ᠠᠯᠠᠱᠠ ᠬᠤᠱᠤᠳ ᠬᠤᠰᠢᠭᠤᠨ ᠤ ᠵᠡᠷᠭᠡ ᠵᠢᠩᠰᠠ ᠶᠢᠨ ᠢᠯᠭᠠᠯ
ᠨᠡᠶᠢᠲᠡᠯᠡᠭᠰᠡᠨ ᠴᠠᠭ᠄
2019/10/17
ᠸᠠᠩ᠂ ᠭᠦᠩ᠂ ᠪᠡᠶᠢᠯᠡ ᠪᠣᠯ ᠭᠦᠩ ᠤᠨ ᠵᠡᠷᠭᠡ ᠬᠦᠷᠡᠩ ᠵᠢᠩᠰᠠ ᠲᠠᠢ᠂ ᠲᠡᠷᠢᠭᠦᠨ ᠵᠡᠷᠭᠡ ᠶᠢᠨ ᠲᠠᠶᠢᠵᠢ ᠪᠣᠯ ᠡᠷᠢᠶ᠎ᠡ ᠦᠭᠡᠢ ᠴᠣᠯ ᠤᠯᠠᠭᠠᠨ ᠵᠢᠩᠰᠠ ᠲᠠᠢ᠂ ᠵᠠᠬᠢᠷᠤᠭᠴᠢ ᠶᠢᠨ ᠵᠡᠷᠭᠡ ᠪᠣᠯ ᠲᠠᠩᠬᠠᠮ ᠡᠷᠢᠶ᠎ᠡ ᠲᠠᠢ ᠤᠯᠠᠭᠠᠨ ᠵᠢᠩᠰᠠ ᠲᠠᠢ᠂ ᠮᠠᠶᠢᠷᠠᠨ ᠤ ᠵᠡᠷᠭᠡ ᠪᠣᠯ ᠤᠲᠤᠭ᠎ᠠ ᠲᠠᠢ ᠬᠦᠬᠡ ᠵᠢᠩᠰᠠ ᠲᠠᠢ᠂ ᠵᠠᠯᠠᠨ ᠤ ᠵᠡᠷᠭᠡ ᠪᠣᠯ ᠤᠲᠤᠭ᠎ᠠ ᠦᠭᠡᠢ ᠳᠦᠯᠡᠢ ᠬᠦᠬᠡ ᠵᠢᠩᠰᠠ ᠲᠠᠢ᠂ ᠳᠡᠳ᠋ ᠵᠡᠷᠭᠡ ᠶᠢᠨ ᠬᠢᠶ᠎ᠡ ᠪᠣᠯ ᠤᠲᠤᠭ᠎ᠠ ᠲᠠᠢ ᠬᠦᠬᠡ ᠵᠢᠩᠰᠠ ᠲᠠᠢ᠂ ᠵᠠᠩᠭᠢ ᠶᠢᠨ ᠵᠡᠷᠭᠡ ᠪᠣᠯ ᠤᠲᠤᠭ᠎ᠠ ᠦᠭᠡᠢ ᠴᠡᠭᠡᠨ ᠰᠢᠯ ᠵᠢᠩᠰᠠ ᠲᠠᠢ᠂ ᠭᠤᠳᠠᠭᠠᠷ ᠵᠡᠷᠭᠡ ᠶᠢᠨ ᠬᠢᠶ᠎ᠡ ᠪᠣᠯ ᠤᠲᠤᠭ᠎ᠠ ᠲᠠᠢ ᠴᠡᠭᠡᠨ ᠰᠢᠯ ᠵᠢᠩᠰᠠ ᠲᠠᠢ᠂ ᠳ᠋ᠤᠩ ᠬᠦᠨᠳᠦ ᠪᠣᠯ ᠤᠲᠤᠭ᠎ᠠ ᠦᠭᠡᠢ ᠴᠠᠭᠠᠨ ᠱᠠᠭᠠᠵᠠᠩ ᠵᠢᠩᠰᠠ ᠲᠠᠢ᠂ ᠵᠤᠸᠠᠨ ᠨᠢ ᠳ᠋ᠠ ᠪᠣᠯ ᠤᠲᠤᠭ᠎ᠠ ᠲᠠᠢ ᠴᠠᠭᠠᠨ ᠵᠢᠩᠰᠠ ᠲᠠᠢ᠂ ᠠᠯᠲᠠᠨ ᠬᠦᠨᠳᠦ ᠪᠣᠯ ᠤᠲᠤᠭ᠎ᠠ ᠦᠭᠡᠢ ᠠᠯᠲᠠᠨ ︵ᠭᠠᠤᠯᠢ︶ ᠵᠢᠩᠰᠠ ᠲᠠᠢ᠂ ᠬᠦᠬᠡ ᠤᠲᠤᠭ᠎ᠠ ᠪᠣᠯ ᠤᠲᠤᠭ᠎ᠠ ᠲᠠᠢ ᠠᠯᠲᠠᠨ ᠵᠢᠩᠰᠠ ᠲᠠᠢ᠂ ᠤᠯᠠᠭᠠᠨ ᠴᠠᠭᠠᠨ ᠰᠢᠷ᠎ᠠ ᠭᠤᠷᠪᠠᠨ ᠵᠢᠩᠰᠠ ᠶᠢᠨ ᠤᠲᠤᠭ᠎ᠠ ᠲᠠᠢ ᠲᠠᠯ᠎ᠠ ᠨᠢ ᠠᠬᠠᠯᠠᠵᠤ᠂ ᠪᠤᠰᠤᠳ ᠵᠢᠩᠰᠠ ᠶᠢᠨ ᠤᠲᠤᠭ᠎ᠠ ᠦᠭᠡᠢ ᠲᠠᠯ᠎ᠠ ᠨᠢ ᠠᠬᠠᠯᠠᠳᠠᠭ᠃ ᠳᠦᠯᠡᠢ ᠬᠦᠬᠡ ᠵᠢᠩᠰᠠ ᠶᠢ ᠪᠣᠯ ᠲᠠᠶᠢᠵᠢ ᠢᠵᠠᠭᠤᠷ ᠲᠠᠢ ᠬᠥᠮᠥᠨ ᠮᠠᠯᠠᠭᠠᠢ ᠳᠠᠭᠠᠭᠠᠬᠤ ᠠᠴᠠ ᠡᠬᠢᠯᠡᠵᠦ ᠵᠡᠭᠦᠳᠡᠭ ᠤᠴᠢᠷ ᠲᠤ ︽ᠨᠣᠶᠠᠨ ᠤᠭ ᠲᠠᠢ᠂ ᠨᠣᠮᠢᠨ ᠵᠢᠩᠰᠠ ᠲᠠᠢ︾ ᠭᠡᠵᠦ ᠬᠦᠨᠳᠦᠳᠬᠡᠳᠡᠭ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号