ᠠᠯᠠᠱᠠ ᠶᠢᠨ ᠱᠠᠪᠢᠨᠠᠷ ᠤᠨ ᠳᠦᠷᠢᠮ
ᠨᠡᠶᠢᠲᠡᠯᠡᠭᠰᠡᠨ ᠴᠠᠭ᠄
2019/10/17
︵1︶ ︽ᠡᠵᠡᠨ ᠨᠢ ᠲᠥᠪ ᠪᠣᠯ ᠴᠢᠳᠠᠪᠤᠷᠢᠲᠠᠨ ᠲᠦᠰᠢᠮᠡᠯ ᠢ ᠬᠡᠷᠡᠭᠯᠡᠮᠦᠢ᠂ ᠨᠣᠮ ᠤᠨ ᠡᠨᠡᠷᠢᠯ ᠦᠷ᠎ᠡ ᠠᠴᠢ ᠨᠠᠷ ᠢ ᠬᠥᠮᠥᠵᠢᠭᠦᠯᠬᠦ ᠠᠴᠢᠯᠠᠯᠲᠠᠢ︾ ᠡᠴᠢᠭᠡ ᠪᠣᠯᠣᠭᠰᠠᠳ ᠶᠣᠰᠣ ᠪᠠᠷ ᠰᠤᠷᠭᠠᠵᠤ ᠬᠠᠶᠢᠷᠠᠯᠠᠨ ᠪᠣᠯᠪᠠᠰᠤᠷᠠᠭᠤᠯᠪᠠᠰᠤ ᠦᠨᠡᠨᠴᠢ ᠪᠣᠯᠣᠮᠤᠢ᠃ ᠦᠷ᠎ᠡ ᠪᠣᠯᠣᠭᠰᠠᠳ ᠡᠴᠢᠭᠡ ᠡᠬᠡ ᠪᠠᠨ ᠬᠦᠨᠳᠦᠯᠡᠨ ᠠᠰᠠᠷᠠᠮᠤᠢ᠃ ︵2︶ ᠡᠯ᠎ᠡ ᠵᠦᠢᠯ ᠤᠨ ᠲᠣᠭᠲᠠᠭᠠᠭᠰᠠᠨ ᠠᠯᠪᠠ ᠶᠢ ᠴᠢᠨᠡᠭᠡ ᠪᠠᠷ ᠲᠤᠰᠢᠶᠠᠬᠤ ᠠᠴᠠ ᠭᠠᠳᠠᠨ᠎ᠠ᠃ ᠬᠠᠤᠯᠢ ᠶᠢ ᠵᠠᠪᠠᠯ ᠰᠠᠬᠢᠵᠤ᠂ ᠬᠥᠮᠥᠨ ᠢ ᠲᠤᠰᠠᠯᠠᠨ᠂ ᠬᠡᠷᠡᠭ ᠶᠠᠪᠤᠳᠠᠯ ᠳᠤ ᠦᠨᠡᠨᠴᠢ ᠪᠠᠶᠢᠬᠤ ᠬᠡᠷᠡᠭᠲᠡᠢ᠃ ︵3︶ ᠬᠤᠪᠢ ᠪᠠᠨ ᠬᠦᠭᠡᠭᠡᠵᠤ ᠬᠡᠪ ᠢᠶᠠᠨ ᠰᠠᠬᠢᠨ ᠬᠤᠪᠳᠤᠭ ᠰᠠᠨᠠᠭ᠎ᠠ ᠡᠭᠦᠰᠭᠡᠬᠦ ᠦᠭᠡᠢ᠂ ᠬᠡᠷᠡᠭᠦᠯ ᠵᠣᠳᠣᠭᠠᠨ ᠬᠢᠬᠦ ᠦᠭᠡᠢ᠂ ᠬᠤᠯᠠᠭᠠᠢ ᠬᠤᠳᠠᠯ ᠬᠢᠬᠦ ᠦᠭᠡᠢ᠂ ᠳᠡᠭᠡᠷᠡᠮᠴᠢ ᠯᠦᠭᠡ ᠰᠦᠯᠪᠡᠭᠡᠯᠡᠬᠦ ᠦᠭᠡᠢ᠂ ᠬᠡᠷᠡᠭ ᠤᠷᠰᠢᠭ ᠲᠠᠲᠠᠬᠤ ᠦᠭᠡᠢ ᠪᠠᠶᠢᠬᠤ ᠬᠡᠷᠡᠭᠲᠡᠢ᠃ ︵4︶ ᠠᠬᠠᠮᠠᠳ ᠢᠶᠠᠨ ᠬᠦᠨᠳᠦᠳᠬᠡᠵᠦ ᠶᠠᠳᠠᠭᠤ ᠪᠠᠨ ᠳᠣᠷᠣᠮᠵᠢᠯᠠᠬᠤ ᠦᠭᠡᠢ᠂ ᠬᠠᠨᠢ ᠨᠦᠬᠦᠷ ᠢᠶᠠᠨ ᠢᠲᠡᠭᠡᠵᠦ ᠰᠠᠯᠵᠤ ᠰᠠᠷᠨᠢᠵᠤ ᠪᠣᠯᠬᠤ ᠦᠭᠡᠢ᠂ ᠡᠬᠡᠨᠡᠷ ᠬᠡᠦᠬᠡᠳ ᠢᠶᠠᠨ ᠰᠤᠷᠭᠠᠨ ᠬᠠᠶᠢᠷᠠᠯᠠᠬᠤ ᠳᠤ ᠬᠠᠭᠤᠮᠠᠭᠠᠢ ᠪᠠᠶᠢᠵᠤ ᠪᠣᠯᠬᠤ ᠦᠭᠡᠢ᠂ ᠲᠡᠳᠡ ᠨᠠᠷ ᠢ ᠪᠢᠲᠡᠭᠡᠢ ᠳᠣᠷᠣᠮᠵᠢᠯᠠᠵᠤ ᠳᠠᠷᠤᠯᠠ᠃ ᠮᠠᠭᠤ ᠠᠮᠢᠲᠠᠨ ᠯᠤᠭ᠎ᠠ ᠨᠥᠬᠦᠷᠯᠡᠵᠦ ᠪᠣᠯᠬᠤ ᠦᠭᠡᠢ᠂ ᠠᠷᠢᠬᠢ ᠤᠤᠭᠤᠵᠤ ᠵᠣᠭᠤᠰ ᠨᠠᠭᠠᠳᠴᠤ ᠪᠣᠯᠬᠤ ᠦᠭᠡᠢ᠂ ᠲᠡᠷᠰᠯᠡᠵᠦ ᠤᠷᠪᠠᠯᠭᠠᠨ ᠳᠤ ᠣᠷᠣᠯᠴᠠᠵᠤ ᠪᠣᠯᠬᠤ ᠦᠭᠡᠢ᠂ ᠪᠡᠶ᠎ᠡ ᠪᠠᠨ ᠪᠤᠤ ᠬᠤᠣᠷᠯᠠ᠃ ᠪᠢᠲᠡᠭᠡᠢ ᠪᠠᠶᠠᠨ ᠳᠤ ᠳᠤᠷᠠᠯᠠᠨ ᠶᠠᠳᠠᠭᠤ ᠶᠢ ᠵᠢᠭᠰᠢᠵᠦ ᠬᠥᠮᠥᠨ ᠲᠠᠢ ᠠᠲᠠᠭᠠᠷᠬ᠎ᠠ︕ ᠲᠣᠭᠲᠠᠭᠠᠯ ᠵᠢᠷᠤᠮ ᠢ ᠵᠥᠷᠢᠴᠡᠨ ᠢᠲᠡᠭᠡᠯ ᠠᠴᠠ ᠲᠡᠷᠰᠯᠡᠵᠦ ᠪᠣᠯᠬᠤ ᠦᠭᠡᠢ᠂ ᠲᠡᠷᠡᠴᠢᠯᠡᠨ ᠬᠤᠭᠤᠰᠤᠨ ᠰᠦᠷ ᠮᠠᠨᠳᠤᠭᠤᠯᠤᠨ ᠮᠡᠳᠡᠮᠡᠬᠡᠶᠢᠷᠡᠨ ᠠᠭᠠᠰᠢᠯᠠᠵᠤ ᠪᠣᠯᠬᠤ ᠦᠭᠡᠢ᠃ ᠡᠷᠦᠬᠡ ᠠᠮᠠ ᠪᠠᠨ ᠰᠠᠯᠭᠠᠵᠤ ᠪᠣᠯᠬᠤ ᠦᠭᠡᠢ᠂ ᠬᠡᠷᠪᠡ ᠦᠷ᠎ᠡ ᠠᠴᠢ ᠨᠠᠷ ᠦᠭᠡᠢ ᠪᠣᠯ ᠭᠠᠯ ᠭᠤᠯᠣᠮᠲᠠ ᠵᠠᠯᠭᠠᠮᠵᠢᠯᠠᠬᠤ ᠬᠥᠮᠥᠨ ᠢ ᠲᠦᠷᠭᠡᠨ ᠠᠰᠠᠷᠠᠨ ᠡᠷᠭᠦᠵᠦ ᠠᠪᠬᠤ ᠬᠡᠷᠡᠭᠲᠡᠢ᠃ ︵5︶ ᠱᠠᠪᠢᠨᠠᠷ ᠢ ᠳᠠᠷᠤᠯᠠᠵᠤ ᠪᠣᠯᠬᠤ ᠦᠭᠡᠢ᠂ ᠬᠦᠩᠭᠡᠨ ᠬᠠᠭᠤᠳᠠᠮ ᠢᠶᠠᠷ ᠳᠡᠭᠡᠷᠡᠬᠢ ᠪᠠᠨ ᠭᠤᠲᠤᠭᠠᠵᠤ᠂ ᠡᠷᠦᠬᠡ ᠠᠮᠠ ᠶᠢᠨ ᠶᠠᠪᠤᠳᠠᠯ ᠳᠡᠭᠡᠷ᠎ᠡ ᠭᠠᠴᠢᠵᠤ ᠪᠣᠯᠬᠤ ᠦᠭᠡᠢ᠂ ᠬᠡᠷᠪᠡ ᠵᠥᠷᠢᠴᠡᠭᠰᠡᠳ ᠪᠠᠶᠢᠪᠠᠯ ᠬᠡᠨ ᠴᠤ ᠬᠠᠮᠢᠶ᠎ᠠ ᠦᠭᠡᠢ ᠳᠣᠣᠷ᠎ᠠ ᠨᠢ ᠪᠠᠷᠢᠵᠤ ᠠᠪᠤᠭᠠᠳ ᠮᠡᠳᠡᠭᠦᠯᠦᠨ ᠬᠦᠷᠭᠡᠵᠦ ᠴᠢᠩᠭ᠎ᠠ ᠰᠢᠢᠳᠬᠡᠬᠦ ᠬᠡᠷᠡᠭᠲᠡᠢ᠃ ︵6︶ ᠱᠠᠪᠢᠨᠠᠷ ᠲᠤ ᠬᠠᠯᠠ ᠦᠵᠡᠭᠦᠯᠦᠨ ᠳᠤᠲᠠᠭᠠᠯᠭᠠᠵᠤ ᠪᠣᠯᠬᠤ ᠦᠭᠡᠢ᠂ ᠱᠠᠪᠢᠨᠠᠷ ᠢ ᠰᠠᠷᠨᠢᠭᠤᠯᠤᠨ ᠣᠷᠭᠤᠭᠤᠯᠵᠤ ᠪᠣᠯᠬᠤ ᠦᠭᠡᠢ᠃ ︵7︶ ᠬᠡᠷᠪᠡ ᠳᠡᠭᠡᠷᠡᠬᠢ ᠵᠦᠢᠯ ᠢ ᠲᠡᠷᠰᠯᠡᠭᠰᠡᠨ ᠪᠠᠶᠢᠪᠠᠯ ᠬᠠᠮᠢᠶᠠᠷᠤᠭᠴᠢ ᠳᠠᠷᠤᠭ᠎ᠠ ᠪᠣᠱᠣᠭᠤ ᠠᠴᠠ ᠴᠠᠭ ᠲᠤᠬᠠᠢ  ᠳᠤᠨᠢ ᠲᠣᠲᠣᠷᠬᠠᠶᠢᠯᠠᠨ ᠮᠡᠳᠡᠭᠦᠯᠵᠦ ᠰᠢᠢᠳᠪᠦᠷᠢᠯᠡᠬᠦ ᠦᠭᠡᠢ ᠪᠣᠯ ᠬᠠᠷᠢᠭᠤᠴᠠᠯᠭ᠎ᠠ ᠪᠠᠨ ᠠᠯᠳᠠᠭᠰᠠᠨ ᠶᠠᠪᠤᠳᠠᠯ ᠲᠤᠯᠠ ᠲᠡᠳᠡ ᠨᠠᠷ ᠢ ᠮᠥᠨ ᠠᠳᠠᠯᠢ ᠪᠠᠷ ᠰᠢᠢᠳᠬᠡᠬᠦ ᠬᠡᠷᠡᠭᠲᠡᠢ᠃ ︵8︶ ᠬᠠᠷᠢᠶᠠᠯᠠᠭᠳᠠᠬᠤ ᠱᠠᠪᠢᠨᠠᠷ ᠤᠨ ᠳᠣᠲᠣᠷ᠎ᠠ ᠬᠥᠭᠰᠢᠷᠡᠭᠡᠳ ᠲᠦᠰᠢᠬᠦ ᠬᠥᠮᠥᠨ ᠦᠭᠡᠢ ᠪᠣᠯᠣᠭᠰᠠᠨ ᠪᠤᠶᠤ ᠠᠮᠢᠳᠤᠷᠠᠯ ᠢ ᠨᠢ ᠬᠠᠷᠠᠭᠠᠯᠵᠠᠬᠤ ᠬᠥᠮᠥᠨ ᠦᠭᠡᠢ ᠪᠣᠯᠣᠭᠰᠠᠨ ᠬᠥᠮᠥᠨ ᠢ ᠴᠠᠭ ᠲᠤᠬᠠᠢ ᠳᠤᠨᠢ ᠯᠠᠪᠷᠤᠩ ᠳᠤ ᠮᠡᠳᠡᠭᠦᠯᠵᠦ ᠠᠮᠢᠳᠤᠷᠠᠯ ᠢ ᠨᠢ ᠬᠠᠷᠠᠭᠠᠯᠵᠠᠬᠤ ᠬᠡᠷᠡᠭᠴᠡᠭᠡ ᠪᠦᠬᠦᠢ ᠡᠳ᠋ ᠪᠣᠳᠠᠰ ᠪᠤᠶᠤ ᠮᠠᠯ ᠢ ᠠᠯᠪᠠᠨ ᠶᠣᠰᠣᠭᠠᠷ ᠣᠯᠭᠤᠵᠤ ᠦᠭᠬᠦ ᠬᠡᠷᠡᠭᠲᠡᠢ᠃ ︵9︶ ᠲᠦᠰᠢᠵᠦ ᠬᠠᠮᠢᠶᠠᠷᠬᠤ ᠬᠥᠮᠥᠨ ᠦᠭᠡᠢ᠂ ᠬᠦᠨᠳᠦ ᠡᠪᠡᠳᠴᠢᠨ ᠳᠤ ᠨᠡᠷᠪᠡᠭᠳᠡᠨ ᠬᠡᠪᠲᠡᠷᠢ ᠳᠤ ᠣᠷᠣᠭᠰᠠᠨ ᠢ ᠪᠠᠶᠢᠴᠠᠭᠠᠨ ᠲᠣᠳᠣᠯᠠᠵᠤ᠂ ᠬᠥᠮᠥᠨ ᠲᠣᠮᠢᠯᠠᠨ ᠡᠮᠨᠡᠨ ᠵᠠᠰᠠᠭᠤᠯᠬᠤ᠂ ᠬᠠᠷᠠᠭᠠᠯᠵᠠᠭᠤᠯᠬᠤ ᠶᠠᠪᠤᠳᠠᠯ ᠢ ᠤᠮᠳᠤᠭᠠᠶᠢᠯᠠᠵᠤ ᠪᠣᠯᠬᠤ ᠦᠭᠡᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号