ᠠᠯᠠᠱᠠ ᠲᠠᠮᠠᠭ᠎ᠠ ᠶᠢᠨ ᠶᠠᠮᠤᠨ
ᠨᠡᠶᠢᠲᠡᠯᠡᠭᠰᠡᠨ ᠴᠠᠭ᠄
2019/10/14
ᠲᠠᠮᠠᠭ᠎ᠠ ᠶᠢᠨ ᠶᠠᠮᠤᠨ ᠭᠡᠳᠡᠭ ᠨᠢ ᠳᠠᠷᠤᠢ ᠬᠤᠰᠢᠭᠤᠨ ᠤ ᠵᠠᠰᠠᠭ ᠤᠨ ᠣᠷᠳᠣᠨ ᠪᠣᠯᠣᠨ᠎ᠠ᠃ ᠲᠡᠷᠡ ᠨᠢ ᠵᠠᠰᠠᠭ ᠤᠨ ᠶᠠᠪᠤᠳᠠᠯ ᠤᠨ ᠭᠠᠵᠠᠷ᠂ ᠨᠠᠷᠢᠨ ᠪᠢᠴᠢᠭ ᠤᠨ ᠭᠠᠵᠠᠷ᠂ ᠴᠠᠭᠳᠠᠨ ᠪᠠᠶᠢᠴᠠᠭᠠᠬᠤ ᠬᠤᠷᠢᠶ᠎ᠠ᠂ ᠬᠡᠷᠡᠭ ᠰᠢᠢᠳᠭᠡᠬᠦ ᠲᠢᠩᠬᠢᠮ ᠂ ᠴᠡᠷᠢᠭ ᠤᠨ ᠬᠤᠷᠢᠶ᠎ᠠ᠂ ᠬᠤᠰᠢᠭᠤ ᠰᠠᠩ᠂ ᠴᠡᠷᠢᠭ ᠰᠠᠩ ᠵᠡᠷᠭᠡ ᠳᠣᠯᠣᠭᠠᠨ ᠰᠠᠯᠠᠭ᠎ᠠ ᠡᠷᠬᠡᠲᠦ ᠪᠠᠶᠢᠭᠤᠯᠤᠮᠵᠢ ᠪᠠᠷ ᠪᠦᠷᠢᠯᠳᠦᠭᠰᠡᠨ ᠪᠠᠶᠢᠳᠠᠭ᠃ 1949 ᠣᠨ ᠪᠣᠯᠬᠤ ᠳᠤ ᠤᠤᠯ ᠤᠨ ᠬᠤᠶᠠᠷ ᠰᠠᠩ ᠢ ᠬᠠᠮᠲᠤᠷᠠᠭᠤᠯᠵᠤ ᠡᠳ᠋ ᠤᠨ ᠵᠠᠰᠠᠭ ᠤᠨ ᠭᠠᠵᠠᠷ ᠪᠣᠯᠭᠠᠭᠰᠠᠨ ᠪᠠ ᠰᠤᠷᠭᠠᠨ ᠬᠥᠮᠥᠵᠢᠯ ᠤᠨ ᠭᠠᠵᠠᠷ ᠭᠡᠳᠡᠭ ᠢ ᠰᠢᠨ᠎ᠡ ᠪᠠᠷ ᠪᠠᠶᠢᠭᠤᠯᠵᠤ᠂ ᠳᠥᠷᠪᠡᠨ ᠭᠠᠵᠠᠷ ᠲᠠᠢ ᠪᠣᠯᠭᠠᠭᠠᠳ ᠲᠣᠰ ᠲᠣᠰ ᠲᠤᠨᠢ ᠵᠢᠩᠬᠢᠨᠢ ᠪᠠ ᠳᠡᠳ᠋ ᠡᠷᠬᠢᠯᠡᠭᠴᠢ ᠶᠢ ᠲᠣᠮᠢᠯᠠᠨ ᠬᠠᠷᠢᠭᠤᠴᠠᠭᠤᠯᠵᠠᠢ᠃ ᠮᠠᠨᠵᠤ ᠴᠢᠩ ᠤᠨ ᠦᠶ᠎ᠡ ᠠᠴᠠ ᠡᠬᠢᠯᠡᠵᠦ᠂ ᠪᠦᠬᠦ ᠬᠤᠰᠢᠭᠤᠨ ᠤ ᠠᠯᠪᠠᠲᠤ ᠬᠠᠷᠢᠶᠠᠲᠤ ︵ᠢᠵᠠᠭᠤᠷᠲᠠᠨ ᠬᠤᠳᠤᠭᠲᠠᠨ ᠤ ᠠᠯᠪᠠᠲᠤ ᠱᠠᠪᠢᠨᠠᠷ ᠪᠠᠭᠲᠠᠬᠤ ᠦᠭᠡᠢ︶ ᠶᠢ 8 ᠰᠤᠮᠤ᠂ 36 ᠪᠠᠭ ᠢᠶᠠᠷ ᠨᠢᠭᠡᠴᠡᠯᠡᠵᠦ᠂ ᠲᠣᠭᠤᠷᠢᠯᠭ᠎ᠠ ᠬᠤᠪᠢᠶᠠᠨ ᠵᠠᠬᠢᠷᠴᠤ᠂ ᠬᠢᠯᠢ ᠵᠠᠬ᠎ᠠ ᠣᠷᠣᠨ ᠳᠤ ᠲᠦᠰᠢᠮᠡᠳ ᠲᠣᠮᠢᠯᠠᠨ ᠵᠠᠬ᠎ᠠ ᠶᠢᠨ ᠬᠡᠷᠡᠭ ᠢ ᠰᠢᠢᠳᠬᠡᠭᠦᠯᠵᠦ᠂ ᠬᠤᠯᠠᠭᠠᠢ ᠳᠡᠭᠡᠷᠡᠮ ᠢ ᠴᠠᠭᠳᠠᠨ ᠰᠡᠷᠭᠡᠶᠢᠯᠡᠭᠦᠯᠵᠦ᠂ ᠤᠰᠤ ᠡᠪᠡᠰᠦᠨ ᠤ ᠲᠦᠷᠢᠯᠭᠡ ᠬᠤᠷᠢᠶᠠᠯᠭᠠᠬᠤ ᠪᠠᠷ 44 ᠬᠠᠷᠠᠭᠤᠯ ᠦᠷᠲᠡᠭᠡ ᠪᠠᠶᠢᠭᠤᠯᠤᠨ ᠴᠡᠷᠢᠭ ᠢᠶᠠᠷ ᠴᠠᠭᠳᠠᠵᠤ ᠪᠠᠶᠢᠪᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号