ᠪᠠᠶᠠᠨᠨᠠᠭᠤᠷ ᠨᠣᠲᠤᠭ ᠲᠠᠬᠢ ᠦᠢᠷᠠᠳ ︵ᠦᠭᠡᠯᠡᠳ︶ ᠤᠨ ᠲᠣᠬᠠᠢ ᠦᠭᠦᠯᠡᠬᠦ ᠨᠢ
ᠨᠡᠶᠢᠲᠡᠯᠡᠭᠰᠡᠨ ᠴᠠᠭ᠄
2018/12/3
ᠪᠠᠶᠠᠨᠨᠠᠭᠤᠷ ᠬᠤᠲᠠ ᠶᠢᠨ ᠦᠢᠷᠠᠳ ︵ᠦᠭᠡᠯᠡᠳ︶ ᠮᠣᠩᠭᠤᠯᠴᠣᠳ ᠤᠨ ᠣᠳᠣ ᠶᠢᠨ ᠰᠠᠭᠤᠵᠠᠭᠠᠵᠦ ᠪᠠᠶᠢᠭ᠎ᠠ ᠪᠦᠰᠡ ᠨᠣᠲᠤᠭ ᠤᠨ ᠪᠠᠶᠢᠷᠢᠯᠠᠯ ᠠᠴᠠ ᠰᠢᠨᠵᠢᠯᠡᠵᠦ ᠦᠵᠡᠪᠡᠯ᠂ ᠶᠡᠭᠡ ᠡᠷᠲᠡᠨ ᠠᠴᠠ ᠣᠯᠠᠨ ᠠᠷᠪᠢᠨ ᠦᠨᠳᠦᠰᠦᠲᠡᠨ ᠣᠭᠰᠠᠭᠠᠲᠠᠨ ᠶᠠᠰᠣᠲᠠᠨ ᠤ ᠪᠣᠯᠢᠶᠠᠯᠴᠠᠭᠠᠨ ᠤ ᠭᠠᠵᠠᠷ ᠣᠷᠣᠨ ᠪᠠᠶᠢᠵᠦ᠂ ᠣᠷᠲᠦ ᠣᠳᠠᠭᠠᠨ ᠲᠡᠣᠬᠡᠨ ᠬᠤᠭᠤᠴᠠᠭᠠᠨ  ᠤ ᠳᠣᠷᠰᠢᠬᠢ ᠡᠯᠡᠭᠳᠡᠯ ᠰᠣᠯᠢᠭᠳᠠᠯ ᠤᠨ ᠶᠠᠪᠣᠴᠠᠨ ᠳᠤ ᠭᠠᠵᠠᠷ ᠭᠠᠵᠠᠷ᠂ ᠨᠣᠲᠤᠭ ᠨᠣᠲᠤᠭ ᠤᠨ ᠣᠯᠠᠨ ᠣᠯᠠᠨ ᠣᠭᠰᠠᠭᠠᠲᠠᠨ ᠶᠠᠰᠣᠲᠠᠳ ᠢᠷᠡᠵᠡᠭᠡᠵᠦ ᠬᠤᠯᠢᠯᠳᠣᠨ ᠰᠠᠭᠤᠵᠠᠭᠠᠵᠦ ᠣᠷᠣᠭᠴᠠᠭᠠᠨ᠂ ᠬᠡᠳᠣᠨ ᠦᠶ᠎ᠡ ᠶᠢᠨ ᠲᠦᠷᠦ ᠭᠦᠷᠦᠨ ᠨᠤᠭᠤᠳ ᠢ ᠡᠯᠡᠭᠡᠵᠦ ᠣᠳᠣᠬᠢ ᠰᠠᠭᠤᠭ᠎ᠠ ᠨᠡᠶᠢᠭᠡᠮ ᠲᠣᠭᠲᠠᠴᠠ ᠶᠢ ᠪᠦᠷᠢᠯᠳᠦᠭᠦᠯᠪᠡ᠃ ᠡᠨᠡ ᠨᠢ ᠨᠢᠭᠡ ᠲᠠᠯ᠎ᠠ ᠪᠠᠷ ᠲᠡᠣᠬᠡ ᠶᠢᠨ ᠣᠨ ᠳᠠᠷᠠᠭᠠᠯᠠᠭᠰᠡᠨ ᠬᠡᠷᠡᠭ ᠣᠴᠢᠷ ᠤᠳ ᠤᠨ ᠣᠷᠤᠭ᠎ᠠ ᠪᠣᠰᠬᠠᠭ᠎ᠠ ᠭᠤᠨᠢᠭᠲᠦ ᠲᠡᠣᠬᠡᠲᠦ ᠶᠠᠪᠣᠳᠠᠯ ᠤᠳ ᠢ ᠲᠡᠮᠳᠡᠭᠯᠡᠵᠦ ᠭᠡᠷᠡᠴᠢᠯᠡᠨ ᠪᠣᠢ ᠠᠪᠣᠴᠦ᠂ ᠨᠦᠭᠦᠭᠡ ᠲᠠᠯ᠎ᠠ ᠪᠠᠷ ᠰᠦᠨᠦᠵᠦ ᠮᠦᠬᠦᠰᠢ ᠦᠭᠡᠢ ᠮᠣᠩᠭᠤᠯ ᠣᠭᠰᠠᠭᠠᠨ ᠤ ᠦᠨᠳᠦᠰᠦ ᠬᠠᠲᠠᠭᠤ᠂ ᠣᠷᠣᠰᠢᠯ ᠴᠢᠩᠭ᠎ᠠ ᠭᠡᠳᠡᠭ ᠢ ᠪᠣᠰᠣᠳᠴᠢ ᠪᠠᠷ ᠬᠠᠷᠠᠭᠤᠯᠵᠠᠢ᠃ ᠠᠳᠡ ᠦᠢᠷᠡᠳ ︵ᠦᠭᠡᠯᠡᠳᠴᠣᠳ︶ ᠮᠣᠩᠭᠤᠯᠴᠣᠳ ᠤᠨ ᠣᠳᠣᠬᠢ ᠪᠠᠶᠠᠨᠨᠠᠭᠤᠷ ᠨᠣᠲᠤᠭ ᠲᠤ ᠦᠨᠳᠦᠰᠦ ᠬᠠᠳᠬᠤᠭᠰᠡᠨ ᠣᠣᠭᠠᠯ ᠢᠷᠡᠯᠲᠡ ᠶᠢᠨ ᠲᠣᠬᠠᠢ ᠲᠣᠷᠰᠢᠨ ᠦᠭᠦᠯᠡᠬᠦ ᠪᠣᠯᠣᠨ᠎ᠠ᠂ ᠦᠵᠡᠬᠦ ᠮᠡᠷᠭᠡᠳ ᠲᠠᠭᠠᠯᠠᠨ ᠰᠣᠨᠢᠷᠬᠠᠵᠦ ᠵᠢᠭᠠᠨ ᠰᠣᠷᠭᠠᠬᠤ ᠠᠵᠢᠮᠦ᠃ ᠵᠠᠷᠢᠮ ᠲᠡᠣᠬᠡᠴᠢᠳ ᠦᠪᠦᠷ ᠮᠣᠩᠭᠤᠯ ᠢ ᠪᠠᠰᠠ ᠦᠢᠷᠠᠳ ᠮᠣᠩᠭᠤᠯ ᠭᠡᠳᠡᠭ᠃ ᠲᠡᠣᠬᠡᠨ ᠳᠤ ᠲᠡᠷᠢᠭᠦᠨ ᠳᠦᠷᠪᠡᠨ ᠦᠢᠷᠠᠳ ᠤᠨ ᠬᠤᠯᠪᠣᠭ᠎ᠠ ︵1437—1502 ᠣᠨ ᠬᠦᠷᠲᠡᠯ᠎ᠡ︶  ᠶᠢᠨ ᠨᠢᠭᠡ ᠪᠣᠯᠬᠤ ᠬᠤᠯᠪᠣᠭ᠎ᠠ ᠭᠡᠪᠡᠯ᠂ ᠦᠢᠷᠡᠳ ᠤᠨ ᠲᠣᠭᠤᠨ ᠲᠠᠶᠢᠱᠢ ᠨᠢ ᠵᠡᠭᠦᠨ ᠮᠣᠩᠭᠤᠯ ᠤᠨ ᠲᠠᠶᠢᠼᠦ᠋ᠡᠭ ᠬᠠᠭᠠᠨ ᠲᠠᠢ ᠬᠤᠯᠪᠣᠭᠠᠯᠠᠵᠦ ᠨᠢᠭᠡ ᠦᠢᠷᠠᠳ ᠪᠣᠯᠣᠭᠰᠡᠨ ᠢ ᠲᠡᠣᠬᠡᠨ ᠳᠡᠭᠡᠷ᠎ᠡ ︽ᠦᠷ ᠮᠣᠩᠭᠤᠯ ᠦᠢᠷᠠᠳ ᠬᠤᠯᠪᠣᠭ᠎ᠠ ᠭᠡᠳᠡᠭ︾᠃ 1438 ᠣᠨ ᠤ ᠲᠣᠭᠤᠨ ᠲᠠᠶᠢᠱᠢ ᠶᠢᠨ ᠦᠶ᠎ᠡ ᠳᠤ ᠦᠢᠷᠠᠳ ᠶᠡᠷᠣᠨᠢ ᠬᠦᠴᠦᠷᠬᠡᠭᠵᠢᠵᠦ ᠳᠡᠭᠵᠢᠷᠡᠵᠦ ᠪᠠᠶᠢᠭᠰᠡᠨ ᠦᠶ᠎ᠡ ᠳᠡᠭᠡᠨ ᠣᠳᠣ ᠶᠢᠨ ᠦᠪᠦᠷ ᠮᠣᠩᠭᠤᠯ ᠤᠨ ᠪᠦᠬᠦ ᠨᠣᠲᠤᠭ ᠳᠡᠪᠢᠰᠭᠡᠷ ᠤᠨ ᠪᠣᠯ ᠶᠡᠭᠡ ᠬᠠᠭᠠᠰ ᠢ ᠨᠢ ᠡᠵᠡᠯᠡᠵᠦ ᠪᠠᠶᠢᠯ᠎ᠠ ᠭᠡᠬᠦ ᠳᠤ ᠭᠡᠳᠦᠷᠡᠭᠦᠯᠵᠦ ᠬᠡᠯᠡᠵᠦ ᠪᠠᠶᠢᠭ᠎ᠠ ᠣᠴᠢᠷ ᠪᠢᠰᠢ ᠶᠣᠮ᠃ ᠲᠡᠣᠬᠡᠨ ᠳᠤ ᠲᠡᠭᠦᠨ ᠤ ᠲᠠᠪᠢ ᠵᠢᠷᠠ ᠭᠠᠷᠣᠢ ᠵᠢᠯ ︵ᠬᠠᠭᠠᠰ ᠵᠠᠭᠤᠨ︶ ᠡᠵᠡᠯᠡᠵᠦ ᠦᠡᠭᠭᠡᠷᠡᠭᠰᠡᠨ ᠪᠣᠷᠣᠲᠣᠬᠠᠢ ᠣᠷᠣᠨ ᠪᠣᠯ ᠣᠳᠣ ᠶᠢᠨ ᠭᠠᠵᠠᠷ ᠵᠦᠢ ᠶᠢᠨ ᠪᠠᠶᠢᠷᠢᠰᠢᠯ ᠠᠴᠠ ᠠᠪᠴᠦ ᠬᠡᠯᠡᠪᠡᠯ᠂ ᠪᠠᠶᠠᠨᠨᠠᠭᠤᠷ ᠬᠤᠲᠠ ᠶᠢᠨ ᠭᠠᠵᠠᠷ ᠨᠣᠲᠤᠭ ᠤᠨ ᠶᠡᠬᠡᠨᠭᠬᠡᠢ ᠪᠦᠰᠡ ᠨᠣᠲᠤᠭ ᠪᠠᠶᠢᠵᠦ᠂ ᠠᠷᠪᠠᠨ ᠲᠠᠪᠣᠳᠣᠭᠠᠷ ᠵᠠᠭᠤᠨ ᠤ ᠡᠬᠢᠨ ᠤ ᠦᠶ᠎ᠡ ᠠᠴᠠ ᠪᠠᠨ ᠠᠪᠣᠭᠠᠳ ᠵᠡᠭᠦᠨ ᠮᠣᠩᠭᠤᠯ ᠬᠢᠭᠡᠳ ᠦᠢᠷᠠᠳ ︵ᠦᠭᠡᠯᠡᠳ︶ ᠴᠡᠷᠢᠭ ᠳᠠᠶᠢᠨ ᠤ ᠲᠠᠯᠠᠪᠣᠷ ᠪᠣᠶᠣ ᠭᠤᠯᠣᠮᠲᠠ ᠭᠠᠵᠠᠷ ᠪᠠᠶᠢᠵᠦ᠂ ᠦᠢᠷᠠᠳ ᠮᠣᠩᠭᠤᠯᠴᠣᠳ ᠤᠨ ᠦᠭᠰᠦᠵᠦ ᠣᠷᠣᠭᠤᠳᠠᠬᠤ ᠲᠡᠣᠬᠡᠨ ᠶᠠᠪᠣᠴᠠᠨ ᠳᠠᠬᠢ ᠮᠦᠡᠭᠬᠡ ᠬᠤᠪᠢᠷᠠᠰᠢ ᠦᠭᠡᠢ ᠵᠦᠴᠦᠭᠡ ᠶᠢᠨ ᠲᠠᠶᠢᠰᠠ ᠲᠠᠯᠠᠪᠣᠷ ᠪᠣᠯᠵᠦ᠂ ᠦᠴᠢᠨᠡᠨ ᠳᠦᠴᠢᠨᠠᠨ ᠦᠨᠡᠨ ᠪᠣᠳᠠᠳᠣ ᠬᠡᠷᠡᠭ ᠣᠴᠢᠷ ᠤᠨ ᠦᠯᠢᠭᠡᠷ ᠲᠣᠭᠤᠵᠢ ᠶᠢᠨ ᠦᠯᠦᠭᠡᠢ ᠪᠣᠯᠣᠭᠰᠠᠭᠠᠷ ᠢᠷᠡᠪᠡ᠃ ᠨᠢᠭᠡ᠂ ᠪᠠᠶᠠᠨᠨᠠᠭᠤᠷ ᠨᠣᠲᠤᠭ ᠲᠠᠬᠢ ᠦᠢᠷᠠᠳ ︵ᠦᠭᠡᠯᠡᠳᠴᠣᠳ︶ ᠤᠨ ᠢᠷᠡᠯᠲᠡ ᠪᠠ ᠲᠣᠭᠲᠠᠴᠠ ᠲᠡᠣᠬᠡᠨ ᠨᠣᠮ ᠰᠣᠳᠣᠷ ᠲᠤ ᠲᠡᠮᠳᠡᠭᠯᠡᠭᠰᠡᠨ ᠢᠶᠠᠷ ᠪᠣᠯ ︽ᠲᠣᠸᠠ ᠰᠣᠬᠤᠷ ᠤᠨ ᠬᠦᠪᠡᠭᠦᠨ ᠢᠨᠦ ᠲᠣᠨᠣᠢ᠂ ᠲᠣᠭᠰᠢᠨ᠂ ᠡᠮᠯᠢᠭ᠂ ᠡᠷᠬᠡ ᠬᠡᠮᠡᠬᠦᠨ ᠢᠶᠠᠷ ᠦᠢᠷᠡᠳ ᠤᠨ ᠦᠭᠡᠯᠡᠳ᠂ ᠪᠠᠭ᠋ᠠᠲᠣᠳ᠂ ᠬᠤᠶᠢᠳ᠂ ᠴᠢᠯᠠᠭᠤᠲᠦ ᠳᠦᠷᠪᠡᠨ ᠣᠪᠣᠭᠲᠦ ᠪᠣᠯᠪᠠᠢ︾ ᠭᠡᠳᠡᠭ᠃ ᠣᠯᠠᠨ ᠤ ᠮᠡᠳᠡᠭᠡᠵᠢ ᠲᠡᠣᠬᠡ ᠪᠠᠷ ᠦᠢᠷᠠᠳ ︵ᠦᠭᠡᠯᠡᠳ︶ ᠮᠣᠩᠭᠤᠯ  ᠨᠢ ᠴᠢᠩᠭᠢᠰ ᠤᠨ ᠠᠯᠲᠠᠨ ᠣᠷᠤᠭ ᠤᠨ ᠬᠠᠭᠠᠨᠲᠦ ᠲᠦᠷᠦ ᠳᠤ ᠪᠣᠯ ᠣᠷᠤᠭ ᠲᠦᠷᠦᠯ ᠪᠠ ᠨᠦᠬᠦᠷ ᠬᠠᠷᠢᠶᠠᠲᠦ ᠶᠢᠨ ᠰᠢᠨᠵᠢ ᠴᠢᠨᠠᠷ ᠲᠠᠢ ᠪᠠᠶᠢᠵᠦ᠂ ᠠᠤᠭ᠎ᠠ ᠦᠢᠯᠡᠰ ᠴᠣᠭᠴᠠᠯᠠᠬᠤ ᠳᠤᠨᠢ ᠬᠠᠮᠵᠢᠯᠴᠠᠵᠦ ᠳᠡᠮᠵᠢᠵᠦ ᠪᠠᠶᠢᠭᠰᠡᠨ ᠠᠴᠠ ᠪᠢᠰᠢ᠂ ᠶᠠᠭ ᠡᠬᠢᠨ ᠤ ᠦᠶ᠎ᠡ ᠳᠡᠭᠡᠨ ᠠᠯᠪᠠᠲᠦ ᠪᠣᠯᠵᠦ ᠰᠢᠭᠤᠳ ᠦᠢᠯᠡᠴᠢᠯᠡᠵᠦ ᠪᠠᠶᠢᠭᠰᠡᠨ ᠦᠭᠡᠢ ᠶᠣᠮ᠃ ᠦᠢᠷᠠᠳ ︵ᠦᠭᠡᠯᠡᠳ︶ ᠪᠣᠯ ᠮᠣᠩᠭᠤᠯ ᠤᠨ ᠡᠷᠲᠡᠨ ᠤ ᠠᠶᠢᠮᠠᠭ ᠤᠨ ᠨᠡᠷ᠎ᠡ᠂ ᠬᠤᠲᠤᠬ᠎ᠠ ᠪᠠᠬᠢ ᠶᠢᠨ ᠣᠳᠣᠷᠢᠳᠣᠯᠭ᠎ᠠ ᠶᠢᠨ ᠳᠣᠣᠷ᠎ᠠ ᠴᠢᠩᠭᠢᠰ ᠬᠠᠭᠠᠨ ᠳᠤ ᠪᠠᠭᠤᠨ ᠣᠷᠣᠵᠦ ᠦᠭᠴᠦ᠂ ᠪᠠᠰᠠ ᠠᠯᠲᠠᠨ ᠣᠷᠤᠭ ᠲᠠᠢ ᠬᠤᠲᠠ ᠬᠤᠳᠠᠭᠤᠢ ᠪᠣᠯᠵᠠᠢ᠂ ᠶᠣᠸᠠᠨ ᠣᠯᠣᠰ ᠤᠨ ᠰᠡᠭᠦᠯᠴᠢ ᠪᠠᠷ ᠡᠨᠡ ᠠᠶᠢᠮᠠᠭ ᠡᠮᠦᠨᠡᠰᠢᠯᠡᠵᠦ ᠵᠦᠡᠭᠭᠠᠷ ᠤᠨ ᠳᠣᠣᠷ᠎ᠠ ᠭᠠᠵᠠᠷ ᠢᠷᠡᠵᠦ ᠨᠣᠲᠣᠭᠯᠠᠵᠠᠢ᠃ ᠬᠤᠵᠢᠮ ᠨᠢ ᠦᠢᠷᠠᠳ ᠳᠦᠷᠪᠡᠳ᠂ ᠴᠣᠷᠣᠰ᠂ ᠲᠣᠷᠭᠤᠳ 〔 ᠲᠣᠷᠭᠤᠳ ᠤᠨ ᠡᠪᠦᠭᠡ ᠳᠡᠭᠡᠳᠣᠰ ᠪᠣᠯ ᠬᠡᠷᠢᠶᠠᠳ ᠠᠴᠠ ᠡᠭᠦᠰᠦᠯ ᠲᠠᠢ ᠪᠦᠭᠡᠳ ᠴᠢᠩᠭᠢᠰ ᠬᠠᠭᠠᠨ ᠤ ᠦᠶ᠎ᠡ ᠳᠤ ᠬᠡᠷᠢᠶᠡᠳ ᠢ ᠨᠢᠭᠡᠳᠬᠡᠭᠰᠡᠨ ᠠᠴᠠ ᠬᠤᠶᠢᠰᠢ ᠪᠦᠬᠦ ᠮᠣᠩᠭᠤᠯ ᠲᠣᠲᠣᠷ᠎ᠠ ᠪᠣᠲᠠᠷᠠᠭᠠᠨ ᠰᠠᠴᠣᠭᠰᠡᠨ ᠶᠣᠮ᠂ ᠣᠳᠣ ᠵᠠᠷᠢᠮ ᠢ ᠨᠢ ᠬᠡᠷᠢᠶᠡᠳ ᠪᠣᠶᠣ ᠬᠤᠨᠭ᠍ᠬᠢᠷᠶᠡᠳ ︵ᠬᠤᠨᠭ᠌ ᠬᠡᠷᠢᠶᠡᠳ︶ ᠭᠡᠳᠡᠭ ᠨᠡᠷ᠎ᠡ ᠪᠠᠷ ᠣᠷᠣᠰᠢᠵᠦ ᠪᠣᠢ᠂ ᠬᠡᠷᠢᠶᠡᠳ ᠪᠣᠯ ᠲᠣᠷᠭᠤᠳ ᠤᠨ ᠦᠢᠷᠡᠳ ᠤᠨ ᠬᠤᠯᠪᠣᠭᠠᠨ ᠳᠤ ᠣᠷᠣᠬᠤ ᠠᠴᠠ ᠡᠮᠦᠨᠡᠬᠢ ᠬᠠᠭᠤᠴᠢᠨ ᠨᠡᠷ᠎ᠡ ᠪᠣᠯᠬᠤ ᠪᠠ ᠲᠣᠷᠭᠤᠳ ᠭᠡᠳᠡᠭ ᠨᠢ ᠦᠢᠷᠡᠳ ᠤᠨ ᠬᠤᠯᠪᠣᠭᠠᠨ ᠳᠤ ᠣᠷᠣᠭᠰᠡᠨ ᠤ ᠳᠠᠷᠠᠭᠠᠬᠢ ᠨᠡᠷ᠎ᠡ ᠪᠣᠯᠣᠨ᠎ᠠ 〕᠂ ᠬᠤᠱᠣᠳ ᠭᠡᠵᠦ ᠳᠦᠷᠪᠡᠨ ᠦᠢᠷᠡᠳ ᠭᠡᠳᠡᠭ ᠪᠠᠶᠢᠯ᠎ᠠ᠂ ᠬᠤᠶᠢᠳ ᠢ ᠪᠠᠰᠠ ᠳᠦᠷᠪᠡᠨ ᠦᠢᠷᠠᠳ ᠤᠨ ᠨᠢᠭᠡ ᠪᠣᠯᠭᠠᠵᠦ ᠮᠦᠨ ᠳᠦᠷᠪᠡᠨ ᠦᠢᠷᠠᠳ ᠭᠡᠳᠡᠭ᠃ ⑴ ᠦᠢᠷᠡᠳ ︵ᠦᠭᠡᠯᠡᠳ︶ ᠮᠣᠩᠭᠤᠯ ᠲᠡᠣᠬᠡᠨ᠎ᠡ ᠮᠠᠨᠳᠣᠬᠤ ᠠᠴᠠ ᠪᠠᠨ ᠡᠬᠢᠯᠡᠨ ᠰᠦᠢᠷᠡᠬᠦ ᠬᠦᠷᠲᠡᠯ᠎ᠡ ᠪᠠᠨ ᠨᠢᠭᠡᠨ ᠬᠤᠭᠤᠴᠠᠭᠠᠨ᠎ᠠ ᠮᠣᠩᠭᠤᠯ ᠤᠨ ᠲᠡᠣᠬᠡ ᠪᠣᠶᠣ ᠠᠽᠢᠶ᠎ᠠ ᠦᠷᠦᠨᠡᠳᠠᠬᠢᠨ ᠤ ᠲᠡᠣᠬᠡᠨ  ᠳᠤ ᠴᠢᠬᠤᠯᠠ ᠨᠦᠯᠦᠭᠡ ᠦᠵᠡᠭᠦᠯᠦᠭᠰᠡᠭᠡᠷ ᠢᠷᠡᠪᠡ᠃ ᠪᠣᠳᠠᠳᠠᠶᠢᠴᠢᠯᠠᠨ ᠬᠡᠯᠡᠪᠡᠯ᠂ ᠦᠢᠷᠠᠳ ︵ᠦᠭᠡᠯᠡᠳ︶ ᠤᠨ ᠲᠡᠣᠬᠡ ᠨᠢ ᠶᠣᠸᠠᠨ᠂ ᠮᠢᠩ᠂ ᠴᠢᠩ ᠤᠨ ᠲᠡᠣᠬᠡ ᠲᠠᠢ ᠬᠤᠯᠪᠣᠭᠠᠲᠠᠢ ᠪᠠᠷ ᠪᠠᠷᠠᠬᠤ ᠦᠭᠡᠢ᠂ ᠬᠦᠬᠡᠨᠠᠭᠤᠷ᠂ ᠰᠢᠨᠵᠢᠶᠠᠩ᠂ ᠲᠦᠪᠡᠳ᠂ ᠦᠪᠦᠷ ᠮᠣᠩᠭᠤᠯ ᠤᠨ ᠭᠠᠵᠠᠷ ᠣᠷᠣᠨ ᠤ ᠲᠡᠣᠬᠡ ᠲᠠᠢ ᠴᠦ ᠨᠢᠭᠲᠠ ᠬᠠᠷᠢᠴᠠᠭ᠎ᠠ ᠲᠠᠢ᠂ ᠲᠡᠭᠦᠨᠴᠢᠯᠡᠨ ᠣᠣᠯ ᠤᠨ ᠵᠦᠪᠯᠡᠯᠲᠦ᠂ ᠮᠣᠩᠭᠤᠯ ᠣᠯᠣᠰ᠂ ᠳᠣᠮᠳᠠ ᠠᠽᠢᠶ᠎ᠠ ᠦᠷᠦᠨᠡᠳᠠᠬᠢᠨ ᠤ ᠵᠠᠮ ᠬᠠᠷᠢᠯᠴᠠᠭᠠᠨ ︵ᠲᠣᠷᠭᠠᠨ ᠵᠠᠮ︶ ᠤ ᠲᠡᠣᠬᠡᠨ ᠳᠤ ᠪᠦᠷ ᠶᠡᠭᠡ ᠬᠤᠯᠪᠣᠭᠳᠠᠯᠳᠠᠢ ᠶᠣᠮ᠃ ᠦᠢᠷᠠᠳ ︵ᠦᠭᠡᠯᠡᠳ︶ ᠤᠨ ᠲᠡᠣᠬᠡ ᠨᠢ ᠪᠠᠶᠠᠨᠨᠠᠭᠤᠷ ᠠᠶᠢᠮᠠᠭ ᠤᠨ ᠭᠠᠵᠠᠷ ᠣᠷᠣᠨ ᠤ ᠲᠡᠣᠬᠡ ᠲᠠᠢ ᠨᠢᠭᠡᠨ ᠬᠡᠮᠵᠢᠶᠡᠨ ᠳᠤ ᠶᠡᠬᠡᠬᠡᠨ ᠬᠤᠯᠪᠣᠭᠳᠠᠵᠦ ᠨᠦᠯᠦᠭᠡᠯᠡᠭᠰᠡ ᠪᠣᠯᠬᠤᠷ᠂ ᠪᠢᠳᠡ ᠵᠠᠪᠠᠯ ᠲᠡᠭᠦᠨ ᠤ ᠦᠭᠰᠦᠵᠦ ᠣᠷᠣᠭᠤᠳᠠᠭᠰᠡᠨ ᠲᠡᠣᠬᠡ ᠶᠢ ᠴᠦ ᠰᠠᠶᠢᠨ ᠦᠢᠯᠠᠭᠠᠬᠤ ᠪᠦᠭᠡᠳ ᠵᠠᠪᠠᠯ ᠳᠣᠷᠠᠳᠬᠤ ᠶᠣᠰᠦ ᠲᠠᠢ ᠣᠴᠢᠷ ᠪᠢᠯᠡ᠃ ᠪᠠᠷᠤᠭ ᠬᠠᠭᠠᠰ ᠢᠯᠡᠭᠦᠦ ᠵᠠᠭᠤᠨ ᠪᠠᠶᠠᠨᠨᠠᠭᠤᠷ ᠨᠣᠲᠤᠭ ᠢ ᠡᠵᠡᠯᠡᠭᠰᠡᠨ ᠲᠡᠣᠬᠡ ᠨᠢ᠂ ᠪᠣᠷᠣ ᠲᠣᠬᠤᠢ ᠶᠢᠨ ᠣᠷᠣᠨ  ᠳᠤ ᠰᠢᠨ᠎ᠡ ᠰᠣᠷᠭᠤᠭ ᠴᠢᠰᠦ ᠪᠠ ᠠᠮᠢᠵᠢᠷᠠᠯ ᠶᠡᠭᠦᠯᠡᠨ ᠦᠭᠴᠦ᠂ ᠮᠣᠩᠭᠤᠯ ᠲᠣᠭᠤᠷᠭᠠᠲᠠᠨ ᠠᠴᠠ ᠭᠠᠳᠠᠨ᠎ᠠ ᠪᠠᠰᠠ ᠣᠮᠠᠷᠠᠲᠦ ᠶᠢᠨ ᠪᠣᠰᠣᠳ ᠦᠨᠳᠦᠰᠦᠲᠡᠨ ᠶᠠᠰᠣᠲᠠᠨ ᠳᠤ ᠠᠤᠭ᠎ᠠ ᠶᠡᠭᠡ ᠭᠠᠪᠢᠶ᠎ᠠ ᠵᠢᠳᠬᠦᠯ ᠦᠵᠡᠭᠦᠯᠦᠭᠰᠡᠨ ᠪᠢᠯᠡ᠃ ᠠᠳᠡ ᠨᠢᠭᠡ ᠪᠣᠳᠠᠳᠠᠢ ᠵᠢᠱᠢᠶ᠎ᠡ ᠲᠠᠲᠠᠵᠦ ᠬᠡᠯᠡᠬᠦ ᠳᠤ᠂ ᠠᠳᠡᠬᠢ ᠶᠢᠨ ᠮᠣᠩᠭᠤᠯ ᠶᠠᠰᠣᠲᠠᠨ ᠠᠴᠠ ᠭᠠᠳᠠᠨ᠎ᠠ᠂ ᠪᠣᠷᠣ ᠲᠣᠬᠤᠢ ᠣᠷᠣᠨ ᠤ ᠬᠦᠮᠦᠨ ᠤ ᠪᠡᠶ᠎ᠡ ᠪᠢᠯᠳᠠᠷ ᠶᠡᠭᠡ ᠬᠦᠳᠡᠷᠯᠢᠭ ᠪᠠᠶᠢᠵᠦ᠂ ᠡᠷᠡᠭᠦᠯ ᠴᠠᠬᠢᠷᠠᠭ ᠮᠦᠷᠲᠡᠭᠡᠨ ᠴᠢᠳᠠᠯ ᠬᠦᠴᠦᠨ ᠶᠡᠭᠡ ᠪᠠᠶᠢᠳᠠᠭ᠃ ᠡᠷᠡᠭᠲᠡᠢ ᠬᠦᠮᠦᠰ ᠬᠦᠳᠡᠷ ᠲᠣᠮᠣ ᠬᠡᠭᠦ ᠳᠤ᠂ ᠡᠮᠡᠭᠲᠡᠢ ᠬᠦᠮᠦᠨ ᠤ ᠴᠦ ᠪᠡᠶ᠎ᠡ ᠭᠠᠯᠪᠠᠷ  ᠨᠢ ᠴᠦ ᠡᠷᠡᠭᠦᠯ ᠰᠠᠶᠢᠨ ᠪᠠᠶᠢᠳᠠᠭ᠃ ᠣᠯᠣᠰ ᠤᠨ ᠰᠣᠷᠭᠠᠭᠴᠢ᠂ ᠰᠢᠯᠢᠳᠡᠭ ᠲᠠᠮᠢᠷᠴᠢᠨ ᠪᠠᠶᠢᠭᠰᠡᠨ ᠭᠤᠣ ᠹᠧᠡᠭ ᠯᠢᠶᠠᠨ ᠪᠣᠯ᠂ ᠪᠠᠶᠠᠨᠨᠠᠭᠤᠷ ᠬᠤᠲᠠ ᠶᠢᠨ ᠬᠠᠨᠭ᠍ᠭᠢᠨ ᠬᠤᠶᠢᠲᠦ ᠬᠤᠰᠢᠭᠤᠨ ᠤ ᠲᠠᠷᠢᠶᠠᠯᠠᠬᠤ ᠣᠷᠣᠨ ᠳᠤ ᠦᠰᠴᠦ ᠲᠦᠷᠦᠭᠰᠡᠨ ᠡᠭᠡᠯ ᠶᠡᠷᠣᠮᠳᠡᠭ ᠨᠢᠭᠡᠨ ᠡᠮᠡᠭᠲᠡᠢ ᠶᠣᠮ᠃ ᠣᠳᠣ ᠲᠡᠭᠦᠨ ᠰᠢᠭ ᠡᠶᠢᠮᠦᠷᠬᠦ ᠪᠡᠶ᠎ᠡ ᠪᠢᠯᠳᠠᠷ ᠲᠠᠢ ᠬᠦᠮᠦᠰ ᠠᠳᠡ ᠪᠣᠯ ᠵᠠᠬ᠎ᠠ ᠠᠴᠠ ᠪᠠᠨ ᠣᠯᠠᠨ ᠪᠠᠶᠢᠳᠠᠭ ᠢᠶᠠᠷ ᠢᠶᠠᠨ᠂ ᠲᠣᠲᠣᠷ᠎ᠠ ᠣᠷᠣᠨ ᠤ ᠬᠦᠮᠦᠰ ᠴᠦ ᠭᠠᠶᠢᠬᠠᠰᠢ ᠠᠯᠳᠠᠷᠳᠠᠭ᠂ ᠡᠨᠡ ᠪᠣᠯ ᠳᠠᠷᠣᠢ ᠠᠳᠡ ᠣᠯᠠᠨ ᠶᠠᠰᠣᠲᠠᠨ ᠪᠠ ᠦᠨᠳᠦᠰᠦᠲᠡᠨ ᠠᠶᠢᠮᠠᠭ ᠤᠳ ᠤᠨ ᠲᠡᠣᠬᠡᠨ ᠳᠠᠬᠢ ᠴᠢᠰᠣᠨ ᠬᠤᠯᠢᠴᠠ ᠪᠣᠢ ᠭᠡᠳᠡᠭ ᠢ ᠵᠠᠪᠠᠯ ᠮᠡᠳᠡᠷᠡᠬᠦ ᠶᠣᠰᠣᠲᠠᠢ ᠣᠴᠢᠷ ᠪᠢᠯᠡ᠃ ᠮᠢᠩ ᠣᠯᠣᠰ ᠤᠨ ᠵᠧᠡᠭ ᠰᠢᠶᠣᠣ ︵1499—1566︶ ᠭᠡᠳᠡᠭ ᠬᠦᠮᠦᠨ ᠤ ᠪᠢᠴᠢᠭᠰᠡᠨ ᠨᠣᠮ ᠳᠤ ᠬᠡᠯᠡᠭᠰᠡᠨ ᠢᠶᠠᠷ ᠪᠣᠯ ︽1506 ᠣᠨ ᠠᠴᠠ ᠶᠦᠡᠭᠰᠢᠶᠠᠪᠤ᠂ ᠣᠷᠳᠣᠰ᠂ ᠮᠣᠩᠭᠤᠯᠵᠢᠨ ᠭᠤᠷᠪᠠᠨ ᠠᠶᠢᠮᠠᠭ ᠪᠣᠷᠣᠲᠣᠬᠠᠢ ᠳᠤ ᠶᠡᠭᠡ ᠬᠡᠪᠴᠢᠶ᠎ᠡ ᠪᠠᠷ ᠨᠡᠭᠦᠳᠡᠯᠯᠡᠨ ᠣᠷᠣᠵᠦ ᠢᠷᠡᠪᠡ᠂ ᠣᠷᠳᠣᠰ ᠠᠶᠢᠮᠠᠭ ᠣᠭ ᠲᠠᠭᠠᠨ ᠳᠣᠯᠣᠭᠠᠨ ᠣᠲᠤᠭ ᠲᠠᠢ᠂ ᠬᠠᠭᠤᠴᠢᠨ ᠳᠤ ᠢᠪᠷᠠᠢ ᠲᠠᠶᠢᠱᠢ  ᠳᠤ ᠬᠠᠮᠢᠶᠠᠷᠣᠭᠳᠠᠵᠦ ᠪᠠᠶᠢᠪᠠ᠂ ᠳᠠᠷᠣᠢ ᠪᠣᠬᠠᠰ᠂ ᠦᠭᠦᠰᠢᠨ᠂ ᠪᠠᠨᠠᠰ᠂ ᠳᠠᠯᠠᠨ ᠭᠡᠬᠦ ᠮᠡᠲᠦ ᠪᠠᠶᠢᠵᠠᠢ︾ ᠭᠡᠪᠡ᠃ ᠬᠢᠲᠠᠳ ᠤᠨ ᠪᠣᠰᠣᠳ ᠰᠣᠷᠪᠣᠯᠵᠢ ᠨᠣᠮ ᠪᠢᠴᠢᠭ ᠲᠤ ᠲᠡᠮᠳᠡᠭᠯᠡᠭᠰᠡᠨ ᠪᠣᠶᠣ ᠲᠠᠪᠢ ᠵᠢᠷᠠᠭᠠᠳ ᠣᠨ ᠤ ᠦᠶ᠎ᠡ ᠳᠤ᠂ ᠲᠣᠲᠣᠷ᠎ᠠ ᠭᠠᠵᠠᠷ ᠠᠴᠠ ᠭᠠᠴᠢᠭ ᠢᠶᠠᠷ ᠭᠠᠷᠴᠦ ᠢᠷᠡᠭᠰᠡᠨ ᠬᠦᠮᠦᠰ ᠤᠨ ᠵᠠᠭᠤᠨ ᠤ ᠶᠡᠷᠡ ᠶᠢᠰᠦ ᠨᠢ ᠠᠳᠡ ᠢᠷᠡᠩᠭᠦᠳᠡ ᠨᠣᠲᠣᠭᠰᠢᠨ ᠰᠠᠭᠤᠷᠢᠰᠢᠵᠦ᠂ ᠣᠳᠣ ᠪᠣᠯᠬᠤ ᠳᠤ ᠳᠦᠷᠪᠡ — ᠲᠡᠪᠣᠨ ᠦᠶ᠎ᠡ ᠪᠣᠯᠵᠦ᠂ ᠵᠠᠷᠢᠮ ᠨᠢ ᠨᠢᠭᠡᠨᠲᠡᠶ᠎ᠡ ᠬᠠᠣᠯᠢ ᠶᠣᠰᠣᠨ ᠤ ︽ᠮᠣᠩᠭᠤᠯ ᠦᠨᠳᠦᠰᠦᠲᠡᠨ︾ ᠪᠣᠯᠴᠢᠬᠠᠭᠰᠡᠨ ᠪᠠᠶᠢᠯ᠎ᠠ᠃ ᠨᠢᠭᠡᠨ ᠦᠶ᠎ᠡ ᠶᠡᠬᠡᠪᠡᠷ ᠮᠠᠨᠳᠣᠭᠰᠡᠨ ᠦᠢᠷᠡᠳ ᠤᠨ ᠲᠡᠣᠬᠡᠨ ᠳᠤ᠂ ᠦᠢᠷᠠᠳ ︵ᠦᠭᠡᠯᠡᠳ︶ ᠮᠣᠩᠭᠤᠯ ᠤᠨ ᠢᠯᠠᠯᠲᠠ ᠣᠯᠣᠭᠰᠡᠨ ᠭᠤᠣᠯ ᠰᠢᠯᠲᠠᠭᠠᠨ ᠪᠠ ᠢᠯᠠᠭᠳᠠᠭᠰᠡᠨ ᠰᠢᠯᠲᠠᠭᠠᠨ ᠭᠡᠪᠡᠯ᠂ ︽ᠨᠢᠭᠡ ᠳᠤ᠂ ᠦᠢᠷᠠᠳ ︵ᠦᠭᠡᠯᠡᠳ︶ ᠨᠢ ᠵᠡᠭᠦᠨ ᠮᠣᠩᠭᠤᠯ  ᠢ ᠪᠣᠳᠣᠪᠡᠯ ᠦᠪᠡᠷ᠎ᠡ ᠵᠠᠭᠤᠷ᠎ᠠ ᠶᠢᠨ ᠡᠶ᠎ᠡ ᠪᠦᠯᠬᠦᠮ ᠢᠶᠠᠷ ᠨᠡᠯᠢᠶᠡᠳ ᠰᠠᠶᠢᠨ᠂ ᠭᠡᠲᠡᠯ᠎ᠡ ᠵᠡᠭᠦᠨ ᠮᠣᠩᠭᠤᠯ ︵ᠵᠡᠭᠦᠨ ᠬᠤᠶᠢᠲᠦ ᠶᠢᠨ ᠣᠷᠢᠶᠠᠩᠬᠠᠢ ᠵᠡᠷᠭᠡ ᠭᠤᠷᠪᠠᠨ ᠣᠢ ᠠᠴᠠ ᠪᠣᠰᠣᠳ ᠭᠤᠪᠢ ᠮᠠᠩᠬ᠎ᠠ ᠶᠢᠨ ᠠᠷᠣ᠂ ᠦᠪᠦᠷ ᠢᠶᠠᠷ ᠨᠣᠲᠣᠭᠯᠠᠭᠰᠡᠨ ᠮᠣᠩᠭᠤᠯᠴᠣᠳ ᠢ ᠬᠡᠯᠡᠨ᠎ᠡ︶ ᠤᠨ ᠲᠣᠲᠣᠭᠠᠲᠣ ᠳᠤ ᠡᠳᠣᠢ ᠲᠡᠳᠣᠢ ᠹᠧᠣᠳᠠᠯ ᠤᠨ ᠭᠡᠰᠡᠭᠯᠡᠯ ᠪᠣᠢ ᠪᠣᠯᠵᠦ᠂ ᠬᠤᠭᠤᠷᠣᠨᠳᠦ ᠪᠠᠨ ᠵᠢᠯ ᠳᠠᠷᠠᠭᠠᠯᠠᠨ ᠰᠠᠮᠠᠭᠤᠨ ᠳᠠᠶᠢᠨ ᠬᠢᠭᠰᠡᠨ ᠠᠴᠠ ᠬᠠᠭᠠᠴᠠᠨ ᠵᠠᠳᠠᠷᠠᠵᠦ ᠰᠦᠷ ᠬᠦᠴᠦ  ᠨᠢ ᠳᠣᠷᠣᠶᠢᠲᠠᠪᠠ︔ ᠬᠤᠶᠠᠷ ᠲᠤ ᠦᠢᠷᠠᠳ ︵ᠦᠭᠡᠯᠡᠳ︶ ᠤᠳ ᠡᠬᠢᠨ ᠳᠡᠭᠡᠨ ᠮᠠᠨᠵᠦ ᠠᠴᠠ ᠬᠤᠯᠠ ᠪᠠᠷᠠᠭᠤᠨ ᠬᠤᠶᠢᠲᠦ ᠭᠡᠰᠡᠭ ᠲᠤ ᠪᠠᠶᠢᠷᠢᠯᠠᠵᠦ ᠳᠠᠶᠢᠨ ᠤ ᠬᠦᠯ ᠳᠤ ᠳᠠᠭᠠᠷᠢᠭᠳᠠᠭᠰᠡᠨ ᠦᠭᠡᠢ ᠳᠡᠭᠡᠷ᠎ᠡ ᠪᠠᠨ ᠮᠢᠩ ᠭᠦᠷᠦᠨ ᠪᠠ ᠦᠷᠦᠨᠡᠳᠠᠬᠢᠨ ᠤ ᠣᠯᠣᠰ ᠣᠷᠣᠨ ᠨᠤᠭᠤᠳ ᠲᠠᠢ ᠪᠠᠰᠠᠷ ᠰᠣᠯᠢᠯᠴᠠᠭ᠎ᠠ ᠢᠳᠡᠪᠬᠢᠲᠡᠢ ᠬᠢᠵᠦ ᠠᠵᠦ ᠠᠬᠤᠢ ᠪᠠᠨ ᠲᠡᠩᠬᠡᠷᠡᠭᠦᠯᠵᠦ ᠪᠠᠶᠢᠭᠰᠡᠨ ᠲᠣᠯᠠ ᠵᠡᠭᠦᠨ ᠮᠣᠩᠭᠤᠯ ᠢ ᠪᠣᠳᠣᠪᠡᠯ ᠡᠳ᠋ ᠤᠨ ᠵᠠᠰᠠᠭ ᠤᠨ ᠰᠠᠭᠤᠷᠢ ᠪᠠᠷ ᠨᠡᠯᠢᠶᠡᠳ ᠬᠦᠷᠦᠰᠦᠯᠢᠭ ᠵᠣᠵᠠᠭᠠᠨ ᠪᠠᠶᠢᠪᠠ᠃ ᠭᠡᠲᠡᠯ᠎ᠡ ᠵᠡᠭᠦᠨ ᠮᠣᠩᠭᠤᠯ ᠨᠢ ᠮᠢᠩ ᠭᠦᠷᠦᠨ ᠲᠠᠢ ᠯᠠ ᠠᠵᠦ ᠠᠬᠤᠢ ᠶᠢᠨ ᠲᠠᠯ᠎ᠠ ᠪᠠᠷ ᠵᠢᠭᠠᠯ ᠵᠣᠭᠠᠯ ᠰᠣᠯᠢᠯᠴᠠᠭ᠎ᠠ ᠬᠢᠬᠦ ᠠᠴᠠ ᠦᠭᠡᠷ᠎ᠡ ᠶᠠᠮᠠᠷᠴᠦ ᠠᠷᠭ᠎ᠠ ᠵᠠᠮ ᠦᠭᠡᠢ᠂ ᠬᠡᠷᠪᠡ ᠭᠡᠨᠡᠳᠲᠡ ᠳᠠᠶᠢᠨ ᠳᠠᠵᠢᠨ ᠡᠭᠦᠰᠪᠡᠯ ᠡᠨᠡᠳᠬᠡᠨ ᠰᠣᠯᠢᠯᠴᠠᠭ᠎ᠠ ᠨᠢ ᠴᠦ ᠵᠣᠭᠰᠣᠴᠢᠳᠠᠭ ᠪᠠᠶᠢᠪᠠ᠃ ᠡᠶᠢᠮᠦ ᠠᠴᠠ ᠦᠢᠷᠠᠳ ︵ᠦᠭᠡᠯᠡᠳ︶ ᠨᠢ ᠠᠵᠦ ᠠᠬᠤᠢ ᠶᠢᠨ ᠬᠦᠴᠦᠨ ᠤ ᠲᠠᠯ᠎ᠠ ᠪᠠᠷ ᠵᠡᠭᠦᠨ ᠮᠣᠩᠭᠤᠯ ᠠᠴᠠ ᠬᠤᠯᠠ ᠳᠠᠪᠠᠭᠤᠯᠢᠭ ᠪᠠᠶᠢᠭᠰᠡᠨ ᠶᠣᠮ᠃ ᠢᠯᠠᠭᠳᠠᠭᠰᠡᠨ ᠰᠢᠯᠲᠠᠭᠠᠨ ᠭᠡᠪᠡᠯ᠂ ᠴᠡᠷᠢᠭ ᠳᠠᠶᠢᠨ ᠤ ᠦᠢᠯᠡ ᠶᠢ ᠳᠡᠩᠳᠡᠭᠦᠦ ᠴᠢᠬᠤᠯᠴᠢᠯᠠᠵᠦ᠂ ᠭᠠᠳᠠᠭᠰᠢ ᠪᠠᠨ ᠣᠣᠯᠭᠠᠯᠠᠵᠦ ᠨᠣᠲᠤᠭ ᠢᠶᠠᠨ ᠦᠷᠭᠡᠳᠬᠡᠬᠦ ᠶᠢ ᠮᠡᠳᠡᠭᠰᠡᠨ ᠠᠴᠠ ᠪᠢᠰᠢ ᠲᠣᠲᠣᠭᠠᠲᠣ ᠶᠢᠨ ᠣᠯᠣᠰ ᠲᠦᠷᠦ ᠪᠠᠨ ᠡᠮᠬᠢᠯᠡᠨ ᠴᠡᠭᠴᠡᠯᠡᠵᠦ᠂ ᠠᠵᠦ ᠠᠬᠤᠢ ᠪᠠᠨ ᠬᠦᠭᠵᠢᠭᠦᠯᠬᠦ ᠳᠤ ᠭᠤᠣᠯ ᠠᠩᠬᠠᠷᠣᠯ ᠢᠶᠠᠨ ᠲᠠᠯᠪᠢᠭᠰᠡᠨ ᠦᠭᠡᠢ᠃ ᠬᠤᠶᠠᠷ ᠲᠤ᠂ ᠠᠯᠢ ᠣᠯᠠᠨ ᠠᠰᠢᠭ ᠦᠭᠡᠢ ᠳᠠᠶᠢᠨ ᠢ ᠬᠢᠵᠦ᠂ ᠴᠡᠷᠢᠭ ᠤᠨ ᠬᠦᠴᠦ ᠪᠠ ᠡᠳ᠋ ᠪᠣᠳᠠᠰ ᠤᠨ ᠬᠦᠴᠦ ᠪᠠᠨ ᠰᠦᠢᠳᠬᠡᠵᠦ᠂ ᠣᠯᠣᠰ ᠤᠨ ᠬᠦᠴᠦ ᠪᠠᠨ ᠶᠡᠬᠡᠪᠡᠷ ᠪᠠᠭᠤᠷᠠᠭᠤᠯᠵᠦ᠂ ᠮᠣᠩᠭᠤᠯ ᠤᠨ ᠪᠠᠲᠦ ᠴᠢᠩᠭ᠎ᠠ ᠡᠷᠬᠡ ᠬᠦᠨᠳᠦᠲᠦ ᠲᠦᠪ ᠤᠨ ᠵᠠᠬᠢᠷᠭᠠᠨ ᠪᠠᠶᠢᠭᠤᠯᠬᠤ ᠢ ᠰᠢᠭᠤᠳ ᠨᠦᠯᠦᠭᠡᠯᠡᠵᠡᠢ᠃ ᠭᠤᠷᠪᠠ ᠳᠤ᠂ ᠮᠣᠩᠭᠤᠯ ᠢ ᠨᠢᠭᠡᠳᠭᠡᠬᠦ ᠪᠦᠬᠦ ᠶᠠᠪᠣᠴᠠ ᠳᠤ ᠦᠢᠷᠠᠳ ︵ᠦᠭᠡᠯᠡᠳ︶ ᠪᠠ ᠮᠣᠩᠭᠤᠯ ᠤᠨ ᠹᠡᠣᠳᠠᠯ ᠨᠣᠶᠠᠳ ᠢ ᠰᠠᠶᠢᠨ ᠨᠢᠭᠲᠠᠷᠠᠭᠤᠯᠬᠤ ᠶᠢ ᠴᠢᠬᠤᠯᠴᠢᠯᠠᠭᠰᠡᠨ ᠦᠭᠡᠢ᠂ ᠲᠣᠲᠣᠷ᠎ᠠ ᠵᠠᠭᠤᠷ᠎ᠠ ᠶᠢᠨ ᠵᠦᠷᠢᠴᠡᠯ ᠬᠢᠮᠦᠷᠠᠯ ᠢᠶᠠᠨ ᠰᠠᠶᠢᠨ ᠰᠢᠳᠪᠦᠷᠢᠯᠡᠭᠰᠡᠨ ᠦᠭᠡᠢ᠂ ᠢᠯᠡ ᠪᠣᠯᠭᠠᠵᠦ ᠪᠣᠰᠣᠳ ᠲᠤ ᠵᠠᠪᠰᠢᠬᠤ ᠲᠣᠬᠢᠶᠠᠯ ᠣᠯᠭᠤᠭᠰᠡᠨ︔ ᠳᠦᠷᠪᠡ ᠳᠤ᠂ ᠪᠠᠲᠦ ᠵᠣᠵᠠᠭᠠᠨ ᠨᠢᠭᠡᠳᠦᠯᠲᠠᠢ ᠠᠵᠦ ᠠᠬᠤᠢ ᠶᠢᠨ ᠰᠠᠭᠤᠷᠢ ᠪᠠ ᠦᠵᠡᠯ ᠰᠠᠨᠠᠭᠠᠨ ᠤ ᠬᠢᠯᠬᠢᠶ᠎ᠡ ᠬᠤᠯᠪᠣᠭᠠᠰᠦ ᠪᠠᠶᠢᠭᠰᠡᠨ ᠦᠭᠡᠢ ︵ᠮᠣᠩᠭᠤᠯ ᠤᠨ ᠵᠣᠩᠬᠢ ᠲᠣᠭᠠᠨ ᠤ ᠠᠷᠠᠳ ᠲᠦᠮᠡᠨ ᠲᠦᠪ ᠣᠳᠣᠮᠰᠢᠯ ᠤᠨ ᠦᠵᠡᠯ ᠰᠠᠨᠠᠭ᠎ᠠ  ᠶᠢ ᠰᠢᠲᠦᠵᠦ᠂ ᠪᠦᠷ ᠴᠢᠩᠭᠢᠰ ᠬᠠᠭᠠᠨ ᠤ ᠬᠤᠶᠢᠴᠢ ᠦᠶ᠎ᠡ ᠶᠢ ᠲᠦᠪ ᠶᠣᠰᠣᠨ ᠤ ᠬᠠᠭᠠᠨ ᠭᠡᠵᠦ ᠦᠵᠡᠳᠡᠭ ᠪᠠᠶᠢᠭᠰᠡᠨ ᠲᠣᠯᠠ ᠪᠣᠰᠣᠳ ᠬᠦᠮᠦᠨ ᠤ ᠬᠠᠭᠠᠨ ᠰᠠᠭᠤᠬᠤ ᠶᠢ ᠳᠡᠮᠵᠢᠬᠦ ᠦᠭᠡᠢ ᠪᠣᠶᠣ ᠡᠰᠡᠷᠭᠦᠴᠡᠳᠡᠭ ᠠᠴᠠ ᠦᠢᠷᠠᠳ ᠤᠨ ᠲᠣᠲᠣᠭᠠᠳᠦ ᠳᠤ ᠴᠦ ᠪᠣᠰᠣᠳ ᠤᠨ ᠵᠡᠬᠢᠷᠣᠯ ᠳᠤ ᠣᠷᠣᠬᠤ ᠶᠢ ᠬᠦᠯᠢᠶᠡᠬᠦ ᠦᠭᠡᠢ ᠪᠠᠶᠢᠭᠰᠡᠨ ᠠᠴᠠ ᠠᠯᠲᠠᠨ ᠣᠷᠤᠭ ᠢ ᠳᠡᠪᠴᠢᠨ ᠬᠠᠭᠠᠨ ᠰᠠᠭᠤᠬᠤ ᠪᠣᠯ ᠲᠦᠷᠦ ᠶᠢᠨ ᠪᠣᠳᠣᠯᠭ᠎ᠠ ᠶᠢᠨ ᠬᠤᠪᠢ ᠳᠤ ᠶᠡᠭᠡ ᠠᠯᠳᠠᠭ᠎ᠠ ᠪᠠᠶᠢᠪᠠ᠃ ᠡᠶᠢᠮᠦ ᠠᠴᠠ ᠮᠣᠩᠭᠤᠯ ᠤᠨ ᠲᠣᠮᠦ ᠹᠧᠣᠳᠠᠯ ᠤᠳ ᠤᠨ ᠬᠤᠭᠤᠷᠣᠨᠳᠣᠬᠢ ᠡᠷᠬᠡ ᠮᠡᠳᠡᠯ ᠢ ᠳᠠᠬᠢᠨ ᠬᠤᠪᠢᠶᠠᠷᠢᠯᠠᠬᠤ ᠠᠰᠠᠭᠤᠳᠠᠯ ᠢ ᠵᠦᠢ ᠵᠦᠬᠢᠰᠲᠠᠢ ᠰᠠᠶᠢᠲᠣᠷ ᠰᠢᠳᠪᠦᠷᠢᠯᠡᠵᠦ ᠴᠢᠳᠠᠭᠰᠡᠨ ᠦᠭᠡᠢ ᠠᠴᠠ ᠪᠣᠯᠵᠦ ᠢᠯᠠᠭᠳᠠᠬᠤ ᠪᠣᠯᠣᠭᠰᠡᠨ︶︾᠃ ⑵ ᠦᠢᠷᠠᠳ ︵ᠦᠭᠡᠯᠡᠳ︶ ᠮᠣᠩᠭᠤᠯ ᠤᠨ ᠪᠠᠶᠠᠨᠨᠠᠭᠤᠷ ᠲᠤ ᠢᠷᠡᠭᠰᠡᠨ ᠢᠷᠡᠯᠲᠡ ᠪᠣᠯ᠂ ᠶᠡᠷᠣᠩᠬᠡᠢ ᠳᠡᠭᠡᠨ ᠭᠤᠷᠪᠡᠨ ᠵᠦᠢᠯ ᠤᠨ ᠣᠨᠴᠠᠯᠢᠭ ᠲᠠᠢ ᠪᠠᠶᠢᠳᠠᠭ᠃ ᠨᠢᠭᠡ ᠳᠤ᠂ ᠦᠢᠷᠠᠳ ︵ᠦᠭᠡᠯᠡᠳ︶ ᠤᠨ ᠳᠡᠭᠡᠳᠣᠰ ᠬᠡᠷᠡᠶᠢᠳ ᠠᠶᠢᠮᠠᠭ ᠨᠢ ᠴᠢᠩᠭᠢᠰ ᠬᠠᠭᠠᠨ ᠤ ᠦᠶ᠎ᠡ ᠳᠤ ᠮᠣᠩᠭᠤᠯ ᠤᠨ ᠣᠯᠠᠨ ᠠᠶᠢᠮᠠᠭ  ᠲᠤ ᠲᠠᠷᠬᠠᠭᠠᠬᠤ ᠦᠶ᠎ᠡ ᠳᠤ ᠢᠷᠡᠭᠰᠡᠨ︔ ᠬᠤᠶᠠᠷ ᠲᠤ᠂ ᠭᠠᠯᠳᠠᠨ ᠪᠣᠱᠣᠭᠲᠦ ᠬᠠᠭᠠᠨ ᠤ ᠦᠶ᠎ᠡ ᠳᠤ᠂ ᠴᠢᠩ ᠣᠯᠣᠰ ᠲᠤ ᠵᠠᠮ ᠬᠠᠰᠢᠭᠳᠠᠨ ᠪᠣᠴᠠᠵᠦ ᠳᠡᠶᠢᠯᠬᠦ ᠦᠭᠡᠢ ᠨᠣᠲᠤᠭ ᠵᠢᠭᠡᠯᠡᠵᠦ ᠰᠠᠭᠤᠬᠤ ᠦᠶ᠎ᠡ ᠳᠤ ᠢᠷᠡᠭᠰᠡᠨ︔ ᠭᠤᠷᠪᠠ ᠳᠤ᠂ ᠵᠦᠡᠭᠭᠠᠷ ᠤᠨ ᠣᠷᠪᠠᠯᠭᠠᠨ ᠤ ᠳᠠᠷᠠᠭ᠎ᠠ ᠮᠠᠨᠵᠦ ᠴᠢᠩ ᠠᠴᠠ ᠦᠢᠷᠠᠳ ︵ᠦᠭᠡᠯᠡᠳ︶ ᠢ ᠳᠠᠷᠣᠩᠭᠤᠶᠢᠯᠠᠵᠦ ︽ᠡᠯᠡᠰᠦ ᠬᠤᠯᠢᠬᠤ ᠠᠷᠭ᠎ᠠ︾ ᠪᠠᠷ ᠲᠠᠷᠬᠠᠭᠠᠨ ᠪᠣᠲᠠᠷᠠᠭᠳᠠᠵᠦ ᠢᠷᠡᠭᠰᠡᠨ︔ ᠳᠦᠷᠪᠡ ᠳᠤ᠂ ᠢᠷᠭᠡᠨ ᠣᠯᠣᠰ ᠪᠠ ᠵᠢᠷᠠᠭᠠᠳ ᠣᠨ ᠤ ᠶᠡᠭᠡ ᠦᠯᠦᠰᠬᠦᠯᠡᠩ ᠭᠠᠴᠢᠭ ᠪᠠ ᠰᠡᠭᠦᠯᠴᠢ ᠶᠢᠨ ᠦᠶ᠎ᠡ ᠳᠤ ᠭᠡᠰᠡᠭᠯᠡᠨ ᠰᠠᠯᠭᠠᠵᠦ᠂ ᠵᠠᠰᠠᠭ ᠵᠠᠬᠢᠷᠭᠠᠨ ᠤ ᠬᠠᠷᠢᠶᠠᠨ ᠳᠤ ᠣᠷᠣᠭᠤᠯᠣᠭᠰᠡᠨ ᠠᠴᠠ ᠪᠣᠯᠵᠦ ᠢᠷᠡᠭᠰᠡᠨ ᠬᠡᠳᠣᠨ ᠵᠦᠢᠯ ᠪᠣᠢ᠃ ᠠᠳᠡ ᠦᠢᠷᠠᠳ ︵ᠦᠭᠡᠯᠡᠳ︶ ᠮᠣᠩᠭᠤᠯ ᠤᠨ ᠪᠠᠶᠠᠨᠨᠠᠭᠤᠷ ᠤᠨ ᠭᠠᠵᠠᠷ ᠣᠷᠣᠨ ᠤ ᠪᠦᠰᠡ ᠨᠣᠲᠤᠭ ᠯᠤᠭ᠎ᠠ ᠡᠭᠦᠰᠦᠭᠰᠡᠨ ᠲᠡᠣᠬᠡᠨ ᠬᠠᠷᠢᠴᠠᠭᠠᠨ ᠤ ᠲᠣᠬᠠᠢ ᠲᠡᠮᠳᠡᠭᠯᠡᠯ ᠢ ᠰᠡᠬᠦᠪᠡᠯ᠂ ① 1434 ᠣᠨ ᠳᠤ ᠬᠤᠪᠢᠯᠠᠢ ᠶᠢᠨ ᠬᠤᠶᠢᠴᠢᠰ ᠲᠣᠭᠲᠣᠪᠣᠬ᠎ᠠ ᠲᠣᠭᠤᠨ ᠬᠤᠶᠠᠷ ᠤᠨ ᠬᠤᠯᠪᠣᠭᠠᠲᠦ ᠴᠡᠷᠢᠭ ᠠᠷᠣᠭᠳᠠᠢ ᠶᠢ ᠳᠠᠶᠢᠯᠠᠨ ᠮᠣᠨᠢ ᠠᠭᠤᠯᠠ ︵ᠣᠳᠣ ᠶᠢᠨ ᠣᠷᠠᠳ ᠤᠨ ᠡᠮᠦᠨᠡᠲᠦ ᠬᠤᠰᠢᠭᠤᠨ ᠤ ᠵᠡᠭᠦᠨ ᠭᠡᠰᠡᠭ︶ ᠶᠢᠨ ᠴᠠᠭᠠᠨᠨᠠᠭᠤᠷ ᠦᠶᠦᠸᠠᠨ ᠰᠢᠶᠠᠨ ᠤ ᠵᠡᠭᠦᠨ ᠭᠡᠰᠡᠭ ᠲᠤ ᠪᠣᠢ︶ ᠲᠤ ᠰᠢᠳᠪᠦᠷᠢᠲᠦ ᠳᠠᠶᠢᠨ ᠬᠢᠵᠦ᠂ ᠠᠷᠣᠭᠳᠠᠢ ᠶᠢ ᠠᠯᠠᠪᠠ᠃ 1438 ᠣᠨ ᠳᠤ ᠲᠣᠭᠤᠨ ᠳᠠᠬᠢᠨ ᠵᠡᠭᠦᠨᠰᠢ ᠴᠡᠷᠢᠭᠯᠡᠵᠦ ᠠᠳᠠᠢ ᠬᠠᠭᠠᠨ ᠪᠣᠯᠣᠨ ᠲᠡᠭᠦᠨ ᠤ ᠴᠧᠡᠭᠰᠢᠶᠠᠩ ᠳᠣᠷᠵᠢᠪᠠᠢ ᠶᠢ ᠠᠯᠠᠭᠠᠳ ᠣᠷᠢᠶᠠᠩᠬᠠᠢ  ᠠᠴᠠ ᠪᠣᠰᠣᠳ ᠪᠦᠬᠦ ᠵᠡᠭᠦᠨ ᠮᠣᠩᠭᠤᠯ ︵ᠦᠪᠦᠷ ᠮᠣᠩᠭᠤᠯ︶ ᠢ ᠡᠷᠬᠡᠰᠢᠶᠡᠯ ᠳᠡᠭᠡᠨ ᠣᠷᠣᠭᠤᠯᠪᠠ᠃ ② 1455— 1465 ᠣᠨ ᠤ ᠦᠶ᠎ᠡ ᠪᠠᠷ ᠮᠣᠩᠭᠤᠯ ᠤᠨ ᠨᠦᠯᠦᠭᠡ ᠶᠡᠬᠡᠲᠡᠢ ᠹᠧᠣᠳᠠᠯ ᠡᠵᠡᠳ ᠪᠣᠯᠠᠢ᠂ ᠮᠠᠭᠤᠯᠢᠬᠠᠢ᠂ ᠠᠯᠠᠴᠦ᠂ ᠠᠯᠣᠬᠤ ᠵᠡᠷᠭᠡ ᠬᠦᠮᠦᠰ ᠬᠠᠲᠣᠨ ᠭᠤᠣᠯ ᠤᠨ ᠪᠣᠷᠣ ᠲᠣᠬᠤᠢ ᠶᠢ ᠡᠵᠡᠯᠡᠵᠦ ᠠᠪᠣᠪᠠ᠃ 1470 ᠣᠨ ᠳᠤ ᠪᠡᠬᠡᠷᠰᠠᠨ ᠪᠣᠷᠣ ᠲᠣᠬᠤᠢ ᠣᠷᠣᠨ ᠳᠤ ᠢᠷᠡᠵᠦ ᠰᠠᠭᠤᠷᠢᠰᠢᠪᠠ ⑶᠃ ᠦᠢᠷᠠᠳ ᠮᠣᠩᠭᠤᠯ ᠤᠨ ᠬᠦᠴᠦ ᠨᠢ ᠡᠬᠢᠨ  ᠳᠤ ᠪᠠᠨ ᠵᠡᠭᠦᠨᠰᠢ ᠪᠠᠨ ᠣᠳᠣ ᠶᠢᠨ ᠲᠦᠮᠡᠳ ᠪᠠ ᠣᠯᠠᠭᠠᠨᠴᠠᠪ ᠤᠨ ᠬᠢᠵᠠᠭᠠᠷ ᠬᠦᠷᠴᠦ᠂ ᠪᠦᠬᠦᠶᠢᠯᠡ ᠪᠣᠷᠣ ᠲᠣᠬᠤᠢ ᠣᠷᠣᠨ ᠨᠢ ᠦᠢᠷᠠᠳ ᠲᠤ ᠲᠠᠪᠢ ᠵᠢᠷᠠ ᠭᠠᠷᠣᠢ ᠵᠢᠯ ᠬᠠᠷᠢᠶᠠᠯᠠᠭᠳᠠᠵᠦ ᠪᠠᠶᠢᠪᠠ᠃ ᠠᠷᠪᠠᠨ ᠨᠠᠶᠢᠮᠠᠳᠣᠭᠠᠷ ᠵᠠᠭᠤᠨ ᠤ ᠡᠬᠢᠨ ᠪᠣᠶᠣ ᠳᠣᠮᠳᠠᠴᠢ ᠦᠶ᠎ᠡ ᠠᠴᠠ ᠡᠮᠦᠨ᠎ᠡ ᠨᠢᠭᠡ ᠪᠦᠯᠦᠭ ᠬᠤᠱᠣᠳ ᠠᠶᠢᠮᠠᠭ ᠤᠨ ᠬᠦᠮᠦᠰ ᠤᠨ ᠪᠠᠭ᠎ᠠ ᠭᠡᠰᠡᠭ  ᠨᠢ ᠵᠦᠡᠭᠭᠠᠷ ᠠᠶᠢᠮᠠᠭ ᠬᠦᠴᠦᠷᠬᠡᠭᠵᠢᠵᠦ ᠪᠠᠶᠢᠭᠰᠡᠨ ᠦᠶ᠎ᠡ ᠳᠤ ᠪᠣᠷᠣᠲᠣᠬᠠᠢ ᠳᠤ ᠢᠷᠡᠪᠡ᠂ ᠡᠭᠦᠨ ᠳᠤ ᠢᠵᠢᠯ ᠮᠦᠷᠡᠨ ᠵᠦᠭ ᠣᠴᠢᠭᠰᠡᠳ ᠨᠢ ᠰᠡᠭᠦᠯ ᠳᠤ ᠣᠭ ᠨᠣᠲᠤᠭ ᠲᠠᠭᠠᠨ ᠪᠣᠴᠠᠵᠦ ᠢᠷᠡᠵᠦ ᠰᠠᠭᠤᠷᠢᠰᠢᠭᠰᠡᠨ ᠢ ᠭᠠᠷᠭᠠᠪᠡᠯ ᠰᠢᠨ᠎ᠡ ᠭᠠᠵᠠᠷ ᠣᠴᠢᠵᠦ ᠰᠠᠭᠤᠷᠢᠰᠢᠭᠰᠡᠨ ᠣᠯᠠᠨ ᠪᠠᠶᠢᠵᠣᠬᠤᠢ᠃ ᠠᠯᠠᠱᠠᠨ ᠦᠭᠡᠯᠡᠳ ᠤᠨ ᠨᠢᠭᠡᠨ ᠬᠤᠰᠢᠭᠤ ᠪᠣᠯ ᠬᠡᠳᠣᠶᠢᠪᠡᠷ ᠦᠭᠡᠯᠡᠳ ᠭᠡᠵᠦ ᠪᠠᠶᠢᠪᠠᠴᠦ ᠬᠡᠷᠡᠭ ᠳᠡᠭᠡᠷ᠎ᠡ ᠪᠠᠨ ᠭᠠᠯᠳᠠᠨ ᠤ ᠪᠠᠶᠢᠯᠳᠣᠭᠠᠨ ᠤ ᠦᠶ᠎ᠡ ᠳᠤ ᠠᠯᠠᠱᠠᠨ ᠳᠤ ᠢᠷᠡᠵᠦ ᠨᠣᠲᠤᠭ ᠭᠤᠶᠣᠭᠰᠡᠨ ᠲᠣᠯᠠ ᠡᠩᠬᠡ ᠠᠮᠣᠭᠤᠯᠠᠩ 1686 ᠣᠨ ᠳᠤ ᠭᠠᠨᠵᠧᠦ ᠶᠢᠨ ᠬᠢᠯᠢ ᠶᠢᠨ ᠭᠠᠳᠠᠨ᠎ᠠ ᠨᠣᠲᠣᠭᠰᠢᠭᠤᠯᠣᠭᠠᠳ 1697 ᠣᠨ ᠳᠤ ᠪᠠᠶᠢᠭᠤᠯᠣᠭᠳᠠᠭᠰᠡᠨ ᠬᠤᠱᠣᠳ ᠬᠤᠰᠢᠭᠤ ᠪᠣᠯᠠᠢ᠃ ᠵᠦᠡᠭᠭᠠᠷ ᠤᠨ ᠣᠷᠪᠠᠯᠭᠠᠨ ᠢ ᠳᠠᠷᠣᠭᠰᠡᠨ ᠤ ᠬᠤᠶᠢᠨ᠎ᠠ ᠴᠢᠩ ᠤᠨ ᠵᠠᠰᠠᠭ ᠠᠴᠠ ᠦᠭᠡᠯᠡᠳ ᠬᠤᠶᠢᠳ ᠳᠦᠷᠪᠡᠳ ᠬᠤᠱᠣᠳ ᠮᠡᠲᠦ ᠦᠢᠷᠠᠳ ︵ᠦᠭᠡᠯᠡᠳ︶ ᠤᠨ ᠠᠶᠢᠮᠠᠭ ᠢ ︽ᠡᠯᠡᠰᠦ ᠬᠤᠯᠢᠬᠤ︾ ᠠᠷᠭ᠎ᠠ ᠪᠠᠷ ᠲᠠᠷᠬᠠᠭᠠᠨ ᠪᠣᠲᠠᠷᠠᠭᠠᠬᠤ ᠦᠶ᠎ᠡ ᠳᠤ᠂ ᠪᠠᠶᠠᠨᠨᠠᠭᠤᠷ ᠤᠨ ᠪᠣᠷᠣ ᠲᠣᠬᠤᠢ ᠣᠷᠣᠨ ᠳᠤ ᠶᠡᠬᠡᠪᠡᠷ ᠢᠷᠡᠭᠰᠡᠨ ᠶᠣᠮ᠃ ⑷ ᠨᠠᠶᠢᠷᠠᠯᠲᠦ ᠲᠦᠪ ᠤᠨ ᠠᠷᠪᠠᠳᠣᠭᠠᠷ ᠣᠨ ︵1732 ᠣᠨ︶ ᠳᠤ ᠠᠯᠠᠱᠠ ᠶᠢᠨ ᠬᠤᠶᠠᠳᠣᠭᠠᠷ ᠦᠶ᠎ᠡ ᠶᠢᠨ ᠠᠪᠣᠣ ᠸᠠᠩ ᠵᠦᠡᠭᠭᠠᠷ ᠤᠨ ᠣᠷᠪᠠᠯᠭᠠᠨ ᠢ ᠳᠠᠷᠣᠭᠠᠳ ᠬᠦᠬᠡᠨᠠᠨᠣᠷ ᠠᠴᠠ ᠪᠣᠴᠠᠵᠦ ᠢᠷᠡᠭᠰᠡᠨ ᠤ ᠰᠡᠭᠦᠯᠡᠷ᠂ ᠴᠢᠩ ᠤᠨ ᠲᠦᠷᠦ ᠠᠴᠠ ᠲᠡᠭᠦᠨ ᠳᠤ ᠳ᠋ᠢᠩ ᠶᠣᠸᠠᠨ ᠢᠡᠭ ︵ᠲᠡᠣᠬᠡ ᠶᠢᠨ ᠮᠠᠲ᠋ᠧᠷᠢᠶᠠᠯ ᠳᠤ ᠲᠡᠮᠳᠡᠭᠯᠡᠭᠳᠡᠵᠦ ᠪᠠᠶᠢᠬᠤ ᠶᠢ ᠦᠨᠳᠦᠰᠦᠯᠡᠪᠡᠯ᠂ ᠴᠢᠩ ᠣᠯᠣᠰ ᠤᠨ ᠨᠠᠶᠢᠷᠠᠯᠲᠦ ᠲᠦᠪ ᠤᠨ ᠦᠶ᠎ᠡ ᠳᠤ ᠾᠧ ᠯᠠᠨ ᠱᠠᠨ ᠤ ᠬᠤᠶᠢᠲᠦ ᠪᠡᠶ᠎ᠡ ᠶᠢᠨ ᠦᠷᠭᠡᠨ ᠠᠭᠤᠳᠠᠮ ᠭᠠᠵᠠᠷ ᠨᠣᠲᠤᠭ ᠢ ᠬᠠᠮᠢᠶᠠᠷᠠᠬᠤ ᠬᠦᠮᠦᠨ ᠦᠭᠡᠢ ᠲᠣᠯᠠ ᠪᠠᠷᠠᠭᠤᠨ ᠬᠤᠶᠢᠲᠦ ᠶᠢᠨ ᠮᠣᠩᠭᠤᠯ ᠦᠨᠳᠦᠰᠦᠲᠡᠨ ᠤ ᠠᠶᠢᠮᠠᠭ ᠪᠦᠯᠦᠭ ᠢ ᠲᠣᠭᠲᠠᠪᠦᠷᠢᠵᠢᠭᠤᠯᠬᠤ ᠴᠢᠬᠤᠯᠲᠠᠢ ᠭᠡᠵᠦ ᠶᠣᠸᠠᠢ ᠵᠦᠡᠭ ᠴᠢ᠂ ᠲᠦᠡᠭ ᡁᠢ ᠵᠡᠷᠭᠡ ᠶᠡᠭᠡ ᠰᠠᠶᠢᠳ ᠳᠡᠭᠡᠭᠰᠢ ᠠᠶᠢᠯᠠᠳᠬᠠᠭᠰᠡᠨ ᠳᠤ᠂ ᠮᠠᠨᠵᠦ ᠴᠢᠩ ᠤᠨ ᠵᠠᠰᠠᠭ ᠤᠨ ᠭᠠᠵᠠᠷ ᠲᠡᠳᠡᠨᠣᠰ ᠤᠨ ᠰᠠᠨᠠᠯ ᠢ ᠠᠪᠴᠦ ᠾᠧ ᠯᠠᠨ ᠱᠠᠨ ᠠᠭᠤᠯᠠᠨ ᠤ ᠠᠷᠦ ᠪᠠᠯ ᠤᠨ ᠠᠷᠪᠠᠨ ᠭᠠᠵᠠᠷ ᠤᠨ ᠵᠠᠶᠢᠲᠠᠢ ᠬᠤᠲᠠ ᠪᠠᠶᠢᠭᠤᠯᠵᠦ ᠳ᠋ᠢᠩ ᠶᠣᠸᠠᠨ ᠢᠡᠭ ᠭᠡᠵᠦ ᠨᠡᠷᠡᠶᠢᠳᠪᠡ︶ ᠪᠠ ᠪᠦᠬᠦ ᠠᠯᠠᠱᠠᠨ ᠤ ᠭᠠᠵᠠᠷ ᠨᠣᠲᠤᠭ ᠢ ᠱᠠᠩᠨᠠᠭᠰᠡᠨ ᠪᠠᠶᠢᠨ᠎ᠠ᠃ ᠬᠤᠵᠢᠮ ᠨᠢ ᠢᠷᠭᠡᠨ ᠣᠯᠣᠰ ᠪᠠ ᠴᠢᠯᠦᠭᠡᠯᠡᠭᠳᠡᠬᠦ ᠶᠢᠨ ᠡᠬᠢᠨ ᠤ ᠦᠶ᠎ᠡ ᠳᠤ ᠬᠦᠷᠴᠦ ᠢᠷᠡᠭᠡᠳ ᠳᠠᠶᠠᠭᠠᠷ ᠣᠯᠠᠨ ᠤ ᠮᠡᠳᠡᠭᠡᠵᠢ ᠲᠡᠣᠬᠡ ᠶᠢᠨ ᠰᠢᠯᠲᠠᠭᠠᠨ  ᠢᠶᠠᠷ ᠪᠠᠶᠠᠨᠨᠠᠭᠤᠷ ᠤᠨ ᠪᠣᠷᠣ ᠲᠣᠬᠤᠢ ᠣᠷᠣᠨ ᠳᠤ ᠣᠯᠠᠨ ᠭᠠᠵᠠᠷ ᠠᠴᠠ ᠶᠡᠭᠡ ᠠᠷᠪᠢᠨ ᠬᠦᠮᠦᠰ ᠠᠮᠢᠳᠣᠷᠠᠯ ᠤᠨ ᠭᠠᠴᠢᠭ ᠡᠷᠬᠡᠨ ᠳᠤ ᠠᠷᠭ᠎ᠠ ᠦᠭᠡᠢ ᠨᠡᠭᠦᠳᠡᠯᠯᠡᠨ ᠢᠷᠡᠬᠦ ᠦᠶ᠎ᠡ ᠳᠤ ᠦᠢᠷᠠᠳ ︵ᠦᠭᠡᠯᠡᠳ︶ ᠤᠨ ᠬᠤᠶᠢᠴᠢᠰ ᠴᠦ ᠪᠠᠭ᠎ᠠ ᠪᠣᠰᠣ ᠬᠤᠯᠢᠯᠳᠣᠨ ᠪᠠᠶᠠᠨᠨᠠᠭᠤᠷ ᠨᠣᠲᠤᠭ ᠲᠤ ᠢᠷᠡᠪᠡ᠃ ᠵᠡᠷᠭᠡᠯᠳᠡᠭᠡ ᠠᠶᠢᠮᠠᠭ ᠪᠣᠯᠬᠤ ᠣᠷᠳᠣᠰ ᠢᠶᠠᠷ ᠵᠢᠱᠢᠶᠡᠯᠡᠵᠦ ᠬᠡᠯᠡᠬᠦ ᠳᠤ᠂ ᠶᠡᠭᠡ ᠣᠯᠠᠨ ᠬᠦᠮᠦᠨ ᠣᠳᠣ ᠶᠢᠨ ᠣᠷᠳᠣᠰ ᠬᠦᠭᠵᠢᠬᠦ ᠠᠴᠠ ᠡᠮᠦᠨ᠎ᠡ ᠨᠠᠶᠠᠭᠠᠳ ᠣᠨ ᠤ ᠰᠡᠭᠦᠯᠴᠢ ᠪᠣᠯᠲᠠᠯ᠎ᠠ ᠪᠠᠶᠠᠨᠨᠠᠭᠤᠷ ᠠᠶᠢᠮᠠᠭ ᠲᠤ ᠠᠷᠭ᠎ᠠ ᠪᠦᠬᠦᠨ ᠢ ᠰᠦᠪᠡᠭᠴᠢᠯᠡᠨ ᠳᠠᠰᠣᠷᠠᠯ ᠦᠭᠡᠢ ᠣᠷᠣᠵᠦ ᠢᠷᠡᠵᠦ ᠪᠠᠶᠢᠪᠠ᠃ ᠢᠡᠭᠬᠢᠭᠡᠳ ᠶᠡᠷᠡᠭᠡᠳ ᠣᠨ ᠳᠣᠮᠳᠠᠴᠢ ᠪᠣᠯᠬᠤ ᠦᠶ᠎ᠡ ᠳᠤ ᠣᠷᠳᠣᠰ ᠪᠠᠶᠠᠨᠨᠠᠭᠤᠷ ᠤᠨ ᠨᠣᠲᠤᠭ ᠲᠤ ᠳᠠᠬᠢᠭᠠᠳ ︽ᠣᠷᠳᠣᠰ ᠦᠭᠡᠳᠡ ᠨᠡᠭᠦᠬᠦ︾ ᠬᠠᠴᠢᠨ ᠦᠵᠡᠭᠳᠡᠯ ᠭᠠᠷᠴᠦ ᠪᠠᠶᠢᠭᠰᠡᠨ ᠶᠣᠮ᠃ ᠴᠢᠯᠦᠭᠡᠯᠡᠭᠳᠡᠭᠰᠡᠨ ᠤ ᠳᠠᠷᠠᠭᠠᠬᠢ ᠠᠯᠠᠱᠠ ᠪᠠᠶᠠᠨᠨᠠᠭᠤᠷ ᠤᠨ ᠲᠡᠣᠬᠡ ᠪᠣᠯ ᠣᠣᠯ ᠠᠴᠠ ᠪᠠᠨ ᠰᠠᠯᠵᠦ ᠪᠣᠯᠣᠰᠢ ᠦᠭᠡᠢ ᠨᠢᠭᠲᠠ ᠬᠤᠯᠪᠣᠭ᠎ᠠ  ᠲᠠᠢ ᠣᠷᠢᠳ ᠬᠤᠵᠢᠳ ᠬᠠᠷᠢᠯᠴᠠᠨ ᠬᠠᠷᠢᠶᠠᠯᠠᠵᠦ ᠬᠠᠷᠢᠶᠠᠯᠠᠭᠳᠠᠵᠦ ᠪᠠᠶᠢᠭᠰᠡᠨ ᠲᠡᠣᠬᠡ ᠲᠠᠢ ᠪᠠᠶᠢᠯ᠎ᠠ᠃ ᠲᠠᠪᠢᠭᠠᠳ ᠣᠨ ᠤ ᠪᠠᠷᠠᠭᠤᠨ ᠠᠶᠢᠮᠠᠭ ᠪᠠᠶᠢᠭᠤᠯᠣᠭᠳᠠᠬᠤ ᠡᠬᠢᠨ ᠤ ᠦᠶ᠎ᠡ ᠳᠤ ᠪᠠᠶᠠᠨᠨᠠᠭᠤᠷ ᠨᠢ ᠠᠯᠠᠱᠠ ᠳᠤ ᠬᠠᠷᠢᠶᠠᠯᠠᠭᠳᠠᠵᠦ ᠪᠠᠶᠢᠪᠠ ︵ᠵᠢᠱᠢᠶᠡᠯᠡᠬᠦ ᠳᠤ᠂ ᠳᠡᠭᠡᠷ᠎ᠡ ᠵᠠᠭᠤᠨ ᠤ ᠲᠠᠪᠢᠭᠠᠳ ᠣᠨ ᠳᠤ ᠪᠠᠶᠠᠨᠨᠠᠭᠤᠷ ᠤᠨ ᠬᠤᠶᠠᠳᠣᠭᠠᠷ ᠳᠣᠮᠳᠠᠳᠣ ᠰᠣᠷᠭᠠᠭᠤᠯᠢ ᠴᠦ ᠨᠢ ᠪᠠᠶᠠᠨᠬᠤᠲᠠ ᠳᠤ ᠪᠠᠶᠢᠪᠠ︶᠃ ᠰᠡᠭᠦᠯᠡᠷ ᠨᠢ᠂ ᠠᠯᠠᠱᠠᠨ ᠨᠢ ᠳᠠᠬᠢᠭᠠᠳ ᠪᠠᠶᠠᠨᠨᠠᠭᠤᠷ ᠠᠶᠢᠮᠠᠭ  ᠲᠤ ᠬᠠᠷᠢᠶᠠᠯᠠᠭᠳᠠᠪᠠ᠃ ᠵᠢᠱᠢᠶᠡᠯᠡᠬᠦ ᠳᠤ ᠠᠯᠠᠱᠠᠨ ᠠᠴᠠ ᠳ᠋ᠦᠸᠠᠨ ᠣᠪᠣᠭᠲᠦ ᠳᠡᠭᠡᠳᠦ ᠳᠠᠪᠬᠤᠷᠭᠠᠲᠠᠨ ᠤ ᠬᠦᠮᠦᠰ  ᠨᠢ ᠢᠷᠡᠵᠦ ᠪᠠᠶᠠᠨᠨᠠᠭᠤᠷ ᠠᠶᠢᠮᠠᠭ ᠤᠨ ᠣᠯᠣᠰ ᠲᠦᠷᠦ ᠶᠢᠨ ᠵᠦᠪᠯᠡᠯᠭᠡᠨ ᠳᠤ ᠨᠢᠭᠡᠳᠦᠮᠡᠯ ᠹᠠᠷᠣᠨᠲ ᠤᠨ ᠭᠡᠰᠢᠭᠦᠨ ᠤ ᠬᠤᠪᠢ ᠪᠠᠷ ᠲᠣᠰᠢᠶᠠᠯ ᠡᠭᠦᠷᠭᠡᠯᠡᠵᠦ ᠪᠠᠶᠢᠪᠠ᠃ ᠡᠭᠦᠨ ᠠᠴᠠ ᠭᠠᠳᠠᠨ᠎ᠠ ᠠᠵᠢᠯ ᠰᠢᠯᠵᠢᠬᠦ᠂ ᠣᠷᠤᠭ ᠬᠤᠷᠢᠮ ᠤᠨ ᠬᠠᠷᠢᠴᠠᠭ᠎ᠠ ᠪᠠᠷ ᠢᠷᠡᠬᠦ ᠁ ᠭᠡᠬᠦ ᠮᠡᠲᠦ ᠦᠢᠷᠠᠳ ︵ᠦᠭᠡᠯᠡᠳ ᠪᠣᠶᠣ ᠬᠢᠲᠠᠳᠵᠢᠭᠰᠡᠨ ᠮᠣᠩᠭᠤᠯ ᠪᠠᠭᠲᠠᠨ᠎ᠠ︶ ᠬᠦᠮᠦᠰ ᠢᠷᠡᠵᠦ ᠰᠢᠩᠭᠡᠭᠰᠡᠨ ᠢ ᠪᠦᠷᠢᠳᠬᠡᠬᠦ ᠶᠢᠨ ᠠᠷᠭ᠎ᠠ ᠦᠭᠡᠢ ᠶᠣᠮ᠃ ᠬᠤᠶᠠᠷ᠂ ᠪᠠᠶᠠᠨᠨᠠᠭᠤᠷ ᠦᠭᠡᠯᠡᠳᠴᠣᠳ ︵ᠦᠢᠷᠠᠳ︶ ᠤᠨ ᠪᠠᠷᠣᠭᠴᠠᠭᠠᠯᠠᠭᠰᠡᠨ ᠬᠦᠮᠦᠨ ᠠᠮᠠ ᠶᠢᠨ ᠲᠤᠭ᠎ᠠ ᠪᠠᠶᠠᠨᠨᠠᠭᠤᠷ ᠦᠢᠷᠡᠳ ︵ᠦᠭᠡᠯᠡᠳᠴᠣᠳ︶ ᠮᠦᠨ ᠨᠡᠶᠢᠭᠡᠮ ᠤᠨ ᠠᠬᠢᠯᠲᠠ ᠳᠡᠪᠰᠢᠯᠲᠡ ᠶᠢᠨ ᠲᠣᠭᠰᠢᠨ ᠦᠢᠯ ᠡᠷᠭᠢᠯᠳᠦᠭᠡᠨ ᠳᠤ᠂ ᠮᠣᠩᠭᠤᠯ ᠤᠨ ᠪᠣᠰᠣᠳ ᠣᠪᠣᠭ ᠶᠠᠰᠣᠲᠡᠨ ᠲᠠᠢ ᠠᠳᠠᠯᠢ᠂ ᠬᠠᠯᠠᠭᠳᠠᠯ ᠰᠣᠯᠢᠭᠳᠠᠯ ᠤᠨ ᠲᠦᠷᠦ ᠭᠦᠷᠦᠨ ᠨᠤᠭᠤᠳ ᠤᠨ ᠬᠠᠷᠢᠯᠴᠠᠨ ᠣᠳᠣᠮᠯᠠᠵᠦ ᠣᠯᠠᠷᠢᠯᠠᠭᠤᠯᠣᠨ ᠬᠡᠷᠡᠭᠯᠡᠭᠰᠡᠭᠡᠷ ᠢᠷᠡᠭᠰᠡᠨ ᠪᠣᠶᠣ ᠨᠡᠷ᠎ᠡ ᠶᠢ ᠨᠢ ᠦᠭᠡᠷᠡᠲᠡᠭᠦᠯᠦᠨ ᠣᠨᠳᠣᠣ ᠠᠷᠭ᠎ᠠ ᠪᠠᠷ ᠬᠤᠪᠢᠷᠠᠭᠠᠨ ᠵᠠᠰᠠᠵᠦ ᠬᠡᠷᠡᠭᠯᠡᠭᠰᠡᠨ ᠠᠷᠭ᠎ᠠ ᠬᠡᠷᠡᠭᠯᠡᠭᠦᠷ ᠪᠣᠯᠬᠤ ︽ᠡᠯᠡᠰᠦ ᠬᠤᠯᠢᠬᠤ︾ ︽ᠲᠠᠷᠬᠠᠭᠠᠨ ᠪᠣᠲᠠᠷᠠᠭᠠᠵᠦ ᠭᠡᠰᠡᠭᠯᠡᠨ ᠡᠵᠡᠯᠡᠬᠦ︾ ᠁ ᠭᠡᠬᠦ ᠮᠡᠲᠦ ︽ᠲᠦᠷᠦ ᠶᠢᠨ ᠪᠣᠳᠣᠯᠭ᠎ᠠ︾  ᠶᠢᠨ ᠬᠤᠪᠢ ᠵᠠᠶᠠᠭ᠎ᠠ ᠠᠴᠠ ᠶᠡᠷᠣᠨᠢ ᠭᠡᠯᠲᠦᠷᠡᠵᠦ ᠵᠠᠶᠢᠯᠠᠰᠬᠢᠵᠦ ᠳᠡᠶᠢᠯᠦᠭᠰᠡᠨ ᠦᠭᠡᠢ ᠶᠣᠮ᠃ ᠵᠢᠱᠢᠶᠡᠯᠡᠬᠦ ᠳᠤ᠂ ᠲᠡᠣᠬᠡᠨ ᠳᠤ ᠪᠠᠶᠠᠨᠨᠠᠭᠤᠷ ᠠᠶᠢᠮᠠᠭ ᠤᠨ ᠭᠠᠵᠠᠷ ᠨᠣᠲᠤᠭ ᠪᠣᠯ ᠠᠯᠠᠱᠠᠨ ᠬᠤᠱᠣᠳ ᠤᠨ ᠬᠢ ᠪᠠᠶᠢᠵᠦ᠂ ᠳᠠᠷᠠᠭᠠᠴᠢ  ᠪᠠᠷ ᠣᠯᠠᠭᠠᠨᠴᠠᠪ ᠲᠤ ᠬᠠᠷᠢᠶᠠᠯᠠᠭᠳᠠᠨ ᠪᠦᠷ ᠰᠡᠭᠦᠯ ᠳᠤ ᠳᠣᠰᠠᠭᠠᠷ ᠪᠣᠯᠵᠦ ᠬᠦᠭᠵᠢᠬᠦ ᠳᠡᠭᠡᠨ ᠦᠨᠡᠨᠳᠡᠭᠡᠨ ᠪᠦᠷ ᠮᠠᠨᠵᠦ ᠴᠢᠩ ᠤᠨ ︽ᠡᠯᠡᠰᠦ ᠬᠤᠯᠢᠬᠤ︾ ᠠᠷᠭ᠎ᠠ ᠬᠡᠯᠪᠡᠷᠢ ᠠᠴᠠ ᠰᠠᠯᠵᠦ ᠳᠡᠶᠢᠯᠦᠭᠰᠡᠨ ᠦᠭᠡᠢ ᠪᠠᠶᠢᠯ᠎ᠠ᠃ ᠣᠳᠣ  ᠶᠢᠨ ᠳ᠋ᠧᠡᠭᠺᠧᠦ ᠰᠢᠶᠠᠨ ᠤ ᠬᠢᠵᠠᠭᠠᠷ ᠣᠷᠣᠨ ᠪᠣᠯ ᠣᠣᠯ ᠠᠴᠠ ᠪᠠᠨ ᠠᠯᠠᠱᠠᠨ ᠬᠤᠱᠣᠳ ᠤᠨ ᠬᠡᠳᠣᠨ ᠵᠠᠭᠤᠨ ᠵᠢᠯ  ᠤᠨ ᠲᠡᠣᠬᠡ ᠲᠠᠢ ᠬᠠᠷᠢᠶᠠᠲᠦ ᠭᠠᠵᠠᠷ ᠣᠷᠣᠨ ᠪᠦᠯᠦᠭᠡ᠂ ᠢᠷᠭᠡᠨ ᠣᠯᠣᠰ ᠤᠨ ᠦᠶ᠎ᠡ ︵1927 ᠣᠨ︶ ᠳᠤ ᠹᠧᠡᠭ ᠢᠣᠢ ᠰᠢᠶᠠᠩ ᠰᠠᠯᠭᠠᠵᠦ ᠰᠢᠶᠠᠨ ᠪᠣᠯᠭᠠᠨ᠎ᠠ ᠭᠡᠳ ᠳᠡᠶᠢᠯᠦᠭᠰᠡᠨ ᠦᠭᠡᠢ᠂ ᠰᠡᠭᠦᠯᠡᠷ ᠨᠢ ᠲᠡᠣᠬᠡᠨ ᠶᠠᠪᠣᠴᠠ ᠳᠣᠮᠳᠠ ᠠᠭᠠᠵᠢᠮ ᠢᠶᠠᠷ ᠬᠠᠨᠰᠢᠯᠠ ᠰᠠᠯᠭᠠᠵᠦ ᠭᠡᠰᠡᠭᠯᠡᠨ ᠡᠴᠣᠰ ᠲᠡᠭᠡᠨ ᠰᠢᠶᠠᠨ ᠪᠣᠯᠵᠦ ᠳᠣᠰᠠᠭᠠᠷᠯᠠᠨ᠂ ᠲᠦᠷᠢᠵᠦ ᠢᠷᠡᠭᠰᠡᠨ ᠬᠢᠲᠠᠳ ᠢᠷᠭᠡᠨ ᠢ ᠰᠠᠭᠤᠷᠢᠰᠢᠭᠤᠯᠵᠦ᠂ ᠲᠡᠳᠡᠨᠣᠰ ᠤᠨ ᠬᠦᠮᠦᠨ ᠠᠮᠠ ᠪᠠᠷ ᠭᠤᠣᠯᠯᠠᠬᠤ ᠰᠢᠶᠠᠨ ᠪᠣᠯᠭᠠᠭᠰᠡᠨ ᠪᠠᠶᠢᠬᠤ ᠦᠭᠡᠢ ᠶᠤ᠋᠃ ᠳ᠋ᠧᠡᠭᠺᠢᠦ ᠰᠢᠶᠠᠨ ᠤ ᠬᠠᠲᠣᠨ ᠭᠤᠣᠯ ᠤᠨ ᠮᠣᠬᠤᠷ ᠲᠣᠬᠤᠢ ᠳᠤ ᠪᠠᠶᠢᠬᠤ ᠴᠢᠬᠤᠯᠠ ᠪᠠᠶᠢᠷᠢᠰᠢᠯ ᠨᠢ ᠠᠯᠢ ᠬᠡᠳᠣᠶᠢᠨ ᠲᠡᠣᠬᠡᠨ ᠠᠴᠠ ᠠᠪᠣᠭᠠᠳ ᠭᠠᠵᠠᠷ ᠬᠠᠰᠢᠶᠠᠯᠠᠵᠦ ᠣᠬᠤᠨ᠂ ᠠᠰᠢᠭ ᠡᠷᠢᠯᠬᠡᠶᠢᠯᠡᠳᠡᠭ ᠪᠣᠰᠣᠳ ᠤᠨ ᠠᠮᠠᠨ ᠰᠢᠭᠦᠰᠦ ᠶᠢ ᠭᠤᠭᠤᠵᠢᠭᠤᠯᠣᠭᠰᠡᠨ ᠴᠢᠬᠤᠯᠠ ᠣᠰᠣᠨ ᠪᠣᠭᠤᠮᠲᠠ ︵ᠬᠠᠲᠣᠨ ᠭᠤᠣᠯ ᠤᠨ ᠬᠠᠮᠤᠭ ᠨᠠᠷᠢᠨ ᠭᠡᠰᠡᠭ︶ ᠪᠠᠶᠢᠯ᠎ᠠ᠃ ᠠᠯᠠᠱᠠ ᠦᠢᠷᠡᠳ ︵ᠬᠤᠱᠣᠳ ᠲᠣᠷᠭᠤᠳ︶ ᠳ᠋ᠧᠡᠭᠺᠢᠦ ᠶᠢ ᠡᠵᠡᠩᠨᠡᠵᠦ ᠪᠠᠶᠢᠬᠤ ᠦᠶ᠎ᠡ ᠳᠤ ᠭᠤᠣᠯ ᠤᠨ ᠣᠰᠣᠨ ᠬᠠᠨᠭ᠍ᠭᠠᠯᠲᠠᠢ ᠪᠠᠶᠢᠭᠠᠯᠢ ᠣᠷᠴᠢᠨ ᠠᠬᠤᠢ ᠲᠡᠩᠴᠡᠭᠦᠷᠢᠲᠠᠢ ᠪᠠᠶᠢᠪᠠ᠃ ᠰᠡᠭᠦᠯᠡᠷ ᠨᠢ ᠪᠣᠰᠣᠳ ᠤᠨ ᠬᠠᠷᠢᠶᠠᠨ ᠳᠤ ᠣᠷᠣᠭᠰᠡᠨ ᠠᠴᠠ ᠬᠤᠶᠢᠰᠢ ᠬᠠᠪᠢ ᠦᠢᠷ᠎ᠠ ᠶᠢᠨ ᠪᠠᠶᠢᠭᠠᠯᠢ ᠣᠷᠴᠢᠨ ᠠᠮᠢ ᠠᠬᠤᠢ ᠶᠢᠨ ᠲᠡᠩᠴᠡᠭᠦᠷᠢ ᠪᠠᠨ ᠠᠯᠳᠠᠵᠦ ᠪᠣᠰᠣᠳ ᠭᠠᠵᠠᠷ ᠲᠠᠬᠢ ᠣᠯᠠᠩᠬᠢ ᠨᠠᠭᠤᠷ ᠴᠦᠬᠦᠷᠣᠮ ᠴᠦ ᠬᠠᠲᠠᠵᠦ ᠰᠢᠷᠭᠡᠭᠡᠭᠰᠡᠨ ᠪᠠᠶᠢᠨ᠎ᠠ᠂ ᠪᠣᠳᠠᠳᠠᠢ ᠵᠢᠱᠢᠶ᠎ᠡ ᠲᠡᠲᠡᠪᠡᠯ᠂ ᠡᠭᠦᠨ ᠤ ᠲᠣᠬᠠᠢ ᠶᠡᠷᠡᠭᠡᠳ ᠣᠨ ᠳᠤ ᠲᠦᠪ ᠤᠨ ᠶᠡᠷᠣᠩᠬᠡᠢ ᠰᠠᠶᠢᠳ ᠵᠣ᠋ ᠷᠦᠡᠭ ᠵᠢᠢ ᠪᠠᠰᠠ ᠲᠣᠰᠠᠬᠠᠢ ᠴᠣᠬᠤᠯᠠᠪᠣᠷᠢ ᠬᠢᠵᠦ ᠪᠠᠶᠢᠭᠰᠡᠨ ᠶᠣᠮ᠃ ᠣᠳᠣ ᠪᠠᠶᠠᠨᠨᠠᠭᠤᠷ  ᠲᠤ ᠪᠠᠶᠢᠭ᠎ᠠ ᠦᠢᠷᠠᠳ ︵ᠦᠭᠡᠯᠡᠳ︶ ᠶᠠᠰᠣᠲᠠᠨ ᠭᠡᠪᠡᠯ᠂ ᠬᠦᠮᠦᠨ ᠠᠮᠠ ᠶᠢᠨ ᠲᠤᠭ᠎ᠠ ᠪᠠᠷ ᠬᠠᠮᠤᠭ ᠠᠷᠪᠢᠨ ᠨᠢ ᠳ᠋ᠧᠡᠭᠺᠧᠦ ᠰᠢᠶᠠᠨ ︵ᠵᠠᠭᠤ ᠳᠦᠴᠢᠭᠡᠳ ᠡᠷᠦᠬᠡ︶ ᠳᠤ ᠴᠣᠭᠯᠠᠷᠠᠨ ᠪᠠᠶᠢᠵᠦ᠂ ᠬᠠᠨᠭ᠍ᠭᠢᠨ ᠬᠤᠶᠢᠲᠦ ︵ᠬᠤᠷᠢ ᠭᠤᠴᠢᠨ ᠡᠷᠦᠬᠡ︶᠂ ᠣᠷᠠᠳ ᠤᠨ ᠭᠤᠷᠪᠠᠨ ᠬᠤᠰᠢᠭᠤ ︵ᠵᠠᠭᠤᠭᠠᠳ ᠡᠷᠦᠬᠡ︶᠂ ᠦᠶᠣᠸᠠᠨ ︵ᠠᠷᠪᠠᠭᠠᠳ ᠡᠷᠦᠬᠡ ︶᠂ ᠯᠢᠨ ᠾᠧ ︵ᠨᠠᠶᠠᠭᠠᠳ ᠡᠷᠦᠬᠡ︶ ᠵᠡᠷᠭᠡ ᠭᠠᠵᠠᠷ ᠣᠷᠣᠨ ᠳᠤ ᠳᠠᠷᠬᠠᠨ ᠰᠠᠭᠤᠵᠦ ᠪᠠᠶᠢᠭ᠎ᠠ ᠪᠣᠢ ᠪᠦᠬᠦ ᠬᠦᠮᠦᠨ ᠠᠮᠠ ︵ᠡᠭᠦᠨ ᠳᠤ ᠬᠢᠲᠡᠳᠵᠢᠭᠰᠡᠨ ᠮᠣᠩᠭᠤᠯ ᠢ ᠪᠠᠭᠲᠠᠭᠠᠨ᠎ᠠ︶ ᠶᠢ ᠪᠠᠷᠣᠭᠴᠠᠭᠠᠯᠠᠨ ᠪᠦᠷᠢᠳᠬᠡᠪᠡᠯ ᠲᠦᠮᠡ ᠬᠦᠷᠬᠦ ᠦᠭᠡᠢ ᠬᠡᠳᠦᠬᠡᠨ ᠮᠢᠩᠭ᠎ᠠ ᠲᠡᠳᠣᠢ᠃ ᠡᠭᠦᠨ ᠳᠤ ᠣᠨᠴᠠᠭᠠᠶᠢᠯᠠᠨ ᠲᠣᠲᠣᠷᠬᠠᠶᠢᠯᠠᠬᠤ ᠣᠴᠢᠷ ᠭᠡᠪᠡᠯ᠂ ᠦᠡᠭᠭᠡᠷᠡᠭᠰᠡᠨ  ᠳᠤ ᠨᠢᠭᠡ ᠳᠣᠣᠷ᠎ᠠ ᠪᠦᠭᠡᠮ ᠳᠤ ᠪᠠᠨ ᠰᠠᠭᠤᠵᠦ ᠪᠠᠶᠢᠭᠰᠡᠨ ᠪᠠ ᠳᠣᠰᠠᠭᠠᠷ ᠬᠤᠰᠢᠭᠤ ᠪᠣᠯᠵᠦ ᠪᠠᠶᠢᠭᠰᠡᠨ ᠢ ᠨᠢ ᠭᠠᠷᠭᠠᠪᠠᠯ᠂ ᠡᠷᠲᠡᠨ ᠤ ᠲᠡᠣᠬᠡᠨ ᠠᠴᠠ ᠠᠪᠣᠭᠠᠳ ᠴᠢᠩᠭᠢᠰ ᠬᠠᠭᠠᠨ ᠤ ᠦᠶ᠎ᠡ ᠳᠤ ᠦᠢᠷᠠᠳ ︵ᠦᠭᠡᠯᠡᠳ︶ ᠶᠠᠰᠣᠲᠠᠨ ᠢ ᠣᠯᠠᠨ ᠠᠶᠢᠮᠠᠭ ᠲᠤ ᠪᠣᠲᠠᠷᠠᠭᠠᠨ ᠰᠠᠴᠣᠭᠰᠡᠨ᠂ ᠦᠢᠷᠠᠳ ᠮᠣᠩᠭᠤᠯ ᠤᠨ ᠲᠣᠭᠤᠨ ᠲᠠᠶᠢᠱᠢ 1434 ᠣᠨ ᠠᠴᠠ ᠡᠬᠢᠯᠡᠵᠦ ᠵᠡᠭᠦᠨ ᠮᠣᠩᠭᠤᠯ ᠢ ᠡᠷᠬᠡᠰᠢᠶᠡᠭᠰᠡᠨ ᠠᠴᠠ ᠬᠤᠶᠢᠰᠢ ᠲᠠᠪᠢ ᠵᠢᠷᠠᠨ ᠵᠢᠯ ᠪᠠ ᠮᠠᠨᠵᠦ ᠴᠢᠩ ᠤᠨ ᠲᠠᠷᠬᠠᠭᠠᠨ ᠪᠣᠲᠠᠷᠠᠭᠠᠬᠤ ᠲᠦᠷᠦ ᠶᠢᠨ ᠪᠣᠳᠣᠯᠭ᠎ᠠ ᠪᠠᠷ ᠪᠣᠷᠣᠲᠣᠬᠠᠢ ᠣᠷᠣᠨ ᠳᠤ ᠲᠠᠷᠬᠠᠢ ᠪᠣᠲᠠᠷᠬᠠᠢ ᠪᠠᠷ ᠣᠷᠣᠵᠦ ᠢᠷᠡᠭᠰᠡᠨ ᠦᠢᠷᠠᠳ ︵ᠦᠭᠡᠯᠡᠳ︶ ᠮᠣᠩᠭᠤᠯᠴᠣᠳ ᠤᠨ ᠬᠠᠶᠢᠯᠣᠭᠳᠠᠵᠦ ᠠᠭᠤᠰᠣᠭᠰᠡᠨ ᠢ ᠪᠣᠯ ᠠᠳᠡ ᠶᠡᠭᠡ ᠲᠦᠯᠦᠪ ᠪᠠᠷᠣᠭᠴᠠᠭᠠᠯᠠᠵᠠᠢ᠃ ᠨᠡᠩ ᠢᠯᠠᠩᠭᠤᠶ᠎ᠠ ᠢᠷᠭᠡᠨ ᠣᠯᠣᠰ ᠠᠴᠠ ᠣᠳᠣ ᠬᠦᠷᠲᠡᠯᠡᠬᠢ ᠲᠡᠣᠬᠡᠨ ᠬᠤᠭᠤᠴᠠᠭᠠᠨ  ᠳᠤ ᠪᠠᠶᠠᠨᠨᠠᠭᠤᠷ ᠲᠤ ᠢᠷᠡᠵᠦ ᠰᠠᠭᠤᠷᠢᠰᠢᠵᠦ ᠢᠳᠡᠭᠡᠰᠢᠨ ᠲᠣᠬᠠᠢ ᠶᠢᠨ ᠭᠠᠵᠠᠷ ᠲᠤ ᠰᠢᠩᠭᠡᠭᠰᠡᠨ ᠢ ᠨᠢ ᠲᠣᠲᠣᠷᠬᠠᠶᠢᠯᠠᠬᠤᠶ᠎ᠠ ᠪᠡᠷᠬᠡ ᠪᠣᠯᠴᠢᠬᠠᠵᠠᠢ᠃ ᠨᠢᠭᠡ ᠪᠦᠯᠦᠭ ᠨᠢ ᠢᠰᠯᠠᠮ ᠤᠨ ᠱᠠᠰᠢᠨ ᠢ ᠰᠢᠲᠣᠨ ᠮᠣᠩᠭᠤᠯ ᠬᠡᠯᠡ  ᠪᠠᠨ ᠬᠡᠯᠡᠵᠦ ᠴᠢᠳᠠᠬᠤ ᠦᠭᠡᠢ ᠭᠦᠢᠴᠡᠳ ᠬᠠᠶᠢᠯᠣᠭᠳᠠᠭᠰᠡᠨ ᠢ ᠭᠠᠷᠭᠠᠪᠠᠯ᠂ ᠪᠠᠶᠠᠨᠨᠠᠭᠤᠷ ᠲᠠᠬᠢ ᠣᠳᠣ ᠶᠢᠨ ᠮᠡᠳᠡᠭᠡᠵᠢ ᠲᠡᠣᠬᠡᠨ ᠰᠢᠯᠲᠠᠭᠠᠨ ᠠᠴᠠ ᠪᠣᠯᠵᠦ᠂ ᠦᠢᠷᠠᠳ ︵ᠦᠭᠡᠯᠡᠳ︶ ᠶᠠᠰᠣᠲᠠᠳ ᠤᠨ ᠦᠪᠡᠷ ᠢᠶᠠᠨ ᠠᠪᠣᠭᠰᠡᠨ ᠬᠢᠲᠠᠳᠵᠢᠭᠰᠡᠨ ᠣᠪᠣᠭ ᠲᠠᠢ ᠬᠠᠮᠢᠶᠠᠲᠠᠢ ᠭᠤᠴᠢᠨ ᠬᠡᠳᠣᠨ ᠵᠦᠢᠯ ᠤᠨ ᠰᠠᠯᠪᠦᠷᠢ ᠣᠪᠣᠭ ᠪᠠᠶᠢᠨ᠎ᠠ᠃ ᠡᠶᠢᠮᠦᠷᠬᠦ ᠣᠪᠣᠭ ᠢᠶᠠᠷ ᠠᠳᠡ ᠰᠢᠩᠭᠡᠭᠰᠡᠨ ᠬᠦᠮᠦᠰ ᠤᠨ ᠣᠪᠣᠭ ᠢ ᠰᠡᠷᠭᠦᠭᠡᠨ ᠲᠣᠲᠣᠳᠬᠠᠵᠦ ᠲᠣᠷᠠᠳᠬᠠᠪᠠᠯ᠄ ︽敖᠂ 白᠂ 付᠂ 安᠂ 岳᠂ 金᠂ 靳᠂ 林᠂ 刘᠂ 张᠂ 吴᠂ 武᠂ 赵᠂ 单᠂ 房᠂ 叶᠂ 左᠂ 朱᠂ 洋᠂ 黄᠂ 曹᠂ 四᠂ 司᠂ 侍᠂ 杜᠂ 窦᠂ 藏᠂ 桑᠂ 祁᠂ 海᠂ 陶᠂ 佟᠂ 唐᠂ 段᠂ 和᠂ 杨᠂ 高᠂ 虎︾ ᠵᠡᠷᠭᠡ ᠪᠣᠢ᠃ ᠲᠡᠣᠬᠡ ᠶᠢᠨ ᠵᠠᠷᠢᠮ ᠰᠢᠯᠲᠠᠭᠠᠨ ᠨᠦᠬᠦᠴᠡᠯ ᠠᠴᠠ ᠪᠣᠯᠣᠭᠠᠳ᠂ ᠣᠳᠣ ᠪᠣᠯᠬᠤ ᠳᠤ᠂ ᠬᠢᠲᠠᠳ ᠦᠨᠳᠦᠰᠦᠲᠡᠨ ᠲᠠᠢ ᠬᠤᠯᠢᠯᠳᠣᠨ ᠰᠠᠭᠤᠭᠰᠡᠨ ᠦᠢᠷᠠᠳ ︵ᠦᠭᠡᠯᠡᠳ︶ ᠮᠣᠩᠭᠤᠯᠴᠣᠳ ︵ᠭᠤᠣᠯ ᠨᠢ ᠴᠣᠯ ᠬᠢᠲᠠᠳ ᠣᠷᠣᠨ ᠳᠤ ᠰᠠᠭᠤᠷᠢᠰᠢᠭᠰᠡᠨ᠂ ᠵᠢᠱᠢᠶᠡᠯᠡᠪᠡᠯ ᠯᠢᠨ ᠾᠧ᠂ ᠦᠶᠣᠸᠠᠨ᠂ ᠬᠠᠨᠭ᠍ᠭᠢᠨ ᠬᠤᠶᠢᠲᠦ ᠬᠤᠰᠢᠭᠤ︶ ᠴᠦ ᠦᠪᠡᠷ ᠢ ᠪᠠᠨ ᠮᠣᠩᠭᠤᠯ ᠭᠡᠵᠦ ᠮᠡᠳᠡᠷᠡᠬᠦ ᠨᠢ ᠲᠣᠩ ᠴᠦᠭᠡᠬᠡᠨ ᠪᠣᠯᠣᠭᠰᠡᠨ᠃ ᠢᠡᠭᠬᠢᠭᠡᠳ ᠡᠨᠡ ᠭᠡᠰᠡᠭ ᠪᠦᠯᠦᠭ ᠨᠢ ᠲᠠᠷᠬᠠᠨ ᠠᠭᠤᠰᠴᠦ ᠦᠭᠡᠷ᠎ᠡ ᠶᠠᠰᠣᠲᠠᠨ ᠲᠠᠢ ᠬᠤᠯᠢᠭᠰᠡᠨ ᠰᠢᠭ᠋ ᠪᠠᠶᠢᠨ᠎ᠠ᠃ ᠴᠢᠯᠦᠭᠡᠯᠡᠭᠳᠡᠬᠦ ᠶᠢᠨ ᠡᠬᠢᠨ ᠳᠤ ᠪᠠ ᠳᠠᠯᠠᠭᠠᠳ ᠣᠨ ᠤ ᠦᠶ᠎ᠡ ᠪᠠᠷ ᠠᠮᠢᠳᠣᠷᠠᠯ ᠤᠨ ᠡᠷᠬᠡ ᠪᠠᠷ ᠲᠣᠬᠠᠢ ᠶᠢᠨ ᠦᠶ᠎ᠡ ᠶᠢᠨ ᠶᠡᠭᠡ ᠵᠣᠣ ᠠᠶᠢᠮᠠᠭ ᠠᠴᠠ ᠨᠡᠭᠦᠨ ᠢᠷᠡᠭᠰᠡᠨ ᠬᠦᠮᠦᠰ ᠤᠨ ᠣᠯᠠᠩᠬᠢ ᠨᠢ ᠴᠠᠭ ᠲᠦᠷᠦ ᠶᠢᠨ ᠦᠡᠭᠭᠡ ᠬᠤᠪᠢᠰᠣᠯ ᠪᠣᠶᠣ ᠬᠦᠭᠵᠢᠯᠲᠡ ᠶᠢᠨ ᠬᠦᠴᠦᠨ ᠳᠤ ᠡᠷᠭᠢᠭᠡᠳ ᠪᠣᠴᠠᠵᠦ ᠨᠡᠭᠦᠭᠰᠡᠨ ᠪᠣᠶᠣ ᠪᠣᠰᠣᠳ ᠭᠠᠵᠠᠷ ᠨᠡᠭᠦᠨ ᠶᠠᠪᠣᠭᠰᠡᠨ ᠢ ᠪᠣᠯ ᠣᠳᠣ ᠪᠦᠷᠢᠳᠬᠡᠬᠦ ᠶᠢᠨ ᠠᠷᠭ᠎ᠠ ᠦᠭᠡᠢ ᠪᠠᠶᠢᠨ᠎ᠠ᠃ ᠪᠠᠰᠠ ᠨᠢᠭᠡ ᠣᠴᠢᠷ ᠭᠡᠪᠡᠯ᠂ ᠠᠳᠡᠬᠢ ᠶᠢᠨ ᠬᠦᠮᠦᠰ ᠬᠤᠪᠢ ᠪᠡᠶᠡᠨ ᠳᠡᠭᠡᠨ ᠬᠢᠲᠠᠳ ᠣᠪᠣᠭ ᠠᠪᠬᠤ ᠳᠣᠷᠠᠲᠠᠢ ᠪᠠᠶᠢᠳᠠᠭ ︵ᠡᠨᠡ ᠨᠢ ᠡᠷᠢᠵᠦ ᠰᠣᠷᠪᠣᠯᠵᠢᠯᠠᠨ ᠰᠣᠷᠠᠭᠯᠠᠬᠤ ᠳᠤ ᠵᠣᠬᠢᠬᠤ ᠬᠡᠮᠵᠢᠶᠡᠨ ᠤ ᠬᠦᠴᠢᠷᠳᠡᠯ ᠪᠣᠯᠣᠭᠰᠡᠨ︶ ᠨᠢ ᠪᠣᠰᠣᠳ ᠭᠠᠵᠠᠷ ᠠᠴᠠ ᠣᠨᠴᠠᠯᠢᠭᠳᠠᠳᠠᠭ᠃ ᠡᠨᠡ ᠨᠢ ᠪᠠᠷᠤᠭ ᠪᠠᠶᠠᠨᠨᠠᠭᠤᠷ ᠪᠣᠷᠣ ᠲᠣᠬᠠᠢ ᠣᠷᠣᠨ ᠳᠤ ᠬᠢᠲᠠᠳ ᠬᠦᠮᠦᠨ ᠠᠮᠠ ︵ᠪᠠᠶᠠᠨᠨᠠᠭᠤᠷ ᠬᠤᠲᠠ ᠶᠢᠨ ᠪᠦᠬᠦ ᠬᠦᠮᠦᠨ ᠠᠮᠠ ᠣᠳᠣ ᠵᠠᠭᠤ ᠳᠠᠯᠠᠨ ᠲᠦᠮᠡ ᠢ ᠳᠠᠪᠠᠵᠦ ᠪᠣᠢ︶  ᠶᠢᠨ ᠣᠯᠠᠨ ᠠᠴᠠ ᠰᠢᠯᠲᠠᠭᠠᠯᠠᠭᠳᠠᠵᠦ ᠪᠠᠶᠢᠬᠤ ᠠᠴᠠ ᠪᠣᠯᠣᠭᠰᠡᠨ ᠴᠦ ᠮᠠᠭᠠᠳ᠃ ᠮᠠᠨᠵᠦ ᠴᠢᠩ ᠵᠦᠡᠭᠭᠠᠷ ᠤᠨ ᠣᠷᠪᠠᠯᠭᠠᠨ ᠢ ᠳᠠᠷᠣᠭᠰᠡᠨ ᠠᠴᠠ ᠬᠤᠶᠢᠰᠢ 1757 ᠣᠨ ᠠᠴᠠ ᠡᠬᠢᠯᠡᠵᠦ᠂ ᠴᠠᠬᠠᠷ ᠢ ᠳᠠᠷᠣᠩᠭᠤᠶᠢᠯᠠᠬᠤ ᠲᠠᠢ ᠠᠳᠠᠯᠢ ᠦᠢᠷᠠᠳ ︵ᠦᠭᠡᠯᠡᠳ︶ ᠢ ᠡᠰᠢ ᠲᠡᠰᠢ ᠪᠣᠲᠠᠷᠠᠭᠠᠨ ᠴᠦᠯᠢᠵᠦ ᠶᠠᠪᠣᠭᠤᠯᠪᠠ᠃ ᠦᠢᠭᠤᠳ ᠪᠣᠯ ᠦᠢᠷᠠᠳ ᠮᠣᠩᠭᠤᠯ ᠤᠨ ᠲᠣᠲᠣᠷᠠᠬᠢ ᠨᠢᠭᠡᠨ ᠠᠶᠢᠮᠠᠭ ᠶᠣᠮ᠂ ᠮᠠᠨᠵᠦ ᠶᠢᠨ ᠦᠶ᠎ᠡ ᠳᠤ ᠶᠦᠡᠭᠰᠢᠶᠡᠪᠦ ︵云需府︶ ᠳᠤ ᠬᠠᠷᠢᠶᠠᠯᠠᠭᠳᠠᠨ ᠳᠠᠬᠢᠭᠠᠳ ᠪᠣᠷᠣ ᠲᠣᠬᠤᠢ ᠶᠢᠨ ᠬᠠᠨᠭ᠍ᠭᠢᠨ ᠳᠤ ᠨᠣᠲᠣᠭᠰᠢᠵᠦ᠂ ᠣᠳᠣ ᠣᠷᠳᠣᠰ ᠪᠠᠶᠠᠨᠨᠠᠭᠤᠷ ᠲᠤ ︽魏︾ ᠣᠪᠣᠭ ᠲᠠᠢ ᠬᠦᠮᠦᠰ ᠶᠡᠭᠡ ᠣᠯᠠᠨ ᠪᠣᠢ᠂ ᠭᠠᠭᠴᠠᠬᠠᠨ ᠪᠠᠶᠠᠨᠨᠠᠭᠤᠷ ᠤᠨ ᠣᠷᠠᠳ ᠤᠨ ᠬᠤᠶᠢᠲᠦ ᠬᠤᠰᠢᠭᠤᠨ ᠤ ᠬᠦᠪᠴᠢ ᠰᠣᠮᠣᠨ ᠤ ᠪᠠᠶᠠᠨᠩᠭᠤᠪᠢ ᠭᠠᠴᠠᠭᠠᠨ ᠳᠤ 30 —40 ᠡᠷᠦᠬᠡ ᠦᠢᠭᠤᠳ ᠣᠪᠣᠭ ᠪᠣᠢ᠃ ᠮᠠᠨᠵᠦ ᠴᠢᠩ ᠤᠨ ᠬᠤᠰᠢᠭᠤ ᠳᠦᠷᠢᠮ ᠢᠶᠠᠷ ᠭᠡᠰᠡᠭᠯᠡᠨ ᠵᠠᠬᠢᠷᠠᠬᠤ ᠳᠦᠷᠢᠮ ᠨᠢ ᠮᠣᠩᠭᠤᠯ ᠦᠨᠳᠦᠰᠦᠲᠡᠨ ᠢ ᠵᠠᠬᠢᠷᠬᠤ ᠪᠦᠲᠦᠮᠵᠢᠲᠠᠢ ᠠᠷᠭ᠎ᠠ ᠪᠠᠶᠢᠪᠠ ︵ᠶᠣᠸᠠᠨ ᠤ ᠰᠡᠭᠦᠯᠴᠢ ᠦᠶ᠎ᠡ ᠶᠢᠨ ᠮᠣᠩᠭᠤᠯ ᠨᠢ᠂ ᠵᠡᠭᠦᠨ ᠮᠣᠩᠭᠤᠯ᠂ ᠣᠷᠢᠶᠠᠩᠬᠠᠢ ᠮᠣᠩᠭᠤᠯ᠂ ᠪᠠᠷᠠᠭᠤᠨ ᠮᠣᠩᠭᠤᠯ ᠭᠡᠵᠦ ᠭᠤᠷᠪᠠ ᠬᠤᠪᠢᠶᠠᠭᠳᠠᠭᠰᠡᠨ ᠶᠠᠪᠣᠳᠠᠯ ᠨᠢ᠂ ᠮᠠᠨᠵᠦ ᠴᠢᠩ ᠤᠨ ᠬᠤᠰᠢᠭᠤ ᠪᠣᠯᠭᠠᠨ ᠭᠡᠰᠡᠭᠯᠡᠨ ᠵᠠᠬᠢᠷᠣᠬᠤ ᠳᠤ ᠨᠢ ᠨᠦᠬᠦᠴᠡᠯ ᠪᠣᠯᠵᠦ ᠪᠦᠷᠢᠯᠳᠦᠨ᠂ ᠲᠡᠭᠦᠨ ᠤ ᠵᠠᠬᠢᠷᠣᠨ ᠬᠠᠮᠢᠶᠠᠷᠠᠬᠤ ᠳᠤ ᠨᠢ ᠶᠡᠭᠡ ᠳᠦᠭᠦᠮ ᠪᠣᠯᠣᠭᠰᠡᠨ ᠶᠣᠮ︶᠃ ᠮᠠᠨᠵᠦ ᠨᠢ ᠮᠣᠩᠭᠤᠯ ᠤᠨ ᠨᠡᠭᠦᠳᠡᠯ ᠮᠠᠯᠵᠢᠯ ᠪᠠ ᠠᠡᠭ ᠭᠦᠷᠦᠭᠡ ᠬᠢᠬᠦ ᠶᠢ ᠰᠠᠶᠢᠨ ᠮᠡᠳᠡᠬᠦ ᠪᠠᠷ ᠪᠠᠷᠠᠬᠤ ᠦᠭᠡᠢ᠂ ᠬᠢᠲᠠᠳ ᠤᠨ ᠭᠠᠵᠠᠷ ᠬᠠᠭᠠᠯᠠᠨ ᠬᠠᠰᠢᠶᠠᠯᠠᠵᠦ ᠠᠮᠢᠳᠣᠷᠠᠬᠤ ᠪᠠᠶᠢᠳᠠᠯ ᠢ ᠴᠦ ᠰᠠᠶᠢᠨ ᠦᠢᠯᠠᠭᠠᠳᠠᠭ ᠣᠴᠢᠷ ᠠᠴᠠ ᠬᠢᠲᠠᠳ ᠮᠣᠩᠭᠤᠯ ᠬᠤᠶᠠᠷ ᠦᠨᠳᠦᠰᠦᠲᠡᠨ ᠢ ᠭᠤᠷᠪᠠᠨ ᠵᠠᠭᠤ ᠢᠯᠡᠭᠦᠦ ᠵᠢᠯ ᠡᠵᠡᠩᠨᠡᠬᠦ ᠳᠡᠭᠡᠨ ᠬᠠᠷᠢ ᠶᠢ ᠬᠠᠷᠢ ᠪᠠᠷ ᠮᠦᠬᠦᠭᠡᠬᠦ ᠠᠷᠭ᠎ᠠ ᠪᠠᠨ ᠶᠡᠷᠣᠨᠢ ᠵᠣᠭᠰᠣᠭᠰᠡᠨ ᠦᠭᠡᠢ ᠶᠣᠮ᠂ ᠭᠡᠪᠡᠴᠦ ᠰᠠᠶᠢᠨ ᠰᠠᠨᠠᠭᠠᠨ ᠤ ᠦᠵᠦᠭᠦᠷ ᠲᠤ ᠰᠦ᠂ ᠮᠠᠭᠤ ᠰᠠᠨᠠᠭᠠᠨ ᠤ ᠦᠵᠦᠭᠦᠷ ᠲᠤ ᠬᠦ᠋ ᠭᠡᠳᠡᠭ ᠢᠶᠠᠷ᠂ ᠡᠷᠭᠢᠭᠦᠦ ᠰᠢᠳᠡᠮ ᠡᠵᠡᠨ ᠳᠡᠭᠡᠨ ᠭᠡᠳᠡᠭᠴᠢᠯᠡᠨ ᠡᠴᠣᠰ ᠲᠡᠭᠡᠨ ᠦᠪᠡᠷ ᠤᠨ ᠪᠡᠶ᠎ᠡ ᠪᠠᠨ ᠪᠣᠯᠠᠰᠢᠯᠠᠪᠠ᠃ ᠲᠡᠣᠬᠡᠨ ᠬᠦᠭᠵᠢᠯᠲᠡ ᠪᠢᠳᠡᠨ  ᠳᠤ ᠭᠡᠷᠡᠴᠢᠯᠡᠭᠰᠡᠨ ᠨᠢ᠂ ᠲᠡᠣᠬᠡ ᠪᠣᠯ ᠬᠡᠵᠢᠶᠡᠳᠡ ᠪᠠᠨ ︽ᠦᠶᠡᠷ ᠤᠨ ᠵᠠᠮ︾ ᠮᠡᠲᠦ ᠭᠡᠴᠢᠨᠡᠨ ᠵᠠᠭᠤᠨ ᠵᠢᠯ ᠡᠰᠡᠬᠦᠯ᠎ᠡ ᠬᠡᠳᠣᠨ ᠮᠢᠩᠭᠠᠨ ᠵᠢᠯ ᠪᠣᠯᠣᠭᠰᠡᠨ ᠴᠦ ᠠᠲᠣᠭᠠᠢ᠂ ᠲᠡᠷᠡ ᠨᠢ ᠵᠠᠪᠠᠯ ᠮᠦᠨ ᠣᠭ ᠵᠠᠮ ᠢᠶᠠᠷ ᠢᠶᠠᠨ᠂ ᠦᠨᠡᠨ ᠢᠶᠠᠷ ᠢᠶᠠᠨ ᠶᠠᠪᠣᠨ᠎ᠠ᠂ ᠬᠡᠨ ᠴᠦ ᠬᠤᠷᠢᠭᠯᠠᠵᠦ ᠬᠤᠪᠢᠷᠠᠭᠠᠵᠦ ᠳᠡᠶᠢᠯᠬᠦ ᠦᠭᠡᠢ ᠶᠣᠮ᠂ ᠦᠭᠡᠷ᠎ᠡ ᠪᠠᠷ ᠬᠡᠯᠡᠪᠡᠯ ᠂ ᠦᠪᠡᠷ ᠤᠨ ᠢᠶᠠᠨ ᠵᠢᠮ᠎ᠡ ᠶᠣᠰᠦ ᠪᠠᠷ ᠢᠶᠠᠨ ᠬᠦᠭᠵᠢᠳᠡᠭ᠃ ᠮᠢᠩ ᠴᠢᠩ ᠤᠨ ᠲᠡᠣᠬᠡᠴᠢᠳ ᠤᠨ ᠣᠯᠠᠩᠬᠢ ᠨᠢ ᠴᠦᠭᠡᠨ ᠲᠣᠭᠠᠲᠦ ᠦᠨᠳᠦᠰᠦᠲᠡᠨ᠂ ᠢᠯᠠᠩᠭᠤᠶ᠎ᠠ ᠮᠣᠩᠭᠤᠯ ᠬᠦᠮᠦᠨ ᠤ ᠲᠡᠣᠬᠡ ᠶᠢ ᠭᠠᠵᠢᠭᠤᠳᠠᠭᠤᠯᠣᠨ ᠪᠢᠴᠢᠵᠦ᠂ ᠮᠣᠩᠭᠤᠯ ᠦᠨᠳᠦᠰᠦᠲᠡᠨ ᠢ ᠠᠯᠠᠵᠦ ᠪᠣᠯᠠᠬᠤ ᠨᠦᠵᠢᠳᠯᠡᠬᠦ ᠠᠴᠠ ᠦᠭᠡᠷ᠎ᠡ ᠶᠠᠭᠤ ᠴᠦ ᠬᠢᠭᠰᠡᠨ ᠦᠭᠡᠢ ᠭᠡᠬᠦ ᠮᠡᠲᠦ ᠣᠬᠠᠭᠤᠯᠳᠠᠭ᠃ ᠦᠨᠡᠨ ᠳᠡᠭᠡᠨ ᠢᠡᠭᠬᠢᠵᠦ ᠬᠡᠯᠡᠵᠦ ᠬᠢᠵᠦ᠂ ᠦᠵᠡᠵᠦ ᠪᠠᠶᠢᠭ᠎ᠠ ᠠᠳᠠᠭ ᠤᠨ ᠬᠦᠮᠦᠰ ᠨᠢᠭᠡ ᠶᠠᠭᠤᠮ᠎ᠠ  ᠶᠢ ᠮᠠᠷᠳᠠᠴᠢᠬᠠᠵᠠᠢ᠄ ᠣᠳᠣ ᠶᠢᠨ ᠲᠣᠰ ᠪᠡᠶᠡᠨ ᠳᠤ ᠴᠢᠨᠢ ᠲᠣᠬᠢᠶᠠᠯᠳᠣᠵᠦ ᠪᠠᠶᠢᠭ᠎ᠠ ᠡᠳᠣᠷ ᠪᠣᠯᠭᠠᠨ ᠤ ᠴᠠᠭ ᠮᠦᠴᠡ  ᠲᠠᠢ ᠠᠳᠠᠯᠢ᠂ ᠲᠡᠣᠬᠡ ᠨᠢᠭᠡ ᠡᠳᠣᠷ ᠴᠦ ᠭᠡᠰᠡᠨ ᠵᠣᠭᠰᠣᠯ ᠦᠭᠡᠢ ᠣᠷᠣᠭᠰᠢ ᠪᠠᠨ ᠬᠦᠭᠵᠢᠳᠡᠭ ᠵᠢᠮ᠎ᠡ ᠶᠣᠰᠦ ᠲᠠᠢ ᠪᠢᠯᠡ᠃ ᠬᠡᠷᠪᠡ ᠮᠣᠩᠭᠤᠯ ᠤᠨ ᠲᠦᠷᠦ ᠨᠢ ᠲᠡᠳᠡᠨ ᠤ ᠬᠡᠯᠡᠳᠡᠭ ᠰᠢᠭ ᠬᠤᠶᠢᠰᠢ ᠪᠠᠨ ᠣᠬᠤᠷᠢᠭᠠᠳ ᠪᠠᠶᠢᠭᠰᠡᠨ ᠪᠣᠯ ᠂ ᠵᠠᠭᠤ ᠭᠠᠷᠣᠢ ᠵᠢᠯ ᠤᠨ ᠬᠤᠭᠤᠷᠣᠨᠳᠦ ᠮᠣᠩᠭᠤᠯ ᠤᠨ ᠬᠦᠴᠦᠨ ᠳᠤ ᠰᠠᠭᠤᠷᠢᠯᠠᠭᠰᠡᠨ ᠡᠨᠡᠬᠦ ᠳᠣᠮᠳᠠᠳᠣ ᠶᠢᠨ ᠲᠡᠣᠬᠡ ᠶᠠᠮᠠᠷ ᠪᠠᠶᠢᠭᠰᠡᠨ ᠪᠣᠯ ᠳ᠋ᠠ︖ ᠣᠳᠣᠬᠢ ᠬᠦᠮᠦᠰ ᠤᠨ ᠭᠦᠷᠲᠡᠭᠡ ᠪᠣᠯᠪᠠᠰᠣᠨ ᠰᠣᠶᠣᠯ ᠰᠣᠷᠲᠠᠯ ᠠᠴᠠ ᠪᠠᠨ ᠨᠠᠷᠢᠪᠴᠢᠯᠠᠨ ᠪᠣᠳᠣᠯᠬᠢᠯᠠᠪᠠᠯ᠂ ᠡᠳᠡᠭᠡᠷ ᠦᠭᠡ ᠶᠢ ᠬᠡᠯᠡᠵᠦ ᠪᠣᠢ ᠬᠦᠮᠦᠰ ᠶᠠᠮᠠᠷᠬᠠᠨ ᠰᠢᠣᠬᠠᠨ ᠮᠡᠳᠡᠯᠭᠡ ᠦᠭᠡᠢ ᠪᠠᠶᠢᠳᠠᠭ ᠭᠡᠳᠡᠭ ᠨᠢ ᠦᠨᠡᠭᠡᠷ ᠢᠨᠢᠶᠡᠳᠣᠮᠲᠠᠢ᠃ ᠬᠦᠮᠦᠨ ᠨᠢ ᠬᠦᠮᠦᠨ ᠤ ᠨᠡᠶᠢᠭᠡᠮ ᠠᠴᠠ ᠰᠠᠯᠵᠦ ᠳᠡᠶᠢᠯᠬᠦ ᠦᠭᠡᠢ  ᠲᠠᠢ ᠠᠳᠠᠯᠢ᠂ ᠣᠯᠣᠰ ᠣᠷᠣᠨ ᠴᠦ ᠳᠡᠯᠡᠬᠡᠢ ᠶᠢᠨ ᠪᠣᠰᠣᠳ ᠬᠦᠷᠦᠨ ᠠᠴᠠ ᠠᠰᠳᠠᠭᠠᠨ ᠲᠣᠭᠲᠠᠨᠢᠵᠦ ᠳᠡᠶᠢᠯᠬᠦ ᠦᠭᠡᠢ ᠶᠣᠮ᠃ ᠠᠳᠠᠯᠢᠬᠠᠨ ᠴᠠᠭ ᠦᠶ᠎ᠡ ᠳᠤ ᠣᠷᠣᠰᠢᠵᠦ ᠪᠠᠶᠢᠲᠠᠯ᠎ᠠ ᠪᠠᠨ ᠬᠡᠨ ᠨᠢ ᠶᠠᠮᠠᠷ ᠭᠡᠳᠡᠭ ᠢ ᠪᠦᠭᠦᠳᠡᠭᠡᠷ ᠨᠢᠳᠦ ᠪᠠᠷ ᠢᠶᠠᠨ ᠣᠯᠵᠦ ᠦᠵᠡᠬᠦ ᠨᠢ ᠯᠠᠪᠲᠠᠢ᠃ ᠮᠦᠨ ᠡᠨᠡ ᠶᠣᠰᠦ ᠪᠠᠷ ᠮᠣᠩᠭᠤᠯ ᠬᠦᠮᠦᠨ ᠤ ᠲᠡᠣᠬᠡᠨ ᠳᠤ ᠴᠣᠭᠴᠠᠯᠠᠭᠰᠡᠨ ᠣᠯᠠᠨ ᠠᠷᠪᠢᠨ ᠭᠠᠶᠢᠬᠠᠮᠰᠢᠭ ᠢ ᠪᠦᠷ ᠯᠠ ᠴᠢ ᠮᠡᠳᠡᠷᠡᠬᠦ ᠦᠭᠡᠢ ᠴᠦ ᠭᠡᠰᠡᠨ ᠳᠡᠯᠡᠬᠡᠢ ᠶᠢᠨ ᠬᠦᠮᠦᠰ ᠭᠡᠷᠡᠴᠢᠯᠡᠭᠰᠡᠭᠡᠷ ᠢᠷᠡᠭᠰᠡᠨ᠃ ᠠᠷᠢᠯᠵᠢᠶ᠎ᠠ ᠶᠢ ᠮᠣᠩᠭᠤᠯ ᠬᠦᠮᠦᠨ ᠵᠠᠬᠠᠴᠢᠯᠠᠵᠦ ᠰᠢᠰᠲ᠋ᠧᠮᠯᠡᠨ ᠰᠠᠶᠢᠨ ᠠᠬᠢᠭᠤᠯᠣᠭᠰᠡᠨ  ᠠᠴᠠ ᠡᠩᠭᠧᠯᠡᠰ ᠤᠨ ᠬᠡᠯᠡᠭᠰᠡᠨ ᠮᠡᠲᠦ ᠪᠠᠷ ᠮᠣᠩᠭᠤᠯ ᠭᠦᠷᠦᠨ ᠤ ᠦᠶ᠎ᠡ ᠳᠤ ᠱᠠᠩᠬᠠᠢ ᠵᠡᠷᠭᠡ ᠬᠤᠲᠠᠳ ᠪᠣᠢ ᠪᠣᠯᠣᠭᠰᠡᠨ ᠰᠢᠦ ᠳ᠋ᠠ᠃ ᠣᠳᠣ ᠶᠢᠨ ᠬᠡᠯᠡᠵᠦ ᠪᠠᠶᠢᠭ᠎ᠠ ︽ᠨᠢᠭᠡ ᠪᠦᠰᠡ ᠨᠢᠭᠡ ᠵᠠᠮ︾ ᠭᠡᠳᠡᠭ ᠤᠨ ᠴᠢᠨᠢ ᠨᠢᠭᠡ ᠵᠠᠮ  ᠢ ᠦᠢᠷᠠᠳ ︵ᠦᠭᠡᠯᠡᠳ︶ ᠮᠣᠩᠭᠤᠯ ᠴᠣᠬᠤᠮ ᠬᠦ ᠬᠦᠭᠵᠢᠭᠦᠯᠵᠦ᠂ ᠣᠳᠣ ᠶᠢᠨ ᠦᠷᠦᠨᠡᠳᠠᠬᠢᠨ ᠠᠴᠠ ᠳᠣᠮᠳᠠᠳᠣ ᠬᠦᠷᠬᠦ ︽ᠲᠣᠷᠭᠠᠨ ᠵᠠᠮ︾ ᠢ ᠨᠡᠭᠡᠭᠡᠨ ᠭᠠᠯᠲᠦ ᠫᠣᠣ ᠢ ᠣᠷᠣᠭᠤᠯᠵᠦ᠂ ᠬᠦᠢᠲᠡᠨ ᠵᠡᠪᠰᠡᠭ ᠤᠨ ᠴᠠᠭ ᠦᠶ᠎ᠡ ᠶᠢ ᠦᠳᠡᠭᠰᠡᠨ ᠶᠣᠮ᠃ ᠡᠨᠡ ᠨᠢ ᠴᠦ ᠪᠣᠳᠠᠳᠠᠢ ᠭᠡᠷᠡᠴᠢ ᠪᠣᠯᠬᠤ ᠶᠢ ᠭᠠᠳᠠᠭᠠᠳᠣ ᠲᠣᠲᠣᠭᠠᠲᠣ ᠶᠢᠨ ᠲᠡᠣᠬᠡᠨ ᠲᠡᠮᠳᠡᠭᠯᠡᠯ  ᠤᠨ ᠨᠣᠮ ᠰᠣᠳᠣᠷ ᠲᠤ ᠲᠡᠮᠳᠡᠭᠯᠡᠵᠦ ᠪᠣᠢ᠃ ᠵᠡᠭᠦᠯᠲᠡ᠄ ⑴ ᠪ᠊᠂ ᠪᠠᠭᠠᠨ᠎ᠠ ᠶᠢᠨ ᠬᠢᠨᠡᠨ ᠬᠠᠷᠭᠤᠭᠤᠯᠵᠦ ᠲᠠᠶᠢᠯᠪᠦᠷᠢᠯᠠᠭᠰᠡᠨ ︽ᠠᠰᠠᠷᠠᠭᠴᠢ ᠨᠡᠷᠡᠲᠦ ᠶᠢᠨ ᠲᠡᠣᠬᠡ︾ 278 ᠨᠢᠭᠤᠷ ᠤᠨ 193 ᠵᠣᠷᠪᠣᠰ᠂ 1984 ᠣᠨ ᠤ ᠬᠡᠪᠯᠡᠯ᠂ ⑵ ᠳ᠋ᠠᠮᠪᠠ ᠶᠢᠨ ︽ᠮᠣᠩᠭᠤᠯ ᠲᠡᠣᠬᠡ ᠶᠢᠨ ᠰᠣᠳᠣᠯᠣᠯ︾᠂ ᠦᠪᠦᠷ ᠮᠣᠩᠭᠤᠯ ᠤᠨ ᠶᠡᠭᠡ ᠰᠣᠷᠭᠠᠭᠤᠯᠢ ᠶᠢᠨ ᠬᠡᠪᠯᠡᠯ ᠤᠨ ᠬᠤᠷᠢᠶ᠎ᠠ᠂ 143 ᠨᠢᠭᠤᠷ -163 ᠨᠢᠭᠤᠷ᠂ ⑶①② ᠣᠷᠠᠨ ᠨᠠᠶᠢᠷᠠᠭᠤᠯᠣᠨ ᠵᠣᠬᠢᠶᠠᠭᠰᠡᠨ ︽ᠮᠣᠩᠭᠤᠯ ᠦᠨᠳᠦᠰᠦᠲᠡᠨ ᠤ ᠡᠷᠲᠡᠨ ᠤ ᠲᠡᠣᠬᠡ︾᠂ 1999 ᠣᠨ ᠤ 9 ᠰᠠᠷ᠎ᠠ ᠦᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ 201—208 ᠨᠢᠭᠤᠷ᠂ ⑷ ᠲᠠᠶᠠᠮᠠ ᠰᠢᠭᠸᠢᠢᠷᠦ ᠵᠣᠬᠢᠶᠠᠵᠦ ᠪᠣᠶᠠᠨᠳᠡᠯᠭᠡᠷ ᠮᠣᠩᠭᠤᠯᠴᠢᠯᠠᠭᠰᠡᠨ ︽ᠴᠢᠩ ᠣᠯᠣᠰ ᠤᠨ ᠦᠶ᠎ᠡ ᠳᠠᠬᠢ ᠮᠣᠩᠭᠤᠯᠴᠣᠳ ᠤᠨ ᠨᠡᠶᠢᠭᠡᠮ ᠤᠨ ᠪᠠᠶᠢᠭᠤᠯᠣᠯ︾ 158 — 160 ᠨᠢᠭᠤᠷ᠂ 1988 ᠣᠨ ᠤ ᠬᠡᠪᠯᠡᠯ᠂                   ᠠᠯᠲᠠᠨᠪᠠᠭᠠᠨ᠎ᠠ ᠮᠠᠲ᠋ᠧᠷᠢᠶᠠᠯ ᠬᠠᠩᠭᠠᠪᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号