ᠠᠯᠠᠱᠠ ᠲᠠᠮᠠᠭ᠎ᠠ ᠶᠢᠨ ᠶᠠᠮᠤᠨ ᠤ ᠲᠤᠰᠢᠶᠠᠯᠲᠠᠳ
ᠨᠡᠶᠢᠲᠡᠯᠡᠭᠰᠡᠨ ᠴᠠᠭ᠄
2019/10/14
ᠬᠤᠰᠢᠭᠤᠨ ᠤ ᠸᠠᠩ ᠪᠣᠯ ᠦᠶ᠎ᠡ ᠤᠯᠠᠷᠢᠨ ᠵᠠᠯᠭᠠᠮᠵᠢᠯᠠᠳᠠᠭ ᠲᠤᠯᠠ ᠯᠦᠸᠧ ᠣᠪᠣᠭᠲᠤ ᠨᠣᠶᠠᠨ ᠢᠵᠠᠭᠤᠷᠲᠠᠨ ᠮᠦᠨ ᠃ ᠲᠡᠭᠦᠨ ᠤ ᠰᠢᠲᠠᠷ ᠰᠠᠶᠢᠳ ᠲᠤ ᠬᠤᠰᠢᠭᠤ ᠲᠤᠰᠠᠯᠠᠭᠴᠢ ᠨᠢᠭᠡ ᠨᠡᠷ᠎ᠡ ᠪᠠᠶᠢᠳᠠᠭ ᠢ ᠶᠡᠭᠡ ᠲᠤᠰᠠᠯᠠᠭᠴᠢ ᠭᠡᠵᠦ ᠳᠠᠭᠤᠳᠠᠳᠠᠭ᠃ ᠲᠤᠰᠠᠯᠠᠭᠴᠢ ᠶᠢᠨ ᠨᠠᠷ᠎ᠡ ᠶᠢ ᠤᠷᠢᠳ ᠠᠴᠠ ᠲᠡᠮᠳᠡᠭᠯᠡᠭᠰᠡᠨ ᠲᠤᠰᠠᠯᠠᠭᠴᠢ ᠨᠢᠭᠡ ᠨᠡᠷ᠎ᠡ ᠪᠠᠶᠢᠳᠠᠭ ᠢ ᠪᠠᠭ᠎ᠠ ᠲᠤᠰᠠᠯᠠᠭᠴᠢ ᠭᠡᠳᠡᠭ᠃ ᠶᠡᠭᠡ ᠲᠤᠰᠠᠯᠠᠭᠴᠢ ᠦᠭᠡᠢ ᠬᠤᠭᠤᠴᠠᠭᠠᠨ ᠳᠤ ᠪᠠᠭ᠎ᠠ ᠲᠤᠰᠠᠯᠠᠭᠴᠢ ᠨᠢ ᠲᠤᠰᠢᠶᠠᠯ ᠢ ᠣᠷᠣᠯᠠᠨ ᠵᠠᠰᠠᠭ ᠢ ᠵᠠᠬᠢᠷᠳᠠᠭ᠃ ᠲᠤᠰᠠᠯᠠᠭᠴᠢ ᠶᠢᠨ ᠲᠤᠰᠢᠶᠠᠯ ᠳᠤ ᠲᠣᠮᠢᠯᠠᠬᠤ ᠬᠥᠮᠥᠨ ᠢ ᠢᠵᠠᠭᠤᠷᠲᠠᠨ ᠤ ᠳᠣᠲᠣᠷ᠎ᠠ ᠠᠴᠠ ᠨᠡᠷ᠎ᠡ ᠵᠢᠱᠢᠨ ᠳᠡᠭᠡᠭᠰᠢ ᠡᠷᠭᠦᠨ ᠮᠡᠳᠡᠭᠦᠯᠵᠦ᠂ ᠭᠠᠳᠠᠭᠠᠳᠤ ᠮᠣᠩᠭᠤᠯ ᠤᠨ ᠲᠦᠷᠤ ᠶᠢ ᠵᠠᠰᠠᠬᠤ ᠶᠠᠪᠤᠳᠠᠯ ᠤᠨ ᠶᠠᠮᠤᠨ ᠠᠴᠠ ᠬᠢᠨᠠᠨ ᠲᠣᠮᠢᠯᠠᠳᠠᠭ᠃ ᠲᠤᠰᠠᠯᠠᠭᠴᠢ ᠶᠢᠨ ᠵᠡᠷᠭᠡ ᠳᠠᠭᠤᠳᠠᠯᠭ᠎ᠠ ᠶᠢᠨ ᠨᠡᠷᠡᠶᠢᠳᠦᠯ ᠳᠤ ᠤᠯᠤᠰ ᠤᠨ ᠲᠥᠰᠢᠶ᠎ᠡ ᠭᠦᠩ ᠡᠷᠬᠡ ᠵᠢᠨᠦᠩ ᠲᠤᠰᠠᠯᠠᠭᠴᠢ ×××᠂ ᠤᠯᠤᠰ ᠲᠤᠷ ᠲᠤᠰᠠᠯᠠᠬᠤ ᠭᠦᠩ ᠤᠨ ᠵᠡᠷᠭᠡ ᠴᠧᠩᠰᠢᠶᠠᠩ ᠲᠤᠰᠠᠯᠠᠭᠴᠢ ×××᠂ ᠡᠷᠬᠡ ᠰᠡᠴᠡᠨ ᠲᠤᠰᠠᠯᠠᠭᠴᠢ ᠲᠡᠷᠢᠭᠦᠨ ᠵᠡᠷᠭᠡ ᠲᠠᠶᠢᠵᠢ ×××᠂ ᠡᠷᠬᠡ ᠲᠦᠰᠢᠶᠡᠲᠤ ᠲᠤᠰᠠᠯᠠᠭᠴᠢ ᠲᠡᠷᠢᠭᠦᠨ ᠵᠡᠷᠭᠡ ᠲᠠᠶᠢᠵᠢ ×××᠂ ᠬᠢᠴᠢᠶᠡᠩᠭᠦᠢ ᠵᠢᠳᠬᠦᠯᠲᠦ ᠲᠤᠰᠠᠯᠠᠭᠴᠢ ᠲᠡᠷᠢᠭᠦᠨ ᠵᠡᠷᠭᠡ ᠲᠠᠶᠢᠵᠢ ××× ᠭᠡᠬᠦ ᠮᠡᠲᠤ ᠪᠣᠢ᠃ ᠲᠤᠰᠠᠯᠠᠭᠴᠢ ᠶᠢ ᠭᠠᠷᠭᠠᠪᠠᠯ ᠲᠠᠮᠠᠭ᠎ᠠ ᠶᠢᠨ ᠶᠠᠮᠤᠨ ᠤ ᠶᠡᠭᠡ ᠪᠠᠭ᠎ᠠ ᠵᠢᠩᠬᠢᠨᠢ ᠲᠣᠰᠢᠶᠠᠯᠲᠠᠨ 27 ᠨᠡᠷ᠎ᠡ ᠪᠠᠶᠢᠳᠠᠭ ᠪᠥᠭᠡᠳ ᠬᠤᠰᠢᠭᠤ ᠶᠢ ᠵᠠᠬᠢᠷᠤᠭᠴᠢ ᠵᠠᠩᠭᠢ᠂ ᠠᠷᠠᠭᠰᠢᠨ ᠵᠠᠬᠢᠷᠤᠭᠴᠢ ᠵᠠᠩᠭᠢ ᠲᠣᠰ ᠪᠦᠷᠢ ᠨᠢᠭᠡ ᠨᠡᠷ᠎ᠡ ᠪᠠᠶᠢᠵᠤ᠂ ᠲᠡᠳᠡ ᠴᠥᠮ ᠬᠠᠷᠠᠴᠤ ᠬᠥᠮᠥᠨ ᠪᠠᠶᠢᠬᠤ ᠶᠣᠰᠣᠲᠠᠢ᠃ ᠲᠡᠳᠡᠨᠦᠰ ᠸᠠᠩ ᠪᠣᠯᠣᠨ ᠲᠤᠰᠠᠯᠠᠭᠴᠢ ᠶᠢᠨ ᠵᠠᠬᠢᠷᠤᠯ ᠳᠣᠣᠷ᠎ᠠ᠂ ᠵᠠᠰᠠᠭ ᠵᠠᠰᠠᠯᠲᠠ᠂ ᠬᠠᠤᠯᠢ ᠴᠠᠭᠠᠵᠠ᠂ ᠴᠡᠷᠢᠭ ᠤᠨ ᠶᠠᠪᠤᠳᠠᠯ᠂ ᠡᠳ᠋ ᠤᠨ ᠵᠠᠰᠠᠭ ᠵᠡᠷᠭᠡ ᠶᠢ ᠬᠠᠮᠢᠶᠠᠷᠴᠤ᠂ ᠬᠤᠰᠢᠭᠤ ᠶᠢ ᠵᠠᠬᠢᠷᠤᠭᠴᠢ ᠵᠠᠩᠭᠢ ᠶᠢᠨ ᠡᠭᠡᠯᠵᠢᠨ ᠤ ᠠᠮᠠᠷᠠᠯᠲᠠ ᠬᠢᠬᠦ ᠬᠤᠭᠤᠴᠠᠭᠠᠨ ᠳᠤ ᠠᠷᠠᠭᠰᠢᠨ ᠵᠠᠬᠢᠷᠤᠭᠴᠢ ᠵᠠᠩᠭᠢ ᠲᠤᠰᠢᠶᠠᠯ ᠣᠷᠣᠯᠠᠨ ᠭᠦᠢᠴᠡᠳᠬᠡᠨ᠎ᠡ᠃ ᠬᠤᠰᠢᠭᠤ ᠮᠠᠶᠢᠷᠠᠨ ᠤ ᠵᠠᠩᠭᠢ᠂ ᠠᠷᠠᠭᠰᠢᠨ ᠮᠠᠶᠢᠷᠠᠨ ᠤ ᠵᠠᠩᠭᠢ ᠲᠣᠰ ᠪᠦᠷᠢ ᠨᠢᠭᠡ ᠨᠡᠷ᠎ᠡ ᠨᠢ ᠵᠠᠬᠢᠷᠤᠭᠴᠢ ᠵᠠᠩᠭᠢ ᠶᠢ ᠬᠠᠪᠰᠤᠷᠤᠨ ᠬᠤᠰᠢᠭᠤᠨ ᠤ ᠬᠡᠷᠡᠭ ᠢ ᠵᠠᠬᠢᠷᠤᠨ᠎ᠠ᠃ ᠵᠠᠯᠠᠨ ᠤ ᠠᠩᠭᠢ᠂ ᠠᠷᠠᠭᠰᠢᠨ ᠵᠠᠯᠠᠨ ᠤ ᠵᠠᠩᠭᠢ ᠲᠣᠰ ᠪᠦᠷᠢ ᠬᠤᠶᠠᠷ ᠨᠡᠷ᠎ᠡ ᠨᠢ ᠵᠠᠬᠢᠷᠤᠭᠴᠢ ᠵᠠᠩᠭᠢ ᠪᠣᠯᠣᠨ ᠮᠠᠶᠢᠷᠠᠨ ᠵᠠᠩᠭᠢ ᠶᠢᠨ ᠵᠠᠬᠢᠷᠤᠯ ᠳᠣᠣᠷ᠎ᠠ ᠨᠠᠢᠮᠠᠨ ᠰᠤᠮᠤᠨ ᠤ ᠵᠠᠩᠭᠢ ᠬᠡᠷᠡᠭ ᠶᠠᠪᠤᠳᠠᠯ ᠢ ᠬᠠᠮᠢᠶᠠᠷᠴᠤ᠂ ᠰᠤᠮᠤ ᠶᠢ ᠵᠡᠭᠦᠨ ᠪᠠᠷᠠᠭᠤᠨ ᠲᠣᠰ ᠪᠦᠷᠢ ᠳᠥᠷᠪᠡ ᠪᠠᠷ ᠬᠤᠪᠢᠶᠠᠨ ᠵᠠᠬᠢᠷᠴᠤ᠂ ᠲᠣᠰ ᠲᠣᠰ ᠲᠤᠨᠢ ᠵᠠᠯᠠᠨ ᠤ ᠵᠠᠩᠭᠢ ᠨᠢᠭᠡ ᠨᠡᠷ᠎ᠡ ᠪᠠᠷ ᠲᠤᠰᠢᠶᠠᠯ ᠬᠠᠷᠢᠭᠤᠴᠠᠭᠤᠯᠤᠨ᠎ᠠ᠃ ᠫᠠᠢ ᠳ᠋ᠠ ᠨᠢ ᠳ᠋ᠠ ᠨᠢᠭᠡ ᠨᠡᠷ᠎ᠡ ︵ᠵᠢᠭᠰᠠᠭᠠᠯ ᠤᠨ ᠳᠠᠷᠤᠭ᠎ᠠ︶᠂ ᠳᠦᠳᠦᠭᠡᠷ ᠵᠡᠷᠭᠡ ᠶᠢᠨ ᠫᠠᠢ ᠳ᠋ᠠ ᠨᠢ ᠳ᠋ᠠ ᠨᠢᠭᠡ ᠨᠡᠷ᠎ᠡ ︵ᠵᠢᠭᠰᠠᠭᠠᠯ ᠤᠨ ᠲᠦᠰᠢᠮᠡᠯ︶᠂ ᠲᠠᠪᠤᠳᠤᠭᠠᠷ ᠵᠡᠷᠭᠡ ᠶᠢᠨ ᠫᠠᠢ ᠳ᠋ᠠ ᠨᠢ ᠳ᠋ᠠ ᠨᠢᠭᠡ ᠨᠡᠷ᠎ᠡ᠂ ᠬᠦᠨᠳᠦ ᠪᠣᠱᠣᠭᠤ ᠨᠠᠢᠮᠠᠨ ᠨᠠᠷ᠎ᠡ ︵ᠨᠠᠢᠮᠠᠨ ᠲᠡᠮᠡᠭᠡᠲᠦ ᠭᠡᠵᠦ ᠴᠤ ᠬᠡᠯᠡᠳᠡᠭ︶ ᠪᠠᠶᠢᠳᠠᠭ᠃ ᠳᠠᠰᠬᠠᠯ ᠤᠨ ᠪᠢᠴᠢᠭᠡᠴᠢ ᠪᠠ ᠰᠤᠯᠠ ᠲᠤᠰᠢᠶᠠᠯ ᠤᠨ ᠬᠥᠮᠥᠨ ᠪᠠᠶᠢᠳᠠᠭ᠃ 1949 ᠣᠨ ᠤ ᠪᠦᠷᠢᠳᠬᠡᠯ ᠳᠤ᠂ ᠠᠷᠠᠭᠰᠢᠨ ᠲᠠᠶᠢᠵᠢ 5᠂ ᠠᠷᠠᠭᠰᠢᠨ ᠮᠠᠶᠢᠷᠠᠨ 19᠂ ᠠᠷᠠᠭᠰᠢᠨ ᠵᠠᠯᠠᠨ 11᠂ ᠠᠷᠠᠭᠰᠢᠨ ᠵᠠᠩᠭᠢ 23᠂ ᠠᠷᠠᠭᠰᠢᠨ ᠬᠦᠨᠳᠦ ᠪᠣᠱᠣᠭᠤ 25᠂ ᠪᠢᠴᠢᠭᠡᠴᠢ 33᠂ ᠲᠠᠮᠠᠭ᠎ᠠ ᠶᠢᠨ ᠪᠣᠱᠣᠭᠤ 4᠂ ᠳᠠᠰᠬᠠᠯ ᠤᠨ ᠪᠢᠴᠢᠭᠡᠴᠢ 35 ᠪᠠᠶᠢᠭᠰᠠᠨ ᠪᠠ ᠰᠤᠮᠤᠨ ᠳᠤ ᠰᠤᠮᠤᠨ ᠤ ᠵᠠᠩᠭᠢ ᠵᠢᠩᠬᠢᠨᠢ ᠪᠠ ᠳᠡᠳ᠋ ᠲᠣᠰ ᠪᠦᠷᠢ 4 ᠬᠥᠮᠥᠨ᠂ ᠬᠦᠨᠳᠦ ᠪᠣᠱᠣᠭᠤ ᠵᠢᠩᠬᠢᠨᠢ ᠪᠠ ᠳᠡᠳ᠋ ᠲᠣᠰ ᠪᠦᠷᠢ 4 ᠬᠥᠮᠥᠨ᠂ ᠳᠠᠩᠰᠠ ᠶᠢᠨ ᠪᠣᠱᠣᠭᠤ 49 ᠪᠠᠶᠢᠵᠦ᠂ ᠲᠡᠳᠡ ᠨᠠᠷ ᠪᠣᠱᠣᠭᠤ ᠪᠦᠷᠢ ᠳᠤ 20~30 ᠡᠷᠦᠬᠡ ᠶᠢ ᠵᠠᠬᠢᠷᠴᠤ᠂ ᠡᠷᠦᠬᠡ ᠠᠮᠠ ᠬᠠᠮᠢᠶᠠᠷᠬᠤ᠂ ᠴᠡᠷᠢᠭ ᠬᠤᠷᠢᠶᠠᠬᠤ᠂ ᠭᠠᠶᠢᠯᠢ ᠲᠦᠷᠢᠯᠭᠡ ᠲᠠᠲᠠᠪᠤᠷᠢᠯᠠᠬᠤ᠂ ᠤᠯᠠᠭ᠎ᠠ ᠪᠠᠷᠢᠬᠤ ᠪᠠ ᠠᠷᠠᠳ ᠤᠨ ᠬᠡᠷᠡᠭ ᠵᠠᠭᠤᠷᠠᠭᠠᠨ ᠢ ᠲᠠᠰᠤᠯᠤᠨ ᠰᠢᠢᠳᠬᠡᠳᠡᠭ ᠪᠠᠶᠢᠨ᠎ᠠ᠃ ᠸᠠᠩ ᠤᠨ ᠣᠷᠳᠣᠨ ᠳᠤ ᠶᠡᠷᠦᠩᠬᠡᠢ ᠵᠠᠬᠢᠷᠤᠭᠴᠢ ᠪᠠᠶᠢᠰᠠ ᠶᠢᠨ ᠳ᠋ᠠ ᠨᠢᠭᠡ ᠬᠥᠮᠥᠨ᠂ ᠳᠦᠳᠦᠭᠡᠷ ᠵᠡᠷᠭᠡ ᠶᠢᠨ ᠪᠠᠶᠢᠰᠠ ᠶᠢᠨ ᠳ᠋ᠠ ᠨᠢᠭᠡ ᠬᠥᠮᠥᠨ᠂ ᠲᠠᠪᠤᠳᠤᠭᠠᠷ ᠵᠡᠷᠭᠡ ᠶᠢᠨ ᠪᠠᠶᠢᠰᠠ ᠶᠢᠨ ᠳ᠋ᠠ ᠨᠢᠭᠡ ᠬᠥᠮᠥᠨ ᠪᠠᠶᠢᠵᠤ᠂ ᠸᠠᠩ ᠶᠢᠨ ᠣᠷᠳᠣᠨ ᠤ ᠬᠡᠷᠡᠭ ᠢ ᠲᠤᠰᠬᠠᠶᠢᠯᠠᠨ ᠬᠠᠮᠢᠶᠠᠷᠬᠤ ᠠᠴᠠ ᠪᠤᠰᠤ ᠵᠠᠰᠠᠭ ᠵᠠᠬᠢᠷᠭᠠᠨ ᠤ ᠬᠡᠷᠡᠭ ᠲᠤ ᠭᠠᠷ ᠳᠦᠷᠦᠬᠦ ᠦᠭᠡᠢ ᠳᠡᠭᠡᠷᠡᠬᠢ ᠡᠯ᠎ᠡ ᠲᠤᠰᠢᠶᠠᠯᠲᠠᠳ ᠤᠨ ᠵᠢᠰᠢᠶᠠᠯᠠᠨ ᠡᠭᠡᠯᠵᠢᠯᠡᠬᠦ ᠬᠤᠭᠤᠴᠠᠭᠠᠨ ᠳᠤ ᠴᠠᠯᠢᠩ ᠬᠥᠯᠥᠰᠦ ᠣᠯᠭᠤᠬᠤ ᠦᠭᠡᠢ ᠪᠥᠭᠡᠳ ᠬᠠᠮᠢᠶᠠᠷᠤᠯᠲᠠ ᠪᠠᠨ ᠴᠢᠩᠭᠠᠳᠬᠠᠬᠤ ᠶᠢᠨ ᠲᠥᠯᠥᠭᠡ ᠰᠠᠶᠢᠰᠢᠶᠠᠯᠲᠤ ᠢᠷᠦᠭᠡᠯᠲᠦ ᠶᠢᠨ ᠠᠷᠪᠠᠨ ᠳᠥᠷᠪᠡᠳᠦᠭᠡᠷ ᠣᠨ ︵1809 ᠣᠨ︶ ᠳᠤ ᠸᠠᠩ ᠤᠨ ᠵᠠᠷᠯᠢᠭ ᠶᠣᠰᠣᠭᠠᠷ ᠲᠡᠷᠢᠭᠦᠨ ᠳᠡᠳ᠋ ᠭᠡᠮᠡᠨ ᠬᠤᠶᠠᠷ ᠵᠢᠰᠢᠶ᠎ᠡ ᠪᠠᠷ ᠡᠭᠡᠯᠵᠢᠯᠡᠭᠦᠯᠦᠨ ᠰᠠᠭᠤᠯᠭᠠᠵᠤ ᠠᠯᠪᠠ ᠬᠠᠭᠠᠬᠤ ᠪᠣᠯᠭᠠᠭᠰᠠᠨ ᠪᠥᠭᠡᠳ ᠬᠤᠶᠢᠰᠢᠳᠠ ᠵᠣᠷᠰᠢᠯ ᠪᠣᠯᠵᠤ ᠦᠪᠡᠷ ᠤᠨ ᠵᠢᠰᠢᠶ᠎ᠡ ᠲᠣᠬᠢᠶᠠᠯᠳᠤᠭᠰᠠᠨ ᠰᠠᠷ᠎ᠠ ᠶᠢᠨ ᠰᠢᠨ᠎ᠡ ᠶᠢᠨ ᠨᠢᠭᠡᠨ ᠠᠴᠠ ᠡᠬᠢᠯᠡᠨ ᠵᠢᠰᠢᠶᠠᠯᠠᠳᠠᠭ ᠪᠥᠭᠡᠳ ᠡᠳᠦᠷ ᠣᠰᠣᠯᠳᠠᠭᠤᠯᠵᠤ ᠦᠯᠦ ᠪᠣᠯᠣᠨ᠎ᠠ᠃ ᠲᠤᠰᠠᠯᠠᠭᠴᠢ ᠰᠠᠶᠢᠳ ᠨᠠᠷ ᠤᠨ ᠳᠣᠲᠣᠷ᠎ᠠ ᠠᠴᠠ ᠠᠯᠢ ᠨᠢᠭᠡ ᠨᠢ ᠨᠢᠭᠡ ᠡᠳᠦᠷ ᠣᠰᠣᠯᠳᠠᠪᠠᠯ ᠵᠢᠰᠢᠶᠠᠨ ᠤ ᠰᠡᠭᠦᠯ ᠳᠤ ᠲᠠᠪᠤᠨ ᠡᠳᠦᠷ ᠨᠦᠬᠦᠵᠦ᠂ ᠬᠤᠶᠠᠷ ᠡᠳᠦᠷ ᠣᠰᠣᠯᠳᠠᠪᠠᠯ 10 ᠡᠳᠦᠷ᠂ ᠭᠤᠷᠪᠠᠨ ᠡᠳᠦᠷ ᠣᠰᠣᠯᠳᠠᠪᠠᠯ 15 ᠡᠳᠦᠷ ᠲᠣᠰ ᠪᠦᠷᠢ ᠨᠦᠬᠦᠵᠦ᠂ ᠳᠥᠷᠪᠡᠨ ᠡᠳᠦᠷ ᠠᠴᠠ ᠦᠩᠭᠡᠷᠡᠭᠰᠡᠨ ᠢ ᠪᠠᠶᠢᠳᠠᠯ ᠢ ᠨᠢ ᠦᠵᠡᠵᠦ ᠶᠠᠯ᠎ᠠ ᠲᠣᠭᠲᠠᠭᠠᠨ ᠵᠠᠯᠬᠠᠭᠠᠨ ᠰᠢᠢᠳᠬᠡᠳᠡᠭ ᠪᠣᠯᠬᠤᠷ ᠳᠡᠮᠡᠢ ᠣᠰᠣᠯᠳᠠᠳᠠᠭ ᠦᠭᠡᠢ ᠪᠠᠶᠢᠵᠡᠢ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号