ᠬᠤᠱᠤᠳ ᠠᠶᠢᠮᠠᠭ ᠤᠨ ᠡᠭᠦᠰᠤᠯ ᠬᠢᠭᠡᠳ ᠪᠦᠷᠢᠯᠳᠤᠯ ᠤᠨ ᠲᠤᠬᠠᠢ
ᠨᠡᠶᠢᠲᠡᠯᠡᠭᠰᠡᠨ ᠴᠠᠭ᠄
2018/12/3
 ᠠᠷᠪᠠᠨ ᠲᠠᠪᠤᠳᠤᠭᠠᠷ ᠵᠠᠭᠤᠨ ᠤ ᠡᠬᠢᠨ ᠤ ᠦᠶ᠎ᠡ ᠪᠠᠷ ᠪᠦᠷᠢᠯᠳᠦᠵᠤ ᠲᠤᠭᠲᠠᠭᠰᠠᠨ ᠬᠤᠤᠱᠤᠳ ᠠᠶᠢᠮᠠᠭ ᠨᠢ ᠬᠠᠪᠤᠳᠤ ᠬᠠᠰᠠᠷ ᠤᠨ ᠨᠠᠢᠮᠠᠳᠤᠭᠠᠷ ᠦᠶ᠎ᠠ ᠶᠢᠨ ᠠᠴᠢ ᠦᠷᠦᠭᠳᠡᠮᠦᠷ ᠦᠪᠡᠷ ᠤᠨ ᠬᠠᠷᠢᠶᠠᠳᠤ ᠬᠤᠷᠴᠢᠨ ᠤ ᠨᠢᠭᠡ ᠰᠠᠯᠠᠭ᠎ᠠ ᠶᠢ ᠳᠠᠭᠠᠭᠤᠯᠵᠦ ᠪᠠᠷᠠᠭᠤᠨᠰᠢ ᠨᠡᠬᠦᠵᠦ ᠳᠦᠷᠪᠡᠨ ᠤᠶᠢᠷᠠᠳ ᠤᠨ ᠨᠢᠭᠡ ᠪᠤᠯᠬᠤ ᠬᠤᠱᠤᠳ ᠪᠤᠯᠪᠠ᠃ ᠬᠢᠲᠠᠳ ᠰᠤᠷᠪᠤᠯᠵᠢ ︽ᠬᠠᠭᠠᠨᠳᠤ ᠲᠦᠷᠦ ᠶᠢᠨ ᠭᠠᠳᠠᠭᠠᠳᠤ ᠴᠢᠬᠤᠯᠠ ᠪᠤᠳᠤᠯᠭ᠎ᠠ︾ ᠭᠡᠳᠡᠭ ᠪᠢᠴᠢᠭ ᠲᠤ᠄ ︽ᠦᠭᠡᠯᠡᠳ ᠤᠳ ᠢᠨᠤ ᠠ ᠠᠶᠢᠮᠠᠭ ᠪᠦᠯᠦᠭᠡ᠃ ᠲᠡᠭᠦᠨ ᠤ ᠨᠢᠭᠡ ᠢᠨᠤ ᠬᠤᠱᠤᠳ᠂ ᠪᠤᠷᠵᠢᠭᠡᠨ ᠤᠪᠤᠭᠲᠠᠢ᠂ ᠶᠤᠸᠠᠨ ᠲᠠᠶᠢᠽᠤ ᠶᠢᠨ ᠳᠡᠭᠦᠦ ᠬᠠᠪᠤᠳᠤ ᠬᠠᠰᠠᠷ ᠤᠨ ᠦᠷᠡᠳᠤᠰ᠂ ᠬᠠᠪᠤᠳᠤ ᠬᠠᠰᠠᠷ ᠤᠨ ᠳᠤᠯᠤᠳᠤᠭᠠᠷ ᠦᠶ᠎ᠡ ᠶᠢᠨ ᠠᠴᠢ ᠢᠨᠤ ᠠᠭᠰᠠᠭᠠᠯᠲᠠᠢ᠂ ᠲᠡᠭᠦᠨ ᠤ ᠬᠤᠶᠠᠷ ᠬᠦᠪᠡᠭᠦᠨ ᠪᠤᠢ᠂ ᠶᠡᠭᠡ ᠢᠨᠤ ᠠᠷᠣᠭᠲᠠᠮᠤᠷ᠂ ᠪᠠᠭ᠎ᠠ ᠢᠨᠤ ᠦᠷᠦᠭᠲᠡᠮᠦᠷ᠂ ᠬᠤᠱᠤᠳ ᠤᠨ ᠳᠡᠭᠡᠳᠤ ᠪᠤᠯᠠᠢ︾ ᠭᠡᠵᠠᠢ᠃ ᠡᠭᠦᠨ ᠳᠤ ᠬᠤᠱᠣᠳ ᠢᠵᠠᠭᠤᠷᠲᠠᠨ ᠪᠤᠷᠵᠢᠭᠡᠨ ᠤᠪᠤᠭᠲᠠᠢ ᠭᠡᠰᠡᠨ ᠢ ᠲᠤᠳᠤᠷᠬᠠᠶᠢᠯᠠᠪᠠ᠃ ︽ᠡᠷᠲᠡᠨ ᠤ ᠮᠤᠩᠭᠤᠯ ᠤᠨ ᠬᠠᠭᠠᠳ ᠤᠨ ᠦᠨᠳᠦᠰᠦᠨ ᠤ ᠶᠡᠭᠡ ᠰᠢᠷ᠎ᠠ ᠲᠤᠭᠤᠵᠢ ᠣᠷᠣᠰᠢᠪᠠ︾ ᠭᠡᠳᠡᠭ ᠨᠤᠮ ᠳᠤ ᠬᠤᠱᠣᠳ ᠤᠨ ᠲᠤᠬᠠᠢ ᠲᠡᠮᠳᠡᠭᠯᠡᠬᠦ ᠳᠡᠭᠡᠨ᠄ ︽ᠨᠠᠬᠤᠷ ᠦᠢᠵᠠᠩ ᠤᠨ ᠡᠴᠢᠭᠡ ᠢᠨᠤ ᠶᠠᠳᠡᠢ᠂ ᠡᠭᠡ ᠢᠨᠤ ᠠᠬᠠᠶᠢᠬᠠᠨ ᠬᠠᠳᠤᠨ᠂ ᠶᠠᠳᠠᠢ ᠶᠢ ᠦᠬᠦᠭᠰᠡᠨ ᠤ ᠬᠤᠶᠢᠨ᠎ᠠ ᠬᠠᠨᠢ ᠠᠴᠠ ᠲᠦᠷᠦᠭᠰᠠᠨ ᠪᠠᠶᠢᠪᠠᠭᠠᠰ ᠬᠤᠶᠠᠭᠤᠯᠠ ᠪᠤᠢ᠃ ᠦᠵᠢᠶᠡᠳ ᠤᠪᠤᠭ ᠲᠠᠢ︾ ᠭᠡᠵᠠᠢ᠃ ᠬᠠᠰᠠᠷ ᠤᠨ ᠠᠷᠪᠠᠨ ᠲᠠᠪᠤᠳᠤᠭᠠᠷ ᠦᠶ᠎ᠡ ᠶᠢᠨ ᠬᠦᠰᠦᠢ ᠳᠤ ᠤᠪᠠᠭ ᠴᠢᠩᠰᠠᠩ᠂ ᠪᠤᠪᠠᠢ ᠮᠢᠷᠵᠡ ᠭᠡᠳᠡᠭ ᠬᠤᠶᠠᠷ ᠬᠦᠪᠡᠭᠦᠨ ᠲᠠᠢ ᠪᠠᠶᠢᠵᠠᠢ ᠃ ᠶᠠᠳᠠᠢ ᠪᠤᠯ ᠤᠪᠠᠭ ᠴᠢᠩᠰᠠᠩ ᠤᠨ ᠬᠦᠪᠡᠭᠦᠨ᠂ ᠬᠠᠨᠢ ᠭᠡᠭᠴᠢ ᠨᠢ ᠪᠤᠪᠠᠢ ᠮᠢᠷᠴᠠ ᠤᠨ ᠬᠦᠪᠡᠭᠦᠨ᠂ ᠲᠡᠭᠦᠨ ᠢ ᠪᠠᠰᠠ ᠨᠤᠶᠠᠨ ᠬᠤᠩᠭᠤᠷ᠂ ᠬᠠᠨᠢ ᠬᠤᠩᠭᠤᠷ ᠨᠤᠶᠠᠨ ᠭᠡᠵᠤ ᠳᠠᠭᠤᠳᠠᠳᠠᠭ᠃ ᠶᠠᠳᠠᠢ ᠲᠠᠶᠢᠵᠢ ᠪᠤᠯᠤᠨ ᠬᠠᠨᠢ ᠬᠤᠩᠭᠤᠷ ᠨᠤᠶᠠᠨ ᠬᠤᠶᠠᠷ ᠪᠤᠯ ᠦᠶᠡᠯᠢᠳ ᠠᠬ᠎ᠠ ᠳᠡᠬᠦᠦ ᠪᠦᠭᠡᠳ ᠬᠠᠰᠠᠷ ᠤᠨ ᠠᠷᠪᠠᠨ ᠳᠣᠯᠣᠳᠣᠭᠠᠷ ᠦᠶ᠎ᠡ ᠶᠢᠨ ᠠᠴᠢ ᠪᠤᠯᠤᠨ᠎ᠠ᠃ ᠲᠡᠶᠢᠮᠤ ᠶᠢᠨ ᠲᠤᠯᠠ ᠬᠤᠱᠣᠳ ᠤᠨ ᠹᠸᠤᠳᠠᠯ ᠢᠵᠠᠭᠤᠷᠲᠠᠨ ᠨᠠᠷ ᠪᠦᠷ ᠯᠡ ᠪᠤᠷᠵᠢᠭᠡᠨ ᠤᠪᠤᠭᠲᠠᠨ ᠪᠤᠯᠬᠤ ᠶᠤᠮ᠃ ᠮᠤᠩᠭᠤᠯ ᠰᠤᠷᠪᠤᠯᠵᠢ ᠪᠢᠴᠢᠭ ᠤᠨ ᠲᠡᠮᠳᠡᠭᠯᠡᠯ ᠢ ᠦᠨᠳᠦᠰᠦᠯᠪᠡᠯ᠂ ᠤᠮᠠᠷᠠᠳᠤ ᠶᠤᠸᠠᠨ ᠤᠯᠤᠰ ᠤᠨ ᠡᠬᠢᠨ ᠤ ᠦᠶ᠎ᠡ ᠂ ᠵᠡᠭᠦᠨ ᠬᠤᠶᠢᠳᠤ ᠶᠢᠨ ᠭᠠᠵᠠᠷ ᠤᠷᠤᠨ ᠳᠤ ᠦᠵᠢᠶᠡᠳ ᠭᠡᠬᠦ ᠠᠶᠢᠮᠠᠭ ᠪᠠᠶᠢᠵᠤ ᠲᠡᠭᠦᠨ ᠢ ᠪᠠᠰᠠ ︽ᠦᠯᠭᠡᠶᠢᠨ ᠵᠢᠷᠭᠤᠭᠠᠨ ᠮᠢᠩᠭᠠᠨ ᠦᠵᠢᠶᠡᠳ︾ ᠭᠡᠳᠡᠭ᠃ ᠡᠨᠡ ᠨᠢ ᠳᠠᠷᠤᠢ ᠬᠢᠩᠭᠠᠨ ᠳᠠᠪᠠᠭᠠᠨ ᠤ ᠦᠪᠦᠷ ᠲᠠᠯ᠎ᠠ ᠳᠤ ᠨᠤᠳᠤᠭᠯᠠᠵᠤ ᠪᠠᠶᠢᠭᠰᠠᠨ ᠦᠵᠢᠶᠡᠳ ᠪᠤᠯᠤᠨ᠎ᠠ᠃ ᠵᠠᠷᠢᠮ ᠰᠤᠷᠪᠤᠯᠵᠢ ᠳᠤ᠄ ︽ᠤᠳᠴᠢᠭᠢᠨ ᠤ ᠤᠯᠤᠰ︾ ᠭᠡᠵᠤ ᠲᠤᠳᠤᠷᠬᠠᠶᠢᠯᠠᠳᠠᠭ᠃ ᠮᠡᠳᠡᠭᠡᠵᠢ ᠢᠶᠠᠷ ᠶᠤᠸᠠᠨ ᠣᠯᠤᠰ ᠤᠨ ᠦᠶ᠎ᠡ ᠳᠤ ᠬᠢᠩᠭᠠᠨ ᠳᠠᠪᠠᠭᠠᠨ ᠤ ᠵᠡᠭᠦᠨ ᠳᠠᠬᠢ ᠭᠠᠵᠠᠷ ᠤᠷᠤᠨ ᠪᠤᠯ ᠴᠢᠩᠭᠢᠰ ᠬᠠᠭᠠᠨ ᠤ ᠤᠳᠬᠤᠨ ᠳᠡᠭᠦᠦ ᠤᠳᠴᠢᠭᠢᠨ ᠨᠤᠶᠠᠨ ᠤ ᠬᠤᠶᠢᠴᠢᠰ ᠪᠤᠯᠬᠤ ᠯᠢᠶᠤᠤ ᠸᠠᠩ ᠤᠨ ᠬᠠᠷᠢᠶ᠎ᠠ ᠨᠤᠳᠤᠭ ᠪᠠᠶᠢᠭᠰᠠᠨ᠃ ᠮᠢᠩ ᠤᠯᠤᠰ ᠤᠨ ᠡᠬᠢ ᠪᠠᠷ ᠵᠡᠭᠦᠨ ᠬᠤᠶᠢᠳᠤ ᠶᠢᠨ ᠭᠠᠵᠠᠷ ᠤᠷᠢᠶᠠᠩᠬᠠᠢ ᠭᠤᠷᠪᠠᠨ ᠬᠠᠷᠠᠭᠤᠯ ᠪᠠᠶᠢᠭᠤᠯᠬᠤ ᠦᠶᠡᠰ ᠲᠠᠶᠢᠨᠢᠩ ᠬᠠᠷᠠᠭᠤᠯ ᠤᠨ ᠮᠡᠳᠡᠭᠴᠢ ᠲᠦᠰᠢᠮᠡᠯ ᠯᠢᠶᠤᠤ ᠸᠠᠩ ᠠᠵᠢᠰᠢᠷ ᠪᠠᠶᠢᠵᠠᠢ᠃ ᠲᠤᠬᠠᠢ ᠶᠢᠨ ᠦᠶ᠎ᠡ ᠳᠤ ᠲᠤᠶᠤᠨ ᠬᠠᠷᠠᠭᠤᠯ ᠢ ︽ᠤᠷᠢᠶᠠᠩᠬᠤᠢ︾᠂ ᠲᠠᠶᠢᠨᠢᠩ ᠬᠠᠷᠠᠭᠤᠯ ᠢ ︽ᠤᠩᠨᠢᠭᠤᠳ︾ ᠭᠡᠳ ᠹᠦ᠋ ᠢᠤᠢ ᠬᠠᠷᠠᠭᠤᠯ ᠢ ︽ᠦᠵᠢᠶᠡᠳ︾ ᠭᠡᠵᠤ ᠲᠣᠰ ᠲᠣᠰ ᠨᠡᠷᠡᠯᠡᠨ ᠳᠠᠭᠤᠳᠠᠳᠠᠭ ᠪᠠᠶᠢᠭᠰᠠᠨ ᠪᠦᠭᠡᠳ ᠭᠤᠷᠪᠠᠨ ᠬᠠᠷᠠᠭᠤᠯ ᠤᠨ ᠬᠦᠮᠦᠰ ᠨᠢ ᠪᠦᠷ ᠳᠡᠭᠡᠷ᠎ᠡ ᠳᠣᠷᠠᠳᠤᠭᠰᠠᠨ ᠠᠶᠢᠮᠠᠭ ᠤᠳ ᠤᠨ ᠬᠦᠮᠦᠰ ᠢᠶᠠᠷ ᠪᠦᠷᠢᠯᠳᠦᠭᠰᠡᠨ ᠶᠤᠮ᠃ ᠦᠵᠢᠶᠡᠳ ᠠᠶᠢᠮᠠᠭ ᠪᠤᠯ ᠲᠡᠷᠡ ᠦᠶ᠎ᠡ ᠶᠢᠨ ᠹᠦ᠋ ᠢᠤᠢ ᠬᠠᠷᠠᠭᠤᠯ ᠳᠤ ᠪᠠᠭᠲᠠᠬᠤ ᠮᠤᠩᠭᠤᠯ ᠠᠶᠢᠮᠠᠭ ᠤᠨ ᠭᠤᠤᠯ ᠪᠦᠷᠢᠯᠳᠦᠭᠦᠨ ᠪᠤᠯᠬᠤ ᠶᠤᠮ᠃ ᠦᠵᠢᠶᠡᠳ ᠤᠪᠤᠭᠲᠠᠨ ᠨᠠᠷ ᠣᠳᠴᠢᠭᠢᠨ ᠤ ᠤᠯᠤᠰ ᠤᠨ ᠢᠷᠭᠡᠨ ᠪᠠᠶᠢᠭᠰᠠᠨ ᠠᠴᠠ ᠬᠠᠰᠠᠷ ᠤᠨ ᠬᠠᠷᠢᠶ᠎ᠠ ᠠᠶᠢᠮᠠᠭ ᠪᠤᠯᠵᠤ ᠬᠤᠪᠢᠷᠠᠭᠰᠠᠨ ᠨᠢ ᠪᠠᠰᠠ ᠲᠡᠭᠦᠨ ᠤ ᠰᠢᠯᠲᠠᠭᠠᠨ ᠪᠤᠢ᠃ ︽ᠶᠤᠸᠠᠨ ᠣᠯᠣᠰ ᠤᠨ ᠲᠠᠤᠬᠡ︾ ᠶᠢ ᠦᠨᠳᠦᠰᠦᠯᠪᠡᠯ᠄ 1328 ᠤᠨ ᠤ ᠣᠷᠴᠢᠮ ᠯᠢᠶᠤᠤ ᠸᠠᠩ ᠲᠤᠭᠲᠠᠬᠤ  ᠪᠠᠷ ᠲᠤᠷᠱᠠ ᠵᠡᠷᠭᠡ ᠬᠦᠮᠦᠰ ᠲᠠᠢ ᠰᠦᠯᠪᠡᠭᠡᠯᠡᠵᠤ ᠶᠤᠸᠠᠨ ᠤᠯᠤᠰ ᠤᠨ ᠲᠦᠷᠦ ᠵᠠᠰᠠᠭ ᠢ ᠡᠵᠡᠮᠰᠢᠵᠤ ᠪᠠᠶᠢᠭᠰᠠᠨ ᠦᠶᠡᠰ᠂ ᠴᠢ ᠸᠠᠩ ᠶᠤᠯᠤᠲᠡᠮᠤᠷ ᠴᠡᠷᠢᠭ ᠳᠠᠶᠢᠴᠢᠯᠠᠨ ᠲᠠᠶᠢᠳᠤ ᠬᠤᠲᠠ ᠶᠢ ᠪᠦᠰᠡᠯᠡᠵᠤ᠂ ᠲᠤᠭᠲᠠᠬᠤ ᠶᠢ ᠠᠯᠠᠨ ᠵᠠᠯᠢᠬᠠᠢ ᠶᠢ ᠴᠡᠪᠡᠷᠯᠡᠭᠰᠡᠨ ᠠᠴᠠ ᠲᠠᠢ ᠲᠢᠩ ᠳ᠋ᠢ ᠶᠢᠰᠣᠨᠲᠡᠮᠣᠷ ᠬᠠᠭᠠᠨ ᠲᠦᠷᠦ ᠶᠢᠨ ᠡᠷᠬᠡ ᠶᠢ ᠪᠠᠳᠤ ᠡᠵᠡᠮᠰᠢᠵᠤ᠂ ᠵᠠᠷᠯᠢᠭ ᠢᠶᠠᠷ ᠯᠢᠶᠤᠤ ᠸᠠᠩ ᠤᠨ ᠡᠵᠡᠮᠰᠢᠯ ᠳᠣᠣᠷᠠᠬᠢ ᠹᠦ᠋ ᠰᠢᠶᠠᠨ ᠤ ᠲᠤᠷᠤᠭᠠᠴᠢ ᠵᠠᠷᠭᠤᠴᠢ ᠨᠠᠷ ᠤᠨ ᠵᠡᠷᠭᠡ ᠲᠣᠰᠢᠶᠠᠯ ᠢ ᠨᠢ ᠤᠭᠴᠠᠷᠠᠭᠤᠯᠵᠤ᠂ ᠶᠤᠯᠦᠲᠡᠮᠣᠷ ᠢ ᠶᠡᠭᠡ ᠪᠠᠷ ᠱᠠᠩᠨᠠᠭᠰᠠᠨ ᠭᠡᠬᠦ ᠲᠡᠮᠳᠡᠭᠯᠡᠯ ᠪᠤᠢ᠃ ᠲᠡᠷᠡ ᠴᠠᠭ  ᠠᠴᠠ ᠡᠬᠢᠯᠡᠨ ᠯᠢᠶᠤᠤ ᠸᠠᠩ ᠤᠨ ᠡᠵᠡᠮᠰᠢᠯ ᠤᠨ ᠬᠦᠴᠣᠨ ᠨᠢ ᠨᠢᠭᠡᠨᠲᠡ ᠰᠤᠯᠠᠷᠠᠨ ᠪᠠᠭᠤᠷᠠᠬᠤ ᠵᠦᠭ ᠲᠤ ᠬᠠᠨᠳᠤᠵᠤ ᠂ ᠤᠮᠠᠷᠠᠳᠤ ᠶᠤᠸᠠᠨ ᠤᠯᠤᠰ ᠤᠨ ᠡᠬᠢᠨ ᠤ ᠦᠶ᠎ᠡ ᠪᠤᠯᠬᠤ ᠳᠤ ᠵᠦᠪᠬᠡᠨ ᠲᠠᠶᠢᠨᠢᠩ ᠬᠠᠷᠠᠭᠤᠯ ᠢᠶᠠᠷ ᠭᠤᠤᠯ ᠪᠤᠯᠭᠠᠭᠰᠠᠨ ᠵᠢᠵᠢᠭ ᠬᠡᠰᠡᠭ ᠭᠠᠵᠠᠷ ᠤᠷᠤᠨ ᠲᠡᠳᠤᠢ ᠯᠡ ᠦᠯᠡᠳᠡᠪᠡ᠃ ᠲᠡᠷᠡ ᠦᠶ᠎ᠡ ᠳᠤ ᠬᠠᠰᠠᠷ ᠤᠨ ᠶᠢᠰᠦᠳᠦᠭᠡᠷ ᠦᠶ᠎ᠡ ᠶᠢᠨ ᠠᠴᠢ ᠦᠷᠦᠭᠲᠡᠮᠦᠷ ᠤᠨ ᠬᠠᠷᠢᠶᠠᠨ ᠳᠤ ᠦᠵᠢᠶᠡᠳ ᠬᠦᠮᠦᠨ ᠪᠠᠭᠲᠠᠵᠤ ᠪᠠᠶᠢᠭᠰᠠᠨ ᠢᠶᠠᠷ ᠦᠵᠡᠪᠡᠯ ᠦᠵᠢᠶᠡᠳ ᠠᠶᠢᠮᠠᠭ ᠤᠳᠴᠢᠭᠡᠨ ᠨᠤᠶᠠᠨ ᠤ ᠡᠵᠡᠮᠰᠢᠯ ᠠᠴᠠ ᠬᠠᠰᠠᠷ ᠤᠨ ᠬᠤᠶᠢᠴᠢᠰ ᠤᠨ ᠡᠵᠡᠮᠰᠢᠯ ᠳᠤ ᠤᠷᠤᠭᠰᠠᠨ  ᠨᠢ 15 ᠳ᠋ᠦ᠋ᠭᠠᠷ ᠵᠠᠭᠤᠨ ᠤ ᠭᠤᠴᠢᠭᠠᠳ ᠣᠨ ᠤ ᠡᠮᠦᠨ᠎ᠡ ᠬᠤᠶᠢᠨᠠᠬᠢ ᠬᠡᠷᠡᠭ ᠪᠤᠯᠤᠭᠰᠠᠨ ᠪᠠᠶᠢᠨ᠎ᠠ᠃ ᠦᠵᠢᠶᠡᠳ ᠭᠤᠷᠪᠠᠨ ᠬᠠᠷᠠᠭᠤᠯ ᠤᠨ ᠭᠠᠵᠠᠷ ᠠᠴᠠ ᠰᠠᠯᠵᠤ ᠭᠤᠪᠢ ᠶᠢᠨ ᠪᠠᠷᠠᠭᠤᠨᠲᠠᠢ ᠨᠡᠭᠦᠵᠤ ᠤᠴᠢᠭᠰᠠᠨ ᠨᠢ ᠮᠢᠩ ᠤᠯᠤᠰ ᠤᠨ ᠰᠢᠤᠸᠠᠨ ᠳ᠋ᠧ ᠶᠢᠨ ᠶᠢᠰᠦᠳᠦᠭᠡᠷ ᠤᠨ᠂ ᠦᠭᠡᠷ᠎ᠡ ᠪᠠᠷ ᠬᠡᠯᠡᠪᠡᠯ 1434 ᠤᠨ ᠳᠤ ᠲᠤᠭᠤᠨ ᠲᠠᠶᠢᠱᠢ ᠠᠷᠤᠭᠲᠠᠢ ᠶᠢ ᠰᠦᠨᠦᠭᠡᠭᠰᠡᠨ ᠤ ᠳᠠᠷᠠᠭᠠᠬᠢ ᠣᠴᠢᠷ ᠶᠤᠮ᠃ ᠲᠤᠭᠤᠨ ᠪᠤᠯ ᠳᠦᠷᠪᠡᠨ ᠤᠶᠢᠷᠠᠳ ᠤᠨ ᠨᠢᠭᠡ ᠪᠤᠯᠬᠤ ᠴᠤᠷᠤᠰ ᠠᠶᠢᠮᠠᠭ ᠤᠨ ᠲᠦᠷᠦᠭᠦᠦ ᠪᠠᠳᠤᠯᠠ ᠶᠢᠨ ᠬᠦᠪᠡᠭᠦᠨ᠃ 1433 ᠤᠨ ᠳᠤ ᠲᠤᠭᠤᠨ ᠶᠤᠸᠠᠨ ᠤᠯᠤᠰ ᠤᠨ ᠬᠠᠭᠠᠨ ᠤ ᠦᠷᠡᠳᠦᠰ ᠲᠤᠭᠲᠠᠪᠤᠬ᠎ᠠ ᠶᠢ ᠬᠠᠭᠠᠨ ᠡᠷᠭᠦᠵᠤ ᠠᠯᠲᠠᠨ ᠤᠷᠤᠭᠲᠠᠨ ᠤ ᠨᠡᠷ᠎ᠡ ᠪᠠᠷ ᠠᠷᠤᠭᠳᠠᠢ ᠶᠢ ᠳᠠᠶᠢᠯᠠᠵᠠᠢ᠃ 1434 ᠤᠨ ᠳᠤ ᠠᠷᠤᠭᠳᠠᠢ ᠲᠠᠶᠢᠱᠢ ᠤᠷᠢᠶᠠᠩᠬᠠᠢ ᠶᠢᠨ ᠭᠠᠵᠠᠷ ᠲᠤᠭᠤᠨ ᠳᠤ ᠬᠢᠶᠠᠷᠲᠠᠯ᠎ᠠ ᠴᠤᠬᠢᠭᠤᠯᠤᠭᠠᠳ ᠬᠦᠪᠡᠭᠦᠨ ᠪᠤᠯᠤᠨ ᠭᠤᠷᠪᠠᠨ ᠮᠢᠩᠭᠠᠨ ᠴᠡᠷᠢᠭ ᠲᠠᠢ ᠬᠠᠮᠳᠤ ᠮᠤᠨᠠ ᠠᠭᠤᠯᠠ ᠲᠡᠰᠢ ᠵᠤᠭᠤᠳᠠᠪᠠ᠃ ᠲᠤᠭᠤᠨ ᠲᠠᠶᠢᠱᠢ ᠪᠤᠷᠪᠢᠳᠡᠨ ᠬᠦᠭᠡᠭᠡᠵᠤ᠂ ᠲᠤᠰ ᠵᠢᠯ ᠮᠣᠨᠠ ᠠᠭᠤᠯᠠ ︵ᠣᠳᠤ ᠶᠢᠨ ᠪᠤᠭᠤᠳᠤ ᠬᠤᠲᠠ ᠶᠢᠨ ᠪᠠᠷᠠᠭᠤᠨᠲᠠᠢ︶᠃ ᠴᠠᠭᠠᠨ ᠨᠠᠭᠤᠷ ︵ᠤᠷᠳᠦᠰ ᠤᠨ ᠦᠤᠰᠢᠨ ᠬᠤᠰᠢᠭᠤᠨ ᠳᠤ ᠪᠤᠢ︶ ᠤᠷᠴᠢᠮ ᠠᠷᠤᠭᠳᠠᠢ ᠲᠠᠶᠢᠱᠢ ᠶᠢ ᠠᠯᠵᠤ᠂ ᠭᠤᠷᠪᠠᠨ ᠬᠠᠷᠠᠭᠤᠯ ᠤᠨ ᠤᠯᠠᠨ ᠢ ᠳᠠᠶᠢᠴᠢᠯᠠᠨ ᠠᠷᠣᠭᠳᠠᠢ ᠶᠢᠨ ᠦᠯᠡᠳᠡᠭᠳᠡᠯ ᠢ ᠪᠦᠷᠢᠨ ᠰᠦᠨᠦᠭᠡᠵᠠᠢ᠃ ᠡᠨᠡ ᠮᠡᠳᠤ ᠪᠠᠷ ᠠᠷᠤᠭᠳᠠᠢ ᠪᠤᠯᠤᠨ ᠲᠡᠭᠦᠨ ᠤ ᠬᠠᠮᠰᠠᠭᠠᠲᠠᠨ ᠢ ᠰᠦᠨᠦᠭᠡᠬᠦ ᠶᠠᠪᠤᠴᠠ ᠳᠤ ᠲᠤᠭᠤᠨ ᠲᠠᠶᠢᠱᠢ ᠨᠢ ᠤᠷᠢᠶᠠᠩᠬᠠᠢ ᠭᠤᠷᠪᠠᠨ ᠬᠠᠷᠠᠭᠤᠯ ᠲᠠᠢ ᠡᠳᠤᠢ ᠲᠡᠳᠤᠢ ᠬᠠᠷᠢᠴᠠᠭ᠎ᠠ ᠭᠠᠷᠪᠠ᠃ ᠡᠨᠡ ᠬᠠᠷᠢᠴᠠᠭᠠᠨ ᠤ ᠳ᠋ᠦᠩ ᠳᠤ ᠬᠤᠱᠤᠳ ᠠᠶᠢᠮᠠᠭ ᠤᠶᠢᠷᠠᠳ ᠤᠨ ᠬᠤᠯᠪᠤᠭᠠᠨ ᠳᠤ ᠤᠷᠤᠯᠴᠠᠵᠠᠢ᠃ ᠦᠵᠢᠶᠡᠳ ᠪᠠᠷᠠᠭᠤᠨᠰᠢ ᠨᠡᠭᠦᠳᠡᠯᠯᠡᠵᠤ ᠬᠤᠱᠤᠳ ᠠᠶᠢᠮᠠᠭ ᠤᠨ ᠭᠤᠤᠯ ᠪᠦᠷᠢᠯᠳᠦᠭᠦᠨ ᠪᠤᠯᠤᠭᠰᠠᠨ ᠨᠢ ᠲᠤᠭᠤᠨ ᠲᠠᠶᠢᠱᠢ ᠶᠢᠨ ᠬᠦᠪᠡᠭᠦᠨ ᠡᠰᠡᠨ ᠬᠠᠭᠠᠨ ᠤ ᠦᠶ᠎ᠡ ᠳᠤ ᠪᠤᠯᠤᠭᠰᠠᠨ ᠶᠤᠮ᠃ ᠮᠢᠩ ᠤᠯᠤᠰ ᠤᠨ ᠵᠧᠩ ᠲᠦᠩ ᠤᠨ ᠲᠠᠪᠤᠳᠤᠭᠠᠷ ᠤᠨ ᠳᠤ ᠲᠤᠭᠤᠨ ᠲᠠᠶᠢᠱᠢ ᠦᠬᠦᠭᠰᠡᠨ᠎ᠡ ᠲᠡᠭᠦᠨ ᠤ ᠬᠦᠪᠡᠭᠦᠨ ᠡᠰᠡᠨ ᠤᠶᠢᠷᠠᠳ ᠢ ᠠᠬᠠᠯᠠᠵᠤ ᠮᠤᠩᠭᠤᠯ ᠢ ᠨᠢᠭᠡᠳᠭᠡᠬᠦ ᠠᠵᠢᠯᠯᠭ᠎ᠠ ᠪᠠᠨ ᠡᠬᠢᠯᠡᠵᠠᠢ᠃ 1446 ᠤᠨ ᠳᠤ ᠡᠰᠡᠨ ︽ᠠᠷᠤᠭᠳᠠᠢ ᠶᠢᠨ ᠠᠴᠢ ᠶᠢ ᠨᠡᠩᠵᠢᠬᠦ︾ ᠪᠠᠷ ᠰᠢᠯᠲᠠᠭ ᠪᠤᠯᠭᠠᠵᠤ ᠭᠤᠷᠪᠠᠨ ᠬᠠᠷᠠᠭᠤᠯ ᠢ ᠳᠤᠪᠲᠤᠯᠪᠠ᠃ ᠡᠰᠡᠨ ᠤ ᠳᠠᠶᠢᠴᠢᠯᠠᠭᠰᠠᠨ ᠤᠶᠢᠷᠠᠳ  ᠤᠨ ᠴᠡᠷᠢᠭ ᠳᠠᠷᠠᠭ᠎ᠠ ᠵᠢᠯ ᠳᠤ ᠨᠢ ᠭᠤᠷᠪᠠᠨ ᠬᠠᠷᠠᠭᠤᠯ ᠳᠤ ᠴᠡᠷᠢᠭᠯᠡᠭᠡᠳ ᠲᠠᠶᠢᠨᠢᠩ᠂ ᠲᠤᠶᠤᠨ ᠬᠤᠶᠠᠷ ᠬᠠᠷᠠᠭᠤᠯ ᠢ ᠡᠷᠭᠡᠰᠢᠶᠡᠯ ᠳᠡᠭᠡᠨ ᠤᠷᠤᠭᠤᠯᠵᠤ᠂ ᠭᠠᠭᠴᠠ ᠹᠦ᠋ ᠢᠤᠢ ᠬᠠᠷᠠᠭᠤᠯ ᠤᠨ ᠤᠯᠠᠨ ᠠᠨᠤ ᠨᠤᠨ ᠮᠦᠷᠡᠨ ᠳᠤᠷ ᠲᠤᠲᠠᠭᠠᠵᠤᠬᠤᠢ᠃ ᠴᠤᠬᠤᠮ ᠳᠠᠭᠠᠨ ᠭᠤᠷᠪᠠᠨ ᠬᠠᠷᠠᠭᠤᠯ ᠢ ᠦᠪᠡᠷ ᠤᠨ ᠡᠷᠭᠡᠰᠢᠶᠡᠯ ᠳᠡᠭᠡᠨ ᠤᠷᠤᠭᠤᠯᠬᠤ ᠨᠢ ᠡᠰᠡᠨ ᠬᠠᠭᠠᠨ ᠤ ᠪᠦᠬᠦ ᠮᠤᠩᠭᠤᠯ ᠢ ᠨᠢᠭᠡᠳᠭᠡᠬᠦ ᠠᠵᠢᠯᠯᠭ᠎ᠠ ᠶᠢᠨ ᠨᠢᠭᠡ ᠬᠡᠰᠡᠭ ᠪᠤᠯᠬᠤ ᠮᠦᠷᠳᠡᠭᠡᠨ ᠮᠢᠩ ᠤᠯᠤᠰ ᠤᠨ ᠨᠤᠶᠠᠷᠬᠠᠭᠴᠢᠳ ᠢ ᠰᠢᠬᠠᠮᠳᠠᠭᠤᠯᠵᠤ ᠮᠤᠩᠭᠤᠯ ᠪᠤᠯᠤᠨ ᠮᠢᠩ ᠤᠯᠤᠰ ᠤᠨ ᠬᠤᠭᠤᠷᠤᠨᠳᠤᠬᠢ ᠠᠷᠠᠯᠵᠢᠶ᠎ᠠ ᠬᠤᠳᠠᠯᠳᠤᠭ᠎ᠠ ᠶᠢ ᠤᠯᠠᠮ ᠨᠢᠭᠡ ᠠᠯᠬᠤᠮ ᠦᠷᠭᠡᠳᠭᠡᠨ᠂ ᠲᠤᠳᠤᠷ᠎ᠠ ᠭᠠᠵᠠᠷ ᠤᠨ ᠲᠠᠷᠢᠶᠠᠯᠩ ᠤᠨ ᠪᠦᠲᠦᠭᠡᠭᠳᠡᠭᠦᠨ  ᠢᠶᠠᠷ ᠨᠡᠶᠢᠭᠡᠮ ᠤᠨ ᠠᠵᠤ ᠠᠬᠤᠢ ᠶᠢᠨ ᠠᠰᠠᠭᠤᠳᠠᠯ ᠢᠶᠠᠨ ᠰᠢᠢᠳᠪᠦᠷᠢᠯᠡᠬᠦ ᠭᠡᠰᠡᠨ ᠡᠰᠡᠨ ᠬᠠᠭᠠᠨ ᠤ ᠪᠦᠬᠦ ᠰᠲ᠋ᠡᠷᠡᠲ᠋ᠧᠬᠢ ᠶᠢᠨ ᠪᠦᠷᠢᠯᠳᠦᠭᠦᠨ ᠬᠡᠰᠡᠭ ᠪᠤᠯᠬᠤ ᠶᠤᠮ᠃ ᠡᠰᠡᠨ ᠬᠠᠭᠠᠨ ᠮᠢᠩ ᠤᠯᠤᠰ ᠲᠤ ᠬᠠᠲᠠᠭᠤ ᠴᠢᠩᠭ᠎ᠠ ᠴᠡᠷᠢᠭ ᠳᠠᠶᠢᠨ ᠤ ᠴᠤᠬᠢᠯᠲᠠ ᠦᠭᠬᠦ ᠶᠢᠨ ᠳᠠᠭᠠᠤ ᠤᠷᠢᠶᠠᠩᠬᠠᠢ ᠭᠤᠷᠪᠠᠨ ᠬᠠᠷᠠᠭᠤᠯ ᠢ ᠤᠷᠤᠭ ᠬᠤᠳᠠ ᠪᠤᠯᠤᠯᠴᠠᠬᠤ ᠂ ᠢᠯᠪᠢᠨ ᠲᠠᠲᠠᠬᠤ᠂ ᠴᠡᠷᠢᠭ ᠤᠨ ᠳᠠᠭᠠᠷᠢᠯᠲᠠ ᠬᠢᠬᠦ ᠮᠡᠳᠤ ᠶᠢᠨ ᠬᠠᠲᠠᠭᠤ ᠵᠦᠭᠡᠯᠡᠨ ᠠᠷᠭ᠎ᠠ ᠪᠠᠷ ᠭᠤᠷᠪᠠᠨ ᠬᠠᠷᠠᠭᠤᠯ ᠤᠨ ᠬᠦᠴᠤᠨ ᠢ ᠢᠳᠡᠭ ᠢᠳᠡᠭ ᠢᠶᠠᠷ ᠳᠤᠷᠤᠶᠢᠲᠠᠭᠤᠯᠵᠤ᠂ ᠬᠠᠮᠤᠭ ᠡᠴᠤᠰ ᠲᠤ ᠡᠷᠭᠡᠰᠢᠶᠡᠵᠤ ᠠᠪᠤᠭᠠᠳ ᠴᠦᠬᠡᠨ ᠪᠤᠰᠤ ᠶᠢ ᠨᠢ ᠪᠠᠷᠭᠤᠨᠰᠢ ᠨᠡᠭᠦᠯᠭᠡᠭᠰᠡᠨ ᠪᠠᠶᠢᠨ᠎ᠠ᠃ ᠡᠨᠡ ᠪᠦᠯᠦᠭ ᠬᠦᠮᠦᠰ ᠲᠡᠨᠳᠡ ᠬᠦᠷᠦᠭᠰᠡᠨ ᠤ ᠳᠠᠷᠠᠭ᠎ᠠ ᠤᠶᠢᠷᠠᠳ ᠲᠤ ᠰᠢᠨ᠎ᠡ ᠪᠦᠷᠢᠯᠳᠦᠭᠦᠨ ᠪᠤᠯᠵᠤ ᠤᠷᠤᠭᠰᠠᠨ ᠪᠠᠶᠢᠨ᠎ᠠ᠃ ᠡᠶᠢᠮᠤ ᠶᠢᠨ ᠲᠤᠯᠠ ᠭᠤᠷᠪᠠᠨ ᠬᠠᠷᠠᠭᠤᠯ ᠤᠨ ᠤᠯᠠᠨ᠂ ᠪᠤᠳᠠᠳᠠᠢ ᠪᠠᠷ ᠬᠡᠯᠡᠪᠡᠯ ᠦᠵᠢᠶᠡᠳ ᠠᠶᠢᠮᠠᠭ ᠤᠨ ᠪᠠᠷᠠᠭᠤᠨᠰᠢ ᠨᠡᠭᠦᠳᠡᠯᠯᠭᠰᠡᠨ ᠶᠠᠪᠤᠴᠠ ᠨᠢ ᠦᠨᠡᠨᠳᠡᠭᠡᠨ ᠦᠷᠦᠭᠲᠡᠮᠦᠷ ᠪᠠᠷᠠᠭᠤᠨᠰᠢ ᠨᠡᠭᠦᠳᠡᠯᠯᠬᠦ ᠶᠢ ᠳᠠᠭᠠᠯᠳᠤᠵᠤ ᠭᠠᠷᠤᠭᠰᠠᠨ ᠬᠡᠷᠡᠭ ᠤᠴᠢᠷ ᠪᠤᠯᠬᠤ ᠶᠤᠮ᠃ ᠳᠦᠷᠪᠡᠨ ᠤᠶᠢᠷᠠᠳ ᠤᠨ ᠨᠢᠭᠡ ᠪᠤᠯᠬᠤ ᠬᠤᠱᠣᠳ ᠠᠶᠢᠮᠠᠭ ᠪᠤᠯ ᠴᠢᠩᠭᠢᠰ ᠬᠠᠭᠠᠨ ᠤ ᠳᠡᠭᠦᠦ ᠬᠠᠪᠤᠳᠤ ᠬᠠᠰᠠᠷ  ᠤᠨ ᠳᠤᠯᠤᠳᠤᠭᠠᠷ ᠦᠶ᠎ᠡ ᠠᠭᠰᠠᠭᠠᠯᠳᠠᠢ ᠨᠤᠶᠠᠨ ᠤ ᠬᠦᠪᠡᠭᠦᠨ ᠦᠷᠦᠭᠲᠡᠮᠤᠷ ᠪᠠᠷᠠᠭᠤᠨᠰᠢ ᠨᠡᠭᠦᠳᠡᠯᠯᠵᠤ᠂ ᠲᠡᠭᠦᠨ ᠤ ᠬᠠᠷᠢᠶᠠᠨ ᠳᠤ ᠤᠷᠤᠭᠰᠠᠨ ᠦᠵᠢᠶᠡᠳ ᠵᠡᠷᠭᠡ ᠭᠤᠷᠪᠠᠨ ᠬᠠᠷᠠᠭᠤᠯ ᠤᠨ ᠬᠢᠨ ᠢᠶᠠᠷ ᠪᠦᠷᠢᠯᠳᠦᠵᠤ ᠲᠤᠭᠲᠠᠭᠰᠠᠨ ᠠᠶᠢᠮᠠᠭ ᠭᠡᠳᠡᠭ ᠢ ᠳᠡᠭᠡᠷ᠎ᠡ ᠨᠢᠭᠡᠨᠲᠡ ᠲᠤᠳᠤᠷᠬᠠᠶᠢᠯᠠᠪᠠ᠃ ᠲᠡᠭᠡᠪᠡᠯ ᠦᠷᠦᠭᠲᠡᠮᠣᠷ ᠤᠨ ᠬᠠᠷᠢᠶ᠎ᠠ ᠠᠶᠢᠮᠭ ᠤᠶᠢᠷᠠᠳ ᠨᠤᠳᠤᠭ ᠲᠤ ᠬᠦᠷᠦᠭᠰᠡᠨ ᠤ ᠳᠠᠷᠠᠭ᠎ᠠ ᠶᠠᠭᠤᠨ ᠳᠤ ᠬᠤᠱᠤᠳ ᠭᠡᠳᠡᠭ ᠨᠡᠷᠡᠶᠢᠳᠤᠯ ᠲᠠᠢ ᠪᠤᠯᠤᠭᠰᠠᠨ ᠪᠤᠢ︖ ᠡᠨᠡ ᠲᠤᠬᠠᠢ ᠤᠯᠤᠰ ᠤᠨ ᠳᠤᠳᠤᠭᠠᠳᠤ ᠭᠠᠳᠠᠭᠠᠳᠤ ᠶᠢᠨ ᠡᠷᠳᠡᠮᠲᠡᠳ ᠠᠳᠠᠯᠢ ᠪᠤᠰᠤ ᠰᠤᠨᠢᠷᠬᠠᠯᠲᠠᠢ ᠲᠠᠶᠢᠯᠪᠤᠷᠢ ᠬᠢᠭᠰᠡᠭᠡᠷ ᠢᠷᠡᠵᠠᠢ᠃ ᠣᠷᠣᠰ ᠤᠨ ᠮᠤᠩᠭᠤᠯᠴᠢ ᠡᠷᠳᠡᠮᠳᠡᠨ ᠫᠠᠯᠯᠠᠰ ᠤᠨ ᠦᠵᠢᠬᠦ ᠪᠠᠷ᠄ ︽ᠬᠤᠱᠤᠳ︾ ᠭᠡᠬᠦ ᠨᠡᠷ᠎ᠡ ᠪᠤᠯ ᠾᠶᠵᠤ ᠭᠡᠳᠡᠭ ᠭᠠᠵᠠᠷ ᠤᠨ ᠨᠡᠷ᠎ᠡ ᠠᠴᠠ ᠡᠭᠦᠰᠤᠯᠲᠠᠢ ᠭᠡᠰᠡᠨ ᠳ᠋ᠤᠩᠨᠠᠯᠲᠠ ᠭᠠᠷᠭᠠᠬᠤ ᠶᠢᠨ ᠬᠠᠮᠳᠤ ᠪᠠᠰᠠ ᠬᠤᠱᠤᠳᠴᠣᠳ ᠨᠢᠭᠡ ᠤᠳᠠᠭ᠎ᠠ ᠦᠽᠪᠧᠺ ᠤᠨ ᠬᠠᠭᠠᠨ ᠤ ᠴᠡᠷᠢᠭ ᠲᠠᠢ ᠪᠠᠶᠢᠯᠳᠤᠬᠤ ᠳᠤ ᠬᠠᠮᠤᠭ ᠲᠡᠷᠢᠭᠦᠨ ᠳᠤ ᠡᠷᠡᠯᠭᠡᠭ ᠵᠤᠷᠢᠭᠲᠠᠢ ᠤᠷᠤᠯᠴᠠᠭᠰᠠᠨ ᠠᠴᠠ ᠡᠶᠢᠮᠤ ᠨᠡᠷᠡᠶᠢᠳᠤᠯᠭᠡ ᠲᠠᠢ ᠪᠤᠯᠤᠭᠰᠠᠨ ᠭᠡᠵᠠᠢ᠃ ᠡᠭᠦᠨ ᠳᠤ ᠦᠽᠪᠧᠺ ᠤᠨ ᠬᠠᠭᠠᠨ ᠤ ᠴᠡᠷᠢᠭ ᠲᠠᠢ ᠪᠠᠶᠢᠯᠳᠤᠬᠤ ᠳᠤ ᠬᠤᠱᠤᠳᠴᠣᠳ ᠬᠠᠮᠤᠭ ᠲᠡᠷᠢᠭᠦᠨ ᠳᠤ ᠪᠠᠭᠠᠳᠤᠷᠯᠢᠭ ᠢᠶᠠᠷ ᠤᠷᠤᠯᠴᠠᠭᠰᠠᠨ ᠢᠶᠠᠷ ︽ᠬᠤᠱᠤᠳ︾ ᠨᠡᠷ᠎ᠡ ᠤᠯᠤᠯ᠎ᠠ ᠭᠡᠰᠡᠨ ᠨᠢ ᠳᠠᠶᠢᠨ ᠪᠠᠶᠢᠯᠳᠤᠭᠠᠨ ᠤ ᠳᠤᠮᠳᠠ ᠬᠤᠰᠢᠭᠤᠴᠢ ᠦᠢᠯᠡᠳᠤᠯ ᠦᠵᠡᠭᠦᠯᠦᠭᠰᠡᠨ ᠠᠴᠠ ᠬᠤᠱᠤᠳ ᠬᠡᠮᠡᠬᠦ ᠨᠡᠷ᠎ᠡ ᠠᠶᠠᠨᠳᠠᠭᠠᠨ ᠡᠭᠦᠰᠦᠭᠰᠡᠨ ᠭᠡᠰᠡᠨ ᠰᠠᠨᠠᠭ᠎ᠠ ᠪᠤᠯᠤᠯᠲᠠᠢ᠃ ᠹᠠᠷᠠᠨᠽᠢ ᠶᠢᠨ ᠮᠤᠩᠭᠤᠯᠴᠢ ᠡᠷᠳᠡᠮᠳᠡᠨ ᠪᠧᠱᠬᠢ ᠲᠡᠮᠳᠡᠭᠯᠡᠬᠦ ᠳᠡᠭᠡᠨ᠄ ︽ᠬᠤᠱᠤᠳ︾ ᠭᠡᠳᠡᠭ ᠦᠭᠡ ᠴᠣᠬᠤᠮ ᠳᠠᠭᠠᠨ khosiqhun.khosun ︵ᠹᠷᠠᠨᠽᠢ ᠦᠭᠡ᠂ ᠰᠢᠪᠠᠭᠤᠨ ᠤ ᠬᠤᠩᠰᠢᠶᠠᠷ ᠭᠡᠰᠡᠨ ᠤᠳᠬ᠎ᠠ ᠲᠠᠢ︶ ᠭᠡᠳᠡᠭ ᠤᠨ ᠳᠠᠪᠬᠤᠷ ᠲᠤᠭ᠎ᠠ᠂ ᠪᠠᠰᠠ ᠨᠢᠭᠡ ᠪᠦᠯᠦᠭ ᠴᠡᠷᠢᠭ ᠠᠩᠭᠢ ᠭᠡᠰᠡᠨ ᠤᠳᠬ᠎ᠠ ᠲᠠᠢ᠃ ᠡᠨᠡ ᠨᠢ ᠬᠢᠲᠠᠳ ᠦᠭᠡᠨ ᠳᠠᠬᠢ ︽ᠬᠤᠰᠢᠭᠤ︾ ᠲᠠᠢ ᠶᠡᠭᠡ ᠯᠠ ᠤᠶᠢᠷᠠᠯᠴᠠᠭ᠎ᠠ ᠤᠳᠬ᠎ᠠ ᠲᠠᠢ ᠦᠭᠡ ᠭᠡᠪᠡ᠃ ︽ᠬᠤᠱᠣᠳ︾ ᠨᠡᠷᠡᠶᠢᠳᠦᠯᠭᠡ ᠶᠢᠨ ᠲᠤᠬᠠᠢ ᠠᠩᠭ᠍ᠯᠢ ᠶᠢᠨ ᠡᠷᠳᠡᠮᠲᠡᠨ ᠭ᠊᠂ ᠬᠤᠸᠣᠷᠰ ᠲᠡᠮᠳᠡᠭᠯᠡᠬᠦ ᠳᠡᠭᠡᠨ᠄ ︽ᠬᠤᠱᠤᠳ ᠤᠭᠰᠠᠭᠠᠲᠠᠨ ᠤ ᠤᠯᠠᠩᠬᠢ ᠨᠢ ᠵᠡᠭᠦᠨ ᠮᠤᠩᠭᠤᠯ ᠤᠨ ᠴᠠᠭᠠᠨ ᠬᠤᠰᠢᠭᠤᠳᠤ ᠭᠡᠳᠡᠭ ᠭᠠᠵᠠᠷ ᠢᠶᠠᠷ ᠨᠤᠳᠤᠭᠯᠠᠵᠤ ᠪᠠᠶᠢᠭᠠᠳ ᠤᠯᠤᠭᠰᠠᠨ ᠨᠡᠷᠡᠶᠢᠳᠦᠯ︾ ᠭᠡᠪᠡ᠃ ᠳᠡᠭᠡᠷ᠎ᠡ ᠳᠤᠷᠳᠤᠭᠰᠠᠨ ᠭᠤᠷᠪᠠᠨ ᠡᠷᠳᠡᠮᠲᠡᠳ ᠤᠨ ︽ᠬᠤᠱᠤᠳ︾ ᠨᠡᠷᠡᠶᠢᠳᠦᠯ ᠤᠨ ᠡᠬᠢ ᠡᠭᠦᠰᠦᠯ ᠤᠨ ᠲᠤᠬᠠᠢ ᠲᠠᠭᠠᠮᠠᠭᠯᠠᠯ  ᠨᠢ ᠤᠯᠤᠰ ᠤᠨ ᠳᠤᠲᠤᠭᠠᠳᠤ ᠶᠢᠨ ᠤᠶᠢᠷᠡᠳ ᠤᠨ ᠰᠣᠳᠣᠯᠭᠠᠨ ᠤ ᠡᠷᠳᠡᠮᠲᠡᠳ ᠲᠤ ᠴᠦᠮ ᠦᠭᠡᠶᠢᠰᠭᠡᠭᠳᠡᠭᠰᠡᠨ ᠤᠴᠢᠷ ︽ᠬᠤᠱᠣᠳ︾ ᠨᠡᠷᠡᠶᠢᠳᠦᠯ ᠤᠨ ᠪᠠᠷᠢᠮᠲᠠ ᠰᠢᠯᠲᠠᠭᠠᠨ ᠬᠡᠮᠡᠨ ᠬᠦᠯ ᠲᠤᠭᠲᠠᠬᠤ ᠪᠤᠯᠤᠮᠵᠢ ᠶᠡᠷᠤ ᠨᠢ ᠦᠭᠡᠢ ᠪᠤᠯᠤᠭᠰᠠᠨ ᠨᠢ ᠢᠯᠡᠷᠬᠡᠢ᠃ ᠤᠯᠤᠰ ᠤᠨ ᠳᠤᠲᠤᠭᠠᠳᠤ ᠶᠢᠨ ᠤᠶᠢᠷᠡᠳ ᠤᠨ ᠰᠣᠳᠣᠯᠭᠠᠨ ᠤ ᠳ᠋ᠦᠩ ᠳᠤ ︽ᠬᠤᠱᠤᠳ︾ ᠨᠡᠷᠡᠶᠢᠳᠦᠯ ᠢ ᠪᠠᠰᠠ ᠤᠯᠠᠨ ᠶᠠᠩᠵᠤ ᠪᠠᠷ ᠰᠢᠨᠵᠢᠯᠡᠨ ᠲᠠᠶᠢᠯᠪᠤᠷᠢᠯᠡᠭᠰᠡᠨ ᠪᠠᠶᠢᠳᠠᠭ᠄ ︽ᠪᠤᠭᠳᠠ ᠴᠢᠩᠭᠢᠰ ᠤᠨ ᠲᠦᠷᠦ ᠶᠢ ᠪᠠᠷᠢᠭᠠᠳ ᠬᠠᠭᠠᠨ ᠦᠷᠬᠦᠭᠡ ᠶᠢ ᠲᠡᠳᠬᠦᠭᠰᠡᠨ ᠲᠤᠭᠤᠵᠢ︾ ᠳᠤ ᠠᠷᠤᠭᠲᠡᠮᠣᠷ ᠤᠨ ᠦᠶ᠎ᠡ ᠳᠤ ᠲᠡᠷᠡ ᠦᠪᠡᠷ ᠤᠨ ᠳᠡᠭᠦᠦ ᠦᠷᠦᠭᠲᠡᠮᠦᠷ ᠲᠤ ︽ᠬᠤᠰᠢᠭᠤᠨ ᠬᠤᠰᠢᠭᠤᠨ ᠠᠴᠠ ᠰᠠᠶᠢᠨ ᠮᠠᠭᠤ ᠠᠯᠪᠠᠳᠤ ᠪᠠᠷ ᠦᠮᠴᠢ ᠦᠭᠭᠦᠭᠰᠡᠨ︾ ᠳᠤ ᠦᠷᠦᠭᠲᠡᠮᠦᠷ ᠨᠢ ᠭᠤᠮᠣᠳᠠᠵᠤ ᠬᠤᠷᠴᠢᠨ ᠤ ᠬᠦᠯᠦᠨ ᠪᠤᠶᠢᠷ ᠤᠨ ᠨᠤᠳᠤᠭ ᠠᠴᠠ ᠪᠠᠨ ᠰᠠᠯᠵᠤ ᠨᠠᠷᠠᠨ ᠰᠢᠩᠭᠡᠬᠦ ᠵᠦᠭ ᠤᠨ ᠲᠤᠭᠤᠨ ᠲᠠᠶᠢᠱᠢ ᠶᠢ ᠲᠦᠰᠢᠵᠤ ᠣᠳᠬᠤᠯ᠎ᠠ᠂ ᠲᠤᠭᠤᠨ ᠲᠠᠶᠢᠱᠢ ᠠᠴᠠ ︽ᠬᠤᠱᠣᠳ︾ ᠬᠡᠮᠡᠬᠦ ᠨᠡᠷ᠎ᠡ ᠬᠠᠶᠢᠷᠠᠯᠠᠭᠰᠠᠨ ᠭᠡᠳᠡᠭ ᠲᠡᠮᠳᠡᠭᠯᠡᠯ ᠪᠤᠢ᠃ ᠡᠨᠡ ᠲᠡᠮᠳᠡᠭᠯᠡᠯ ᠢ ᠦᠨᠳᠦᠰᠦᠯᠡᠪᠡᠯ ︽ᠬᠤᠱᠣᠳ︾ ᠭᠡᠳᠡᠭ ᠨᠢ ᠬᠤᠰᠢᠭᠤ ᠶᠢᠨ ᠤᠯᠠᠨ ᠲᠤᠭᠠᠨ ᠤ ᠬᠡᠯᠪᠡᠷᠢ ᠪᠤᠯᠬᠤ ᠮᠡᠳᠤ᠃ ᠲᠡᠤᠭᠡ ᠶᠢᠨ ᠡᠷᠳᠡᠮᠲᠡᠨ ᠤᠶᠤᠨᠪᠢᠯᠢᠭ᠌ ︽ᠬᠤᠱᠤᠳ ᠲᠤᠪᠴᠢᠶᠠᠨ︾᠄ ᠳᠠᠭᠠᠨ ︽ᠬᠤᠱᠤᠳ︾ ᠨᠡᠷᠡᠶᠢᠳᠦᠯᠭᠡ ᠶᠢᠨ ᠲᠤᠬᠠᠢ ᠦᠭᠦᠯᠡᠬᠦ ᠳᠡᠭᠡᠨ᠄ ︽ᠬᠤᠱᠤᠳ︾ ᠪᠤᠯ ᠬᠤᠰᠢᠶᠠᠭᠤᠯ ᠬᠡᠮᠡᠬᠦ ᠦᠭᠡ ᠠᠴᠠ ᠡᠭᠦᠰᠦᠯ ᠲᠠᠢ᠂ ᠬᠤᠰᠢᠶᠠᠭᠤᠯ  ᠤᠨ ᠠᠶᠢᠮᠠᠭ ᠨᠢ ᠠᠷᠪᠠᠨ ᠡᠷᠦᠬᠡ ᠪᠤᠯᠭᠠᠨ ᠠᠴᠠ ᠬᠤᠶᠠᠷ ᠬᠦᠮᠦᠨ ᠢ ᠲᠠᠲᠠᠵᠤ ᠪᠦᠷᠢᠯᠳᠦᠭᠰᠡᠨ᠂ ᠬᠤᠰᠢᠶᠠᠭᠤᠯ ᠭᠡᠳᠡᠭ ᠨᠡᠷ᠎ᠡ ᠨᠢ ︽ᠬᠤᠤᠰ︾ ᠭᠡᠬᠦ ᠤᠳᠬ᠎ᠠ ᠶᠢ ᠬᠠᠳᠠᠭᠠᠯᠠᠭᠰᠠᠨ ᠬᠤᠰᠢᠶᠠᠳ ᠭᠡᠬᠦ ᠦᠭᠡ ᠠᠴᠠ ᠢᠷᠡᠯᠲᠠᠢ ᠭᠡᠪᠡ᠃ ᠲᠡᠷᠡ ᠬᠡᠯᠡᠬᠦ ᠳᠡᠭᠡᠨ ᠦᠷᠦᠭᠲᠡᠮᠦᠷ ᠠᠩᠬ᠎ᠠ ᠲᠤᠭᠤᠨ ᠲᠠᠶᠢᠱᠢ ᠶᠢ ᠲᠦᠰᠢᠬᠦ ᠦᠶᠡᠰ ᠲᠡᠭᠦᠨ ᠤ ᠠᠶᠢᠮᠠᠭ ᠤᠨ ᠤᠯᠠᠨ ᠨᠢ ᠦᠵᠢᠶᠡᠳ ᠤᠨ ᠤᠯᠠᠨ ᠬᠤᠰᠢᠭᠤ ᠠᠴᠠ ︽ᠰᠠᠶᠢᠨ ᠮᠠᠭᠤ ᠠᠯᠪᠠᠳᠤ︾ ᠨᠠᠷ ᠢ ᠲᠠᠲᠠᠨ ᠪᠠᠶᠢᠵᠤ ᠪᠦᠷᠢᠯᠳᠦᠭᠰᠡᠨ᠂ ᠲᠡᠭᠡᠬᠦ ᠪᠠᠷ ᠢᠶᠠᠨ ᠠᠶᠠᠨᠳᠠᠭᠠᠨ ᠬᠤᠰᠢᠶᠠᠳ ᠨᠡᠷ᠎ᠡ ᠠᠪᠤᠭᠰᠠᠨ ᠭᠡᠵᠤ ᠲᠡᠮᠳᠡᠭᠯᠡᠵᠠᠢ᠃ ᠰᠢᠨᠵᠢᠶᠠᠩ ᠤᠨ ᠪᠠᠶᠠᠨᠭᠤᠤᠯ ᠮᠤᠩᠭᠤᠯ ᠤᠨ ᠦᠪᠡᠷᠲᠡᠭᠡᠨ ᠵᠠᠰᠠᠬᠤ ᠵᠸᠤ ᠶᠢᠨ ᠭᠦ᠊᠂ ᠺᠦᠶᠧ ︽ᠬᠤᠱᠣᠳ ᠨᠡᠷᠡᠶᠢᠳᠦᠯᠭᠡ ᠶᠢᠨ ᠲᠤᠬᠠᠢ ᠰᠤᠳᠤᠯᠭᠠᠨ ᠳᠠᠭᠠᠨ᠄ ᠲᠤᠬᠠᠢ ᠶᠢᠨ ᠦᠶ᠎ᠡ ᠳᠤ ᠬᠤᠱᠤᠳ ᠤᠨ ᠡᠪᠦᠭᠡ ᠳᠡᠭᠡᠳᠤᠰ ᠬᠤᠷᠴᠢᠨ ᠤ ᠬᠦᠯᠦᠨ ᠪᠤᠶᠢᠷ ᠨᠤᠳᠤᠭ ᠠᠴᠠ ᠨᠡᠷᠠ ᠰᠢᠩᠭᠡᠬᠦ ᠵᠦᠭ ᠤᠨ ᠲᠤᠭᠤᠨ ᠲᠠᠶᠢᠱᠢ ᠶᠢ ᠲᠦᠰᠢᠬᠦ ᠪᠠᠷ ᠵᠠᠮ ᠬᠦᠭᠡᠭᠡᠵᠤ ᠬᠤᠯᠠ ᠶᠢᠨ ᠠᠶᠠᠨ ᠬᠢᠬᠦ ᠳᠡᠭᠡᠨ ᠲᠤᠬᠠᠢ ᠶᠢᠨ ᠦᠶ᠎ᠡ ᠶᠢᠨ ᠪᠡᠷᠭᠡ ᠪᠠᠷᠲᠠᠭᠠᠳᠤ ᠵᠠᠮ ᠬᠠᠷᠢᠯᠴᠠᠭ᠎ᠠ ᠪᠠ ᠪᠤᠰᠤᠳ ᠨᠦᠬᠦᠴᠡᠯ ᠪᠦᠬᠦᠢ ᠡᠯᠳᠡᠪ ᠤᠨ ᠰᠢᠯᠲᠠᠭᠠᠨ ᠠᠴᠠ ᠪᠤᠯᠵᠤ᠂ ᠲᠡᠳᠡ ᠪᠦᠷᠢᠨ ᠲᠦᠭᠦᠷ ᠭᠡᠷ ᠢᠶᠠᠨ ᠠᠪᠴᠤ ᠶᠠᠪᠤᠬᠤ ᠶᠢᠨ ᠠᠷᠭ᠎ᠠ ᠦᠭᠡᠢ ᠤᠴᠢᠷ ᠵᠦᠪᠬᠡᠨ ᠳᠦᠭᠦᠮ ᠳᠦᠳᠡ ᠮᠠᠶᠢᠬᠠᠨ ᠵᠤᠯᠤᠮ ︵ᠬᠤᠱ︶ ᠢᠶᠠᠷ ᠤᠶᠢᠷᠠᠳ ᠲᠤ ᠨᠡᠭᠦᠳᠡᠯᠯᠨᠨ ᠢᠷᠡᠵᠤ ᠬᠤᠱ ᠭᠡᠷ ᠢᠶᠠᠨ ᠠᠪᠴᠤ ᠬᠤᠱᠯᠠᠵᠤ ᠪᠠᠭᠤᠳᠠᠯᠯᠭᠰᠠᠨ ᠨᠢ ᠯᠠᠪᠲᠠᠢ ᠶᠤᠮ᠃ ᠶᠠᠭ ᠡᠶᠢᠮᠤ ᠠᠴᠠ ᠲᠤᠬᠠᠢ ᠶᠢᠨ ᠭᠠᠵᠠᠷ ᠤᠨ ᠪᠦᠷᠢᠨ ᠲᠡᠭᠦᠯᠳᠡᠷ ᠭᠡᠷ ᠬᠤᠷᠤᠭ᠎ᠠ ᠲᠠᠢ ᠤᠶᠢᠷᠠᠳᠴᠣᠳ᠂ ᠬᠤᠱ ᠠᠴᠢᠶ᠎ᠠ ᠲᠠᠢ ᠭᠡᠷ ᠢᠶᠠᠷ ᠨᠡᠭᠦᠳᠡᠯᠯᠡᠵᠤ ᠢᠷᠡᠵᠡᠭᠡᠭᠰᠡᠨ ᠲᠡᠳᠡ ᠨᠠᠷ ᠢ ᠬᠤᠱ ᠭᠡᠷ ᠲᠠᠢ ᠤᠨᠴᠠᠯᠢᠭ ᠢᠶᠠᠷ ᠨᠢ ᠬᠤᠱᠤᠳ ᠭᠡᠵᠤ᠂ ︽ᠬᠤᠱ︾  ᠤᠨ ᠤᠯᠠᠨ ᠲᠤᠭ᠎ᠠ ᠪᠠᠷ ᠨᠡᠷ᠎ᠡ ᠦᠭᠴᠤ ᠳᠠᠭᠤᠳᠠᠭᠰᠠᠭᠠᠷ ᠪᠠᠶᠢᠭᠠᠳ ᠠᠭᠠᠵᠢᠮ ᠳᠠᠭᠠᠨ ᠶᠠᠪᠤᠨ ᠶᠠᠪᠤᠭᠰᠠᠭᠠᠷ᠂ ᠬᠤᠱ  ᠤᠨ ᠤᠯᠠᠨ ᠲᠤᠭ᠎ᠠ ᠨᠢ ᠲᠡᠳᠡᠭᠡᠷ ᠨᠡᠷ᠎ᠡ ᠤᠰᠣ ᠦᠭᠡᠢ ᠰᠢᠨ᠎ᠡ ᠠᠶᠢᠮᠠᠭ ᠤᠨ ᠲᠦᠯᠦᠭᠡᠨ ᠤ ᠨᠡᠷ᠎ᠡ ᠪᠤᠯᠵᠤ ᠲᠤᠭᠲᠠᠬᠤ  ᠨᠢ ᠡᠷᠡᠭᠡᠯᠵᠡᠭᠡ ᠦᠭᠡᠢ ᠶᠤᠮ ᠭᠡᠰᠡᠨ ᠪᠤᠳᠤᠳᠠᠢ ᠨᠤᠳᠠᠯᠠᠯᠲᠠ ᠬᠢᠭᠰᠡᠨ ᠪᠠᠶᠢᠨ᠎ᠠ᠃ ᠲᠡᠭᠡᠪᠡᠯ ᠬᠤᠱᠤᠳ ᠤᠨ ᠢᠵᠠᠭᠤᠷ ᠦᠭᠡ ︽ᠬᠤᠱ︾ ᠬᠡᠮᠡᠭᠴᠢ ᠠᠴᠢᠶ᠎ᠠ ᠬᠦᠰᠭᠡ᠂ ᠮᠠᠶᠢᠬᠠᠨ ᠵᠤᠯᠤᠮ ᠤᠨ ᠨᠡᠷ᠎ᠡ ᠶᠢ ᠠᠯᠠᠱᠠ ᠬᠤᠱᠤᠳᠴᠤᠳ ᠤᠳᠤ ᠪᠤᠯᠲᠠᠯ᠎ᠠ ︽ᠬᠤᠱ︾ ᠭᠡᠵᠤ ᠨᠡᠷᠡᠯᠡᠨ ᠳᠠᠭᠤᠳᠠᠭᠰᠠᠭᠠᠷ ᠪᠠᠶᠢᠨ᠎ᠠ᠃ ᠲᠡᠶᠢᠮᠤ ᠳᠤ ︽ᠬᠤᠱᠤᠳ︾ ᠨᠡᠷᠡᠶᠢᠳᠦᠯᠭᠡ ᠨᠢ ︽ᠬᠤᠱ︾ ᠭᠡᠬᠦ ᠦᠭᠡ ᠶᠢᠨ ᠤᠯᠠᠨ ᠲᠤᠭᠠᠨ ᠤ ᠬᠡᠯᠪᠡᠷᠢ ᠠᠴᠠ ᠢᠷᠡᠯᠲᠠᠢ ᠭᠡᠳᠡᠭ᠃                   ᠠᠯᠲᠠᠨᠪᠠᠭᠠᠨ᠎ᠠ ᠮᠠᠲ᠋ᠧᠷᠢᠶᠠᠯ ᠬᠠᠩᠭᠠᠪᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号