ | ᠲᠡᠩᠭᠡᠵᠢᠭᠠᠳ ᠦᠭᠡᠢ ᠪᠤᠵᠢᠭᠤᠨ | ᠲᠡᠩᠭᠡᠰ ᠨᠠᠭᠤᠷ ᠤᠨ ᠤᠰᠤᠨ ᠢ | ᠭᠠᠳᠤᠯᠠᠭᠠᠳ ᠦᠭᠡᠢ ᠪᠤᠵᠢᠭᠤᠨ ④ ᠭᠡᠵᠤ ᠦᠭᠦᠯᠡᠨ ᠲᠠᠭᠤᠯᠠᠳᠠᠭ ᠪᠦᠭᠡᠳ ᠮᠤᠷᠢᠨ ᠬᠤᠭᠤᠷ ᠪᠤᠶᠤ ᠶᠠᠳᠤᠭ᠎ᠠ᠂ | ᠲᠤᠪᠰᠢᠭᠤᠷ ᠤᠨ ᠬᠠᠪᠰᠤᠷᠤᠯᠭ᠎ᠠ ᠪᠠᠷ ᠤᠶᠠᠩᠭᠠᠯᠠᠭᠤᠯᠤᠨ ᠭᠦᠭᠵᠢᠮᠳᠡᠨ ᠲᠠᠭᠤᠯᠠᠳᠠᠭ ᠪᠠᠶᠢᠨ᠎ᠠ ᠡᠭᠦᠨ ᠠᠴᠠ ᠭᠠᠳᠠᠨ᠎ᠠ | ᠄ | ᠲᠠᠪᠠᠭᠯᠠᠵᠤ ᠦᠰᠭᠡᠭᠰᠡᠨ ᠪᠤᠵᠢᠭᠤᠨ | ᠲᠠᠪᠠᠭᠯᠠᠭᠠ ᠪᠠᠨ ᠪᠠᠨ ᠡᠷᠭᠢᠵᠤ ᠪᠤᠤᠯᠢᠳᠠᠭ | ᠲᠠᠩᠰᠤᠭᠯᠠᠭᠤᠯᠠᠵᠤ ᠦᠰᠭᠡᠭᠰᠡᠨ ᠡᠵᠢ ᠨᠢ | ᠮᠠᠨ ᠢ ᠪᠠᠨ ᠲᠤᠷᠳᠤᠭᠤᠨ ᠰᠠᠭᠤᠳᠠᠭ | ᠪᠢᠳᠡᠭᠦᠤ ᠳᠤ ᠨᠢ ᠬᠤᠨᠭᠢᠯᠠᠭᠰᠠᠨ ᠪᠦᠷᠭᠦᠳ | ᠪᠢᠳᠡᠭᠦᠤ ᠪᠠᠨ ᠡᠷᠭᠡᠭᠡᠳ ᠬᠠᠪᠰᠢᠳᠠᠭ | ᠪᠤᠤᠪᠠᠯᠡᠵᠤ ᠦᠰᠭᠡᠭᠰᠡᠨ ᠡᠵᠢ ᠨᠢ | ᠮᠠᠨ ᠢ ᠪᠠᠨ ᠲᠤᠷᠳᠤᠭᠠᠳ ᠰᠠᠭᠤᠳᠠᠭ | ᠲᠡᠩᠭᠡᠰ ᠨᠢ ᠤᠷᠤᠰᠤᠳᠠᠭ ᠪᠤᠯᠪᠠᠴᠤ | ᠲᠡᠮᠡᠭᠡᠨ ᠲᠡᠭᠡᠭᠦᠷ ᠴᠠᠶᠢᠯᠵᠠᠬᠠᠢ ᠤᠤ | ᠲᠡᠨᠢᠩᠭᠡᠢ ᠮᠤᠩᠬᠠᠭ ᠪᠤᠯᠪᠠᠴᠤ | ᠡᠵᠢ ᠶᠢ ᠪᠠᠨ ᠬᠠᠶᠠᠭᠠᠳ ᠶᠠᠪᠤᠬᠠᠢ ᠤᠤ︖ | ᠬᠠᠰ ᠨᠢ ᠤᠷᠤᠭᠤᠰᠳᠠᠭ ᠪᠤᠯᠪᠠᠴᠤ | ᠬᠠᠮᠠᠷ ᠲᠡᠭᠡᠭᠦᠷ ᠴᠠᠶᠢᠯᠵᠠᠬᠠᠢ ᠤᠤ | ᠬᠠᠷᠠᠩᠭᠤᠢ ᠮᠤᠩᠬᠠᠭ ᠪᠤᠯᠪᠠᠴᠤ | ᠡᠵᠢ ᠶᠢ ᠪᠠᠨ ᠬᠠᠶᠠᠭᠠᠳ ᠶᠠᠪᠤᠬᠤ ᠤᠤ᠂ ⑤ ᠭᠡᠭᠦ ᠮᠡᠳᠤ ᠡᠵᠢ ᠶᠢᠨ ᠲᠠᠭᠤᠤ ᠶᠢ ᠴᠤ ᠲᠠᠭᠤᠯᠠᠬᠤ ᠳᠤ ᠲᠡᠮᠡᠭᠡᠨ ᠤ | ᠨᠢᠳᠤᠨ ᠠᠴᠠ ᠨᠢᠯᠪᠤᠰᠤ ᠴᠠᠶᠢᠷᠠᠵᠤ ᠪᠤᠵᠢᠭᠤᠨ ᠪᠠᠨ ᠠᠪᠳᠠᠭ ᠭᠡᠵᠤ ᠨᠠᠰᠤᠳᠠᠶᠢᠴᠤᠳ ᠭᠡᠯᠡᠳᠡᠭ ᠪᠠᠶᠢᠨ᠎ᠠ᠃ | ᠭᠡᠭᠦᠣ ᠳᠤ ᠤᠨᠠᠭ᠎ᠠ ᠠᠪᠬᠠᠭᠤᠯᠬᠤ ᠦᠶ᠎ᠡ ᠳᠤ ᠦᠭᠦᠭᠰᠡᠨ ᠤᠨᠠᠭ᠎ᠠ ᠨᠢ ᠠᠷᠠᠰᠤ ᠶᠢ ᠦᠭᠡᠷ᠎ᠠ ᠤᠨᠠᠭ᠎ᠠ ᠨᠢ ᠪᠢᠶ᠎ᠡ | ᠲᠡᠭᠡᠷ᠎ᠠ ᠲᠤᠬᠤᠵᠤ ᠮᠤᠷᠢᠨ ᠬᠤᠭᠤᠷ ᠲᠠᠳᠠᠵᠤ ᠠᠪᠬᠠᠭᠤᠯᠠᠳᠠᠭ ᠭᠡᠳᠡᠭ ᠭᠡᠯᠡᠯᠭᠡ ᠮᠠᠯᠴᠢᠳ ᠤᠨ ᠲᠤᠮᠳᠠ ᠶᠠᠷᠢᠭᠳᠠᠵᠤ | ᠪᠠᠶᠢᠳᠠᠭ ᠪᠤᠯᠪᠠᠴᠤ ᠲᠠᠭᠤᠯᠠᠬᠤ ᠲᠠᠭᠤᠤ ᠪᠠᠶᠢᠬᠤ ᠡᠰᠡᠭᠦ ᠪᠦᠷᠢᠨ ᠮᠠᠲ᠋ᠧᠷᠢᠶᠠᠯ ᠤᠳᠤ ᠪᠤᠯᠳᠠᠯ᠎ᠠ ᠤᠯᠳᠠᠭ᠎ᠠ ᠦᠭᠡᠢ | ᠪᠠᠶᠢᠭᠰᠠᠭᠠᠷ᠃ | ᠬᠤᠶᠠᠷ᠂ ᠠᠩ ᠠᠩᠨᠠᠯ ᠤᠨ ᠲᠠᠭᠤᠤ | ᠲᠠᠭᠤᠤ ᠭᠦᠭᠵᠢᠮ ᠨᠢ ᠭᠦᠮᠤᠰ ᠤᠨ ᠤᠶᠢᠯᠡᠳᠪᠤᠷᠢᠯᠡᠯ ᠭᠦᠳᠡᠯᠮᠤᠷᠢ ᠭᠡᠭᠡᠳ ᠨᠡᠶᠢᠭᠡᠮ ᠤᠨ ᠤᠶᠢᠯᠡᠳᠤᠯᠭᠡ ᠲᠤᠮᠳᠠ | ᠠᠴᠠ ᠡᠭᠦᠰᠦᠭᠰᠡᠨ᠃ ᠪᠤᠳᠠᠳᠠᠢ ᠪᠠᠷ ᠭᠡᠯᠡᠪᠡᠯ᠂ ᠪᠠᠯᠠᠷ ᠡᠷᠳᠠᠨ ᠤ ᠨᠡᠶᠢᠭᠡᠮ ᠠᠴᠠ ᠡᠭᠡᠯᠡᠨ ᠭᠦᠮᠤᠰ ᠪᠠᠶᠢᠭᠠᠯᠢ ᠲᠠᠢ | ᠲᠡᠯᠡᠴᠠᠵᠤ᠂ ᠪᠠᠶᠢᠭᠠᠯᠢ ᠶᠢ ᠡᠷᠭᠢᠰᠢᠶᠡᠯ ᠳᠡᠭᠡᠨ ᠤᠷᠤᠭᠤᠯᠬᠤ ᠪᠠᠷ ᠭᠦᠴᠤ ᠨᠢᠭᠡᠳᠭᠡᠨ ᠲᠠᠭᠤ ᠭᠠᠷᠭᠠᠵᠤ ᠲᠠᠭᠤᠤ | ᠠᠶᠠᠯᠭᠤ ᠨᠢ ᠪᠤᠢ ᠪᠤᠯᠤᠭᠰᠠᠨ ᠭᠡᠵᠤ ᠡᠷᠳᠡᠮᠳᠡᠨ ᠨᠢᠭᠡᠨᠳᠡ ᠰᠤᠳᠤᠯᠤᠭᠰᠡᠨ᠃ ᠡᠭᠦᠨ ᠲᠠᠢ ᠠᠳᠠᠯᠢ ᠮᠠᠨ ᠤ | ᠮᠤᠩᠭᠤᠯᠴᠤᠳ ᠤᠭ ᠠᠴᠠ ᠪᠠᠨ ᠠᠩ ᠭᠦᠷᠤᠭᠡ ᠭᠡᠵᠤ ᠮᠠᠯ ᠮᠠᠯᠴᠢᠨ ᠨᠡᠭᠦᠳᠡᠯᠡᠨ ᠠᠮᠢᠳᠤᠷᠠᠵᠤ ᠢᠷᠡᠭᠰᠡᠨ᠃ | ᠡᠭᠦᠨ ᠳᠤ ᠨᠠᠰᠤᠳᠠᠶᠢᠴᠤᠳ ︿︿ᠤᠯᠵᠠ ᠲᠠᠢ᠂ ᠤᠮᠤᠭ ᠲᠠᠢ﹀﹀ ᠶᠠᠪᠤᠳᠤᠭᠠᠢ ᠭᠡᠵᠤ ᠰᠦ ᠪᠠᠷ ᠢᠷᠤᠭᠡᠵᠤ ᠠᠩ | ᠰᠠᠭᠤᠷᠢ ᠲᠠᠯᠪᠢᠳᠠᠭ ᠪᠠᠶᠢᠭᠰᠠᠨ᠃ ᠡᠭᠦᠨ ᠳᠤ᠄ | ︿︿ᠪᠤᠷᠤ ᠬᠠᠯᠵᠢᠨ ᠲᠠᠤᠯᠠᠢ ᠪᠠᠷ | ᠪᠦᠭᠦᠷᠭᠡ ᠪᠠᠨ ᠮᠢᠯᠢᠶ᠋ᠨ | ᠬᠠᠷ᠎ᠠ ᠬᠠᠯᠵᠢᠨ ᠲᠠᠤᠯᠠᠢ ᠪᠠᠷ | ᠭᠠᠨᠵᠤᠭ᠎ᠠ ᠪᠠᠨ ᠮᠢᠯᠢᠶ᠋ᠨ﹀﹀ ⑥ ᠭᠡᠵᠤ ᠲᠠᠤᠯᠠᠢ ᠶᠢ ᠪᠢᠶ᠎ᠡ ᠨᠢ ᠪᠠᠭ᠎ᠠ᠂ ᠠᠷᠠᠰᠤ ᠨᠢ ᠨᠢᠮᠭᠡᠨ ᠭᠡᠵᠤ ᠭᠤᠯᠤᠳᠠᠭ | ᠦᠭᠡᠢ᠂ ᠬᠠᠷᠢᠨ ᠠᠩ ᠤᠨ ᠮᠦᠷ ᠠᠷᠪᠢᠵᠢᠵᠤ᠂ ᠤᠯᠵᠠ ᠤᠮᠤᠭ ᠨᠡᠮᠡᠭᠳᠡᠳᠡᠭ ᠭᠡᠵᠤ ᠦᠵᠡᠳᠡᠭ ᠪᠤᠯᠬᠤᠷ᠂ | ᠲᠡᠭᠦᠨ ᠤ ᠴᠢᠰᠤ ᠪᠠᠷ ᠭᠠᠨᠵᠤᠭ᠎ᠠ ᠪᠠᠨ ᠮᠢᠯᠢᠶᠠᠳᠠᠭ ᠵᠠᠩᠰᠢᠯ ᠲᠠᠢ ᠭᠡᠵᠡᠢ᠃ ᠡᠭᠦᠨ ᠠ ᠭᠠᠳᠠᠨ᠎ᠠ ᠪᠠᠳᠠ ᠪᠠᠰᠠ᠄ | ᠬᠤ ᠶᠢᠨ ᠢᠶᠠᠨ ᠲᠠᠷᠭᠤᠨ ᠳᠤ | ᠬᠤᠰ ᠦᠭᠡᠢ ᠮᠤᠷᠳᠠᠯ᠎ᠠ ᠪᠢ | ᠬᠤᠷᠢᠨ ᠨᠠᠰᠤᠨ ᠤ ᠡᠷᠭᠡᠨ ᠳᠤ | ᠬᠠᠨᠢ ᠦᠭᠡᠢ ᠮᠤᠷᠳᠠᠯ᠎ᠠ ᠪᠢ᠂ | ᠬᠠᠷ᠎ᠠ ᠶᠢᠨ ᠲᠠᠷᠭᠤᠨ ᠳᠤ | ᠬᠠᠶᠢᠰᠤᠨ ᠦᠭᠡᠢ ᠮᠤᠷᠳᠠᠯ᠎ᠠ ᠪᠢ | ᠬᠠᠪᠤᠯ ᠤᠨ ᠢᠶᠠᠨ ᠰᠡᠴᠡᠨ ᠳᠤ | ᠭᠦᠨᠡᠰᠤ ᠦᠭᠡᠢ ᠮᠤᠷᠳᠠᠯ᠎ᠠ ᠪᠢ᠂ | ᠭᠦᠷᠠᠩ ᠤᠨ ᠢᠶᠠᠨ ᠭᠦᠳᠡᠷ ᠲᠤ | ᠭᠦᠳᠤᠯᠪᠤᠷ ᠦᠭᠡᠢ ᠮᠤᠷᠳᠠᠯ᠎ᠠ ᠪᠢ | ᠭᠦᠨᠳᠤ ᠶᠢᠨ ᠢᠶᠠᠨ ᠰᠡᠴᠡᠨ ᠳᠤ | ᠭᠦᠨᠡᠰᠤ ᠦᠭᠡᠢ ᠮᠤᠷᠳᠠᠯ᠎ᠠ ᠪᠢ᠂ | ᠪᠤᠷᠤ ᠶᠢᠨ ᠢᠶᠠᠨ ᠲᠠᠷᠭᠤᠨ ᠳᠤ | ᠪᠤᠯᠵᠤᠭ ᠦᠭᠡᠢ ᠮᠤᠷᠳᠠᠯ᠎ᠠ ᠪᠢ | ᠫᠤᠤ ᠶᠢᠨ ᠢᠶᠠᠨ ᠰᠡᠴᠡᠨ ᠳᠤ | ᠭᠦᠨᠡᠰᠤ ᠦᠭᠡᠢ ᠮᠤᠷᠳᠠᠯ᠎ᠠ ᠪᠢ ⑦ ᠭᠡᠵᠤ ᠮᠤᠷᠢᠨ ᠤ ᠲᠠᠷᠤᠭᠤ ᠰᠠᠶᠢᠳᠠᠢ ᠡᠷ᠎ᠠ ᠵᠠᠯᠠᠭᠤ ᠶᠢᠨ ᠭᠦᠴᠤ ᠴᠢᠳᠡᠯ᠂ | ᠬᠠᠷᠪᠤᠭᠠᠴᠢ ᠮᠡᠷᠭᠡᠨ ᠢ ᠪᠠᠭ᠋ᠠᠷᠠᠨ ᠲᠠᠭᠤᠯᠠᠭᠰᠠᠨ ᠪᠠᠶᠢᠨ᠎ᠠ᠃ ᠡᠶᠢᠮᠤ ᠠᠴᠠ ᠮᠤᠩᠭᠤᠯᠴᠤᠳ ᠤᠨ ᠠᠩ ᠠᠩᠨᠠᠯ ᠤᠨ | ᠲᠠᠭᠤᠤ ᠨᠢ ᠭᠦᠳᠡᠯᠮᠤᠷᠢ ᠶᠢᠨ ᠲᠠᠭᠤᠤ ᠠᠴᠠ ᠲᠤᠳᠠᠭᠳᠠᠵᠤ ᠪᠤᠯᠤᠰᠢ ᠦᠭᠡᠢ᠃ | ᠭᠤᠷᠪᠠ᠂ ᠠᠶᠢᠷᠠᠭ ᠪᠤᠯᠢᠬᠤ ᠲᠠᠭᠤᠤ | ᠪᠢᠳᠡ ᠪᠠᠭ᠎ᠠ ᠶᠢᠨ ᠦᠶ᠎ᠡ ᠳᠤ ᠮᠠᠨ ᠤ ᠡᠭᠡ ᠠᠶᠢᠷᠠᠭ ᠪᠤᠯᠢᠵᠤ ᠲᠤᠰᠤ ᠤᠨᠠᠭᠠᠬᠤ ᠳᠤ ᠲᠤᠭ᠎ᠠ ᠲᠤᠭᠠᠯᠠᠵᠤ᠂ ᠲᠤᠭ᠎ᠠ | ᠭᠡᠴᠢᠨᠡᠨ ᠤᠯᠠᠨ ᠪᠤᠯ ᠲᠡᠳᠤᠢ ᠴᠢᠨᠡᠭᠡᠨ ᠰᠢᠷ᠎ᠠ ᠲᠤᠰᠤ ᠤᠨᠠᠳᠠᠭ ᠭᠡᠵᠤ ᠭᠡᠯᠡᠳᠡᠭ᠃ ᠨᠡᠨ ᠤ ᠭᠡᠳᠤᠶᠢᠪᠡᠷ ᠲᠤᠭ᠎ᠠ | ᠲᠤᠭᠠᠯᠠᠬᠤ ᠶᠢᠨ ᠲᠡᠳᠤᠢ ᠪᠤᠯᠪᠠᠴᠤ ᠦᠨᠡᠨ ᠳᠡᠭᠡᠨ ᠭᠡᠤᠭᠡᠳ ᠤᠨ ᠠᠰᠭᠠᠪᠤᠷᠢ ᠴᠠᠶᠢᠯᠭᠠᠨ ᠠᠵᠢᠯᠴᠢ ᠭᠦᠳᠡᠯᠮᠤᠷᠰᠡᠭ ᠢ | ᠬᠠᠷᠠᠭᠤᠯᠬᠤ ᠠᠴᠠ ᠭᠠᠳᠠᠨ᠎ᠠ ᠠᠯᠵᠠᠭᠤ ᠵᠠᠯᠠᠬᠤ᠂ ᠶᠠᠳᠠᠷᠠᠵᠤ ᠮᠠᠭᠤᠳᠠᠭᠰᠠᠨ ᠢ ᠲᠠᠶᠢᠯᠠᠬᠤ ︿︿ᠭᠦᠳᠡᠯᠮᠤᠷᠢᠯᠡᠭᠰᠡᠨ ᠤ | ᠭᠡᠷᠢ ᠪᠠᠷ ᠬᠤᠪᠢᠶᠠᠷᠯᠠᠬᠤ﹀﹀ ᠭᠡᠳᠡᠭ ᠵᠠᠷᠴᠢᠮ ᠢ ᠢᠯᠡᠷᠡᠭᠦᠯᠦᠭᠰᠡᠨ ᠪᠠᠶᠢᠨ᠎ᠠ᠃ | ᠲᠦᠷᠪᠠ᠂ ᠭᠡᠤᠭᠡᠳ ᠰᠠᠭᠠᠳᠠᠭᠤᠯᠬᠤ ᠲᠠᠭᠤᠤ | ᠪᠠᠶᠠᠨᠭᠤᠤᠯ ᠤᠨ ᠮᠤᠩᠭᠤᠯᠴᠤᠳ ᠦᠷ᠎ᠠ ᠭᠡᠣᠭᠡᠳ ᠢᠶᠠᠨ ᠠᠰᠠᠷᠠᠨ ᠭᠦᠮᠤᠵᠢᠭᠦᠯᠭᠦ ᠳᠡᠭᠡᠨ ᠪᠠᠭ᠎ᠠ ᠠᠴᠠ ᠨᠢ ᠡᠭᠢᠯᠡᠨ | ᠰᠠᠭᠠᠳᠠᠭᠤᠯᠵᠤ᠂ ᠰᠠᠭᠠᠳᠤᠭᠤᠯᠬᠤ ᠦᠭᠡ ᠪᠦᠷᠢ ᠳᠤ ᠨᠢ ᠡᠷᠭᠢᠮ ᠨᠠᠨᠳᠢᠨ ᠰᠤᠷᠭᠠᠯ᠂ ᠢᠷᠡᠭᠡᠳᠤᠢ ᠶᠢᠨ ᠭᠦᠰᠡᠯ | ᠡᠷᠠᠮᠯᠡᠵᠡᠯ ᠠᠭᠤᠯᠠᠭᠳᠠᠵᠤ ᠪᠠᠶᠢᠳᠠᠭ᠃ ᠡᠭᠦᠨ ᠳᠤ᠄ | ᠬᠠᠷᠢᠶᠠᠳᠡᠢ ᠬᠠᠨ ᠤ ᠠᠴᠢ ᠯᠠ ᠪᠢᠯᠨ | ᠬᠠᠷᠪᠤᠭᠠᠴᠢ ᠮᠡᠷᠭᠡᠨ ᠤ ᠭᠦᠪᠡᠭᠦᠨ ᠪᠢᠯᠨ | ᠪᠦᠳᠡᠷ ᠮᠡᠷᠭᠡᠨ ᠤ ᠵᠢᠭᠢ ᠯᠠ ᠪᠢᠯᠨ | ᠵᠢᠩ ᠤᠨ ᠬᠠᠷ᠎ᠠ ᠶᠢᠨ ᠢᠪᠡᠷ ᠪᠤᠤᠪᠡᠯᠳᠠᠢ | ᠵᠢᠩ ᠤᠨ ᠠᠷᠢᠭᠢ ᠶᠢᠨ ᠠᠮᠨ ᠲᠠᠢ ᠪᠤᠤᠪᠡᠯᠳᠠᠢ | ᠠᠶᠢᠷᠠᠭ ᠠᠷᠢᠭᠢ ᠶᠢᠨ ᠠᠮᠳᠠ ᠲᠠᠢ ᠪᠤᠤᠪᠡᠯᠳᠠᠢ | ᠠᠶᠢᠯ ᠭᠦᠮᠤᠨ ᠤ ᠵᠤᠭᠤᠭ ᠯᠠ ᠪᠤᠤᠪᠡᠯᠳᠠᠢ | ᠦᠷᠯᠤᠬᠡ ᠰᠦᠨᠢ ᠶᠢᠨ ᠵᠡᠭᠦᠳᠡᠨ ᠪᠤᠤᠪᠡᠯᠳᠠᠢ | ᠡᠷᠤᠭᠡ ᠠᠶᠢᠯ ᠤᠨ ᠵᠤᠭᠤᠭ ᠯᠠ ᠪᠤᠤᠪᠡᠯᠳᠠᠢ | ᠬᠠᠷᠠᠩᠭᠤᠢ ᠰᠦᠨᠢ ᠶᠢᠨ ᠵᠡᠭᠦᠳᠡᠨ ᠪᠤᠤᠪᠡᠯᠳᠠᠢ | ᠬᠠᠨ ᠲᠦᠷᠤ ᠶᠢᠨ ᠰᠦᠯᠵᠢᠯ ᠪᠤᠤᠪᠡᠯᠳᠠᠢ | ᠠᠪᠤ ᠶᠢᠨ ᠡᠪᠤᠷ ᠲᠡᠭᠡᠷᠭᠢ | ᠠᠮᠤᠷᠭᠠᠳ ᠦᠰᠦᠭᠰᠡᠨ ᠪᠤᠤᠪᠡᠯᠳᠠᠢ | ᠡᠷᠪᠡᠭᠡᠢ ᠮᠡᠳᠤ ᠰᠡᠷᠪᠡᠯᠵᠢᠭᠰᠡᠨ ᠪᠤᠤᠪᠡᠯᠳᠠᠢ | ᠡᠷᠢᠶᠡᠳᠡᠢ ᠪᠤᠷᠤ ᠨᠠᠰᠤᠮ᠎ᠠ ᠲᠠᠢ ᠪᠤᠤᠪᠡᠯᠳᠠᠢ ⑧ ᠭᠡᠵᠤ ᠰᠠᠭᠠᠳᠠᠭᠤᠯᠵᠤ ᠪᠠᠶᠢᠭᠠᠳ ᠬᠠᠨ ᠲᠦᠷᠤ ᠶᠢᠨ ᠭᠦᠮᠤᠨ ᠤ | ᠦᠢᠯᠨ ᠶᠠᠪᠤᠳᠠᠯ᠂ ᠪᠠᠶᠠᠷ ᠪᠠᠶᠠᠰᠠᠬᠤᠯᠠᠩ ᠲᠠᠢ ᠠᠮᠢᠳᠤᠷᠠᠯ ᠢ ᠦᠨᠡᠨ ᠮᠦᠨ ᠪᠠᠷ ᠲᠤᠰᠬᠠᠵᠢ᠃ | ᠲᠡᠭᠡᠷᠠᠭᠢ ᠲᠠᠭᠤᠤ ᠤᠳ ᠠᠭᠤᠯᠭ᠎ᠠ ᠠᠴᠠ ᠦᠵᠡᠭᠦ ᠳᠤ ᠮᠠᠨ ᠤ ᠮᠤᠩᠭᠤᠯᠴᠤᠳ ᠤᠨ ᠨᠡᠭᠦᠳᠡᠯᠴᠢᠨ ᠠᠷᠠᠳ ᠤᠨ ᠭᠡᠪ | ᠵᠠᠩᠰᠢᠯ ᠵᠢᠴᠢ ᠬᠠᠶᠢᠷ᠎ᠠ ᠰᠡᠳᠭᠡᠯᠭᠡ᠂ ᠭᠦᠳᠡᠭᠡ ᠲᠠᠯ᠎ᠠ᠂ ᠠᠭᠤᠯᠠᠨ ᠤᠰᠤ ᠨᠢ ᠪᠠᠶᠢᠭᠠᠯᠢ ᠶᠢᠨ ᠦᠵᠡᠮᠵᠢ ᠶᠢ ᠲᠠᠭᠤᠤ | ᠳᠠᠭᠠᠨ ᠤᠷᠠᠯᠢᠭᠰᠢᠭᠤᠯᠤᠨ ᠢᠷᠠᠭᠤ ᠲᠤᠳᠤ ᠪᠠᠶᠢᠳᠠᠯ ᠢᠶᠠᠷ ᠢᠯᠡᠳᠭᠡᠨ ᠭᠠᠷᠭᠠᠭᠰᠠᠨ ᠪᠠᠶᠢᠨ᠎ᠠ᠃ | ᠵᠡᠭᠦᠯᠳᠡ᠄ | ① ︽ᠦᠷ ᠤᠨ ᠴᠤᠯᠮᠤᠨ︾᠂ 106 ᠳ᠋ᠦ᠋ᠭᠠᠷ ᠨᠢᠭᠤᠷ᠃ | ② ③ ⑷⑸ ⑦⑻ ︽ᠪᠠᠶᠠᠨᠭᠤᠤᠯ ᠵᠸᠤ ᠶᠢᠨ ᠾᠧᠵᠢᠩ ᠰᠢᠶᠠᠨ ᠤ ᠠᠷᠠᠳ ᠤᠨ ᠲᠠᠭᠤᠨ ᠤ ᠬᠤᠪᠢᠶᠡᠷᠢ | ᠡᠮᠭᠡᠳᠭᠡᠯ︾᠂ | 245 — 151 ᠳ᠋ᠦ᠋ᠭᠠᠷ ᠨᠢᠭᠤᠷ᠂ 4 ᠳ᠋ᠦ᠋ᠭᠠᠷ ᠨᠢᠭᠤᠷ᠂ 403 ᠳ᠋ᠦ᠋ᠭᠠᠷ ᠨᠢᠭᠤᠷ᠃ | ⑥ ︽ᠮᠤᠩᠭᠤᠯ ᠤᠨᠳᠤᠰᠤᠳᠡᠨ ᠤ ᠲᠠᠭᠤᠤ ᠭᠦᠭᠵᠢᠮ ᠤᠨ ᠲᠡᠤᠭᠡ︾᠂ 153 ᠳ᠋ᠦ᠋ᠭᠠᠷ ᠨᠢᠭᠤᠷ᠃ | ᠠᠯᠲᠠᠨᠪᠠᠭᠠᠨ᠎ᠠ ᠮᠠᠲ᠋ᠧᠷᠢᠶᠠᠯ ᠬᠠᠩᠭᠠᠪᠠ᠃ | |