ᠨᠡᠮᠺᠠᠶᠢᠪᠡᠯ ᠷᠠᠪᠵᠡᠮᠪᠡ
ᠨᠡᠶᠢᠲᠡᠯᠡᠭᠰᠡᠨ ᠴᠠᠭ᠄
2019/11/11
ᠨᠡᠮᠺᠠᠶᠢᠪᠡᠯ ᠷᠠᠪᠵᠡᠮᠪᠡ ᠬᠡᠳᠡᠭ ᠪᠤᠯ ᠪᠠᠶᠢᠰᠢᠩᠭᠤᠳ ᠤᠪᠤᠭ ᠲᠠᠢ᠂ ᠮᠡᠷᠭᠡᠨ ᠠᠪᠢᠶᠠᠰ ᠲᠠᠢ᠂ ᠲᠡᠭᠦᠰ ᠴᠢᠳᠠᠪᠦᠷᠢᠲᠠᠢ ᠯᠠᠮᠠ ᠪᠠᠶᠢᠵᠤᠬᠤᠢ᠃ ᠡ᠊ᠩᠭᠡ ᠠᠮᠤᠭᠤᠯᠡᠩ ᠤᠨ ᠠᠷᠪᠡᠨ ᠲᠤᠯᠤᠳᠦᠭᠠᠷ ᠤᠨ ︵1678 ᠤᠨ︶ ᠳᠤᠷ ᠬᠤᠷᠤᠯᠢ ᠨᠤᠶᠡᠨ ᠭᠠᠯᠳᠡᠨ ᠤ ᠰᠠᠮᠠᠭᠤᠨ ᠠᠴᠠ ᠵᠠᠶᠢᠯᠠᠵᠦ᠂ ᠠᠯᠠᠱᠠ ᠵᠦᠭ ᠢᠷᠡᠬᠦ ᠦᠶ᠎ᠠ ᠳᠤ ᠨᠡᠮᠺᠠᠶᠢᠪᠡᠯ ᠬᠤᠷᠤᠯᠢ ᠶᠢᠨ ᠠᠯᠪᠠᠳᠦ ᠪᠠᠶᠢᠭᠰᠠᠠ ᠪᠦᠭᠡᠳ ᠬᠤᠷᠤᠯᠢ ᠶᠢ ᠲᠠᠮᠵᠢᠵᠦ ᠭᠠᠯᠳᠡᠨ ᠤ ᠴᠡᠷᠢᠭ ᠤᠨ ᠬᠦᠴᠦ ᠶᠢ ᠪᠠᠭᠤᠷᠠᠭᠤᠯᠤᠭᠠᠳ ᠨᠠᠰᠢ ᠶᠠᠪᠤᠭᠰᠠᠭᠠᠷ ᠴᠠᠭᠠᠨ ᠬᠡᠷᠡᠮ ᠤᠨ ᠠᠮᠠᠰᠠᠷ ︵ᠵᠢᠶᠠ ᠢᠥᠢ ᠭᠤᠸᠠᠡ ᠪᠤᠭᠤᠮᠳᠡ︶ ᠲᠤᠷ ᠢᠷᠡᠭᠡᠳ ᠤᠴᠢᠷ ᠶᠠᠪᠤᠳᠡᠯ ᠢᠶᠠᠨ ᠪᠤᠭᠤᠮᠳᠡ ᠶᠢᠨ ᠭᠠᠵᠡᠷ ᠮᠡᠳᠡᠭᠦᠯᠦᠭᠡᠳ ᠬᠤᠷᠤᠯᠢ ᠶᠢᠨ ᠶᠡᠭᠡ ᠬᠦᠪᠡᠭᠦᠨ ᠶᠦᠮᠴᠦ᠋ᠡᠭ ᠢ ᠬᠠᠪᠰᠦᠷᠤᠨ ᠪᠡᠭᠡᠵᠢᠩ ᠳᠤ ᠤᠳᠦᠭᠠᠳ ᠡᠵᠡᠨ ᠬᠠᠭᠠᠨ ᠳᠤ ᠪᠠᠷᠠᠯᠠᠭᠨ᠂ ᠨᠤᠳᠤᠭ ᠤᠯᠬᠤ ᠶᠢᠨ ᠲᠦᠯᠦᠭᠡ ᠰᠡᠴᠡᠡ ᠮᠡᠷᠭᠡᠨ ᠠᠷᠭ᠎ᠠ ᠤᠬᠠᠭᠠᠨ ᠰᠡᠳᠤᠵᠤ ᠥᠭᠴᠡᠢ᠃ ᠡᠬᠦᠨ ᠤ ᠤᠯᠠᠮ ᠠᠴᠠ ᠢᠳᠡᠭᠡᠯ ᠢ ᠤᠯᠵᠦ ᠰᠢᠳᠡᠷ ᠲᠤᠷ ᠠᠭᠤᠯᠤᠭᠰᠠᠠ ᠪᠡ ᠠᠪᠦᠦ ᠶᠢ ᠬᠠᠭᠠᠨ ᠤ ᠬᠦᠷᠭᠡᠨ ᠡᠹᠦ᠋ ᠪᠤᠯᠭᠠᠬᠤ ᠵᠡᠷᠭᠡ ᠳᠤ ᠤᠯᠠᠨ ᠲᠠᠯ᠎ᠠ ᠪᠠᠷ ᠬᠦᠴᠦᠨ ᠢᠶᠠᠨ ᠭᠠᠷᠭᠠᠵᠦ ᠴᠢᠬᠤᠯᠡ ᠦᠢᠯᠡᠳᠦᠯ ᠦᠵᠡᠭᠦᠯᠦᠭᠰᠡᠡ ᠤᠢᠯᠠᠮᠵᠢ ᠭᠠᠪᠢᠶ᠎ᠠ ᠲᠠᠢ ᠬᠦᠮᠦᠨ ᠪᠤᠯᠬᠤᠷ ᠠᠪᠦᠦ ᠨᠤᠶᠡᠨ ᠠᠴᠠ ᠨᠡᠮᠺᠠᠶᠢᠪᠡᠯ ᠤᠨ ᠭᠠᠪᠢᠶ᠎ᠠ ᠶᠢ ᠢᠯᠡᠷᠭᠡᠶᠢᠯᠡᠵᠦ᠂ ᠦᠶ᠎ᠠ ᠤᠯᠠᠷᠢᠨ ᠵᠠᠯᠭᠠᠮᠵᠢᠯᠠᠬᠤ ᠲᠠᠷᠬᠠᠨ ᠴᠤᠯᠡ᠂ ᠭᠠᠰᠤᠭ ᠪᠢᠴᠢᠭ ᠱᠠᠩᠨᠠᠵᠦ᠂ ᠬᠤᠰᠢᠭᠤ ᠨᠤᠳᠤᠭ ᠲᠠᠭᠠᠨ ᠠᠯᠪᠡ ᠤᠯᠠᠭ᠎ᠠ ᠦᠭᠡᠢ ᠡᠷᠭᠡ ᠲᠠᠷᠬ᠎ᠠ ᠪᠠᠷ ᠶᠠᠪᠤᠳᠦᠭᠠᠢ ᠭᠡᠵᠡᠢ᠃ ᠲᠡᠷᠡ ᠪᠤᠯ ᠭᠡᠷ ᠪᠦᠯᠢ ᠲᠠᠢ ᠯᠠᠮᠠ ᠪᠠᠶᠢᠭᠰᠠᠠ ᠪᠤᠯᠬᠤᠷ ᠲᠠᠷᠬᠠᠨ ᠴᠤᠯᠡ ᠨᠢ ᠲᠡᠭᠦᠨ ᠤ ᠬᠤᠶᠢᠴᠢ ᠦᠶ᠎ᠠ ᠶᠢᠨ ᠫᠠᠯᠭᠤᠨ ᠭᠡᠮᠡᠭᠴᠢ ᠳᠤ ᠬᠦᠷᠳᠡᠯ᠎ᠠ ᠲᠤᠯᠤᠭᠠᠨ ᠦᠶ᠎ᠠ ᠵᠠᠯᠭᠠᠮᠵᠢᠯᠠᠵᠡᠢ᠃ ᠲᠡᠷᠡ ᠠᠩᠬᠠᠨ ᠳᠠᠭᠠᠨ ᠠᠮᠳᠦᠦ ᠲᠦᠪᠡᠳ ᠤᠨ ᠤᠷᠤᠨ ᠳᠤ ᠰᠤᠳᠦᠷ ᠲᠠᠷᠨᠢ ᠶᠢᠨ ᠶᠤᠰᠦᠨ ᠳᠤᠷ ᠰᠢᠯᠭᠠᠷᠠᠭᠰᠠᠠ ᠤᠴᠢᠷ ᠠᠴᠠ ᠲᠠᠪᠦᠳᠦᠭᠠᠷ ᠦᠶ᠎ᠠ ᠶᠢᠨ ᠲᠠᠯᠠᠢ ᠯᠠᠮᠡ ᠠᠴᠠ ᠷᠠᠪᠵᠡᠮᠪᠡ ᠶᠢᠨ ᠮᠢᠨᠳᠠᠭ ︵ᠴᠤᠯᠡ︶ ᠬᠠᠶᠢᠷᠠᠯᠠᠵᠦ᠂ ᠦᠭᠡᠯᠡᠳ ᠤᠨ ᠵᠠᠰᠠᠭ ᠪᠤᠯᠤᠨ ᠲᠠᠩᠭᠤᠤᠨ ᠵᠢᠴᠢ ᠬᠠᠯᠬ᠎ᠠ ᠲᠤᠯᠤᠭᠠᠨ ᠬᠤᠰᠢᠭᠤ᠂ ᠤᠷᠳᠦᠰ ᠵᠢᠷᠭᠤᠭᠠᠨ ᠵᠠᠰᠠᠭ ᠤᠨ ᠨᠤᠶᠠᠳ ᠯᠠᠮᠠ᠂ ᠲᠠᠶᠢᠵᠢ ᠲᠠᠶᠢᠪᠤᠨᠡᠩ᠂ ᠰᠠᠶᠢᠳ ᠲᠦᠰᠢᠮᠡᠯ ᠪᠦᠬᠦᠳᠡ ᠳᠤᠷ ᠮᠡᠳᠡᠭᠳᠡᠭᠰᠡᠡ ᠤ ᠬᠠᠮᠳᠦ ᠲᠦᠪᠡᠳ ᠤᠷᠤᠨ ᠤ ᠲᠦᠷᠦ ᠱᠠᠰᠢᠨ ᠤ ᠦᠢᠯᠡᠰ ᠲᠤ ᠠᠴᠢ ᠲᠤᠰᠠ ᠪᠠᠨ ᠬᠦᠷᠭᠡᠵᠦ ᠶᠠᠪᠤᠭᠰᠠᠠ ᠪᠤᠯᠬᠤᠷ ᠠᠯᠢ ᠭᠠᠵᠡᠷ ᠬᠦᠷᠪᠡᠰᠦ ᠤᠯᠠᠭ᠎ᠠ ᠰᠢᠭᠦᠰᠦ ᠪᠡᠯᠡᠳᠭᠡᠵᠦ᠂ ᠡᠷᠬᠦᠨ ᠬᠦᠨᠳᠦᠯᠡᠵᠦ ᠪᠠᠶᠢᠬᠤ ᠠᠴᠠ ᠪᠤᠰᠦ ᠬᠤᠤᠷᠯᠠᠬᠤ ᠬᠠᠷᠰᠢᠯᠠᠬᠤ ᠮᠡᠳᠦ ᠵᠦᠢᠯᠡᠰ ᠢ ᠭᠠᠷᠭᠠᠵᠦ ᠤᠭᠳᠦ ᠪᠤᠯᠬᠤ ᠦᠭᠡᠢ ᠭᠡᠮᠡᠨ ᠭᠠᠰᠤᠭ ᠪᠢᠴᠢᠭ ᠰᠤᠶᠤᠷᠬᠠᠭᠰᠠᠠ ᠪᠠᠶᠢᠮᠦᠢ᠃ ᠡᠶᠢᠮᠦ ᠠᠴᠠ ᠨᠡᠮᠺᠠᠶᠢᠪᠡᠯ ᠨᠠᠰᠦ ᠪᠠᠷᠠᠬᠤ ᠦᠶ᠎ᠠ ᠳᠡᠭᠡᠨ ᠬᠡᠷᠢᠶᠡᠰᠯᠡᠭᠰᠡᠡ ᠢᠨᠦ᠄ ︽ᠮᠢᠨᠦ ᠬᠡᠭᠦᠷ ᠢ ᠨᠤᠶᠡᠡ ᠤ ᠱᠠᠷᠢᠯ ᠤᠨ ᠡᠮᠦᠨᠡᠳᠦ ᠲᠠᠯ᠎ᠠ ᠳᠤᠨᠢ ᠰᠢᠷ᠎ᠠ ᠬᠦᠳᠦᠯ ᠬᠡᠮᠡᠬᠦ ᠠᠭᠤᠯᠡᠡ ᠵᠥᠭ ᠲᠤᠷ ᠬᠠᠨᠳᠦᠭᠤᠯᠤᠨ ᠰᠤᠪᠤᠷᠭᠠᠯᠠᠵᠦ ᠲᠠᠯᠪᠢᠪᠡᠯ ᠬᠤᠵᠢᠮ ᠥᠷ᠎ᠠ ᠶᠢᠨ ᠥᠷ᠎ᠠ ᠳᠤ ᠠᠯᠠᠱᠠ ᠬᠤᠰᠢᠭᠤᠨ ᠳᠤ ᠲᠠᠶᠢᠨ ᠲᠠᠵᠢᠨ ᠵᠡᠷᠭᠡ ᠮᠠᠭᠤ ᠵᠦᠭ ᠤᠨ ᠬᠤᠤᠷ ᠬᠦᠨᠦᠭᠡᠯ ᠢ ᠠᠮᠰᠠᠭᠤᠯᠬᠤ ᠦᠭᠡᠢ ᠪᠠᠷ ᠰᠠᠬᠢᠵᠦ ᠪᠠᠶᠢᠶ᠎ᠠ︾ ᠭᠡᠮᠡᠨ ᠲᠠᠩᠭᠠᠷᠢᠭᠯᠠᠭᠰᠠᠠ ᠪᠠᠶᠢᠵᠡᠢ᠃ ᠭᠡᠳᠡᠯ᠎ᠠ ᠠᠪᠦᠦ ᠨᠤᠶᠡᠨ ᠠᠩᠬᠠᠠ ᠳᠤᠷ ᠦᠵᠡᠭᠦᠯᠦᠭᠰᠡᠡ ᠲᠡᠭᠦᠨ ᠤ ᠠᠴᠢ ᠲᠤᠰᠠ ᠶᠢ ᠤᠮᠠᠷᠳᠠᠵᠦ ᠨᠡᠮᠺᠠᠶᠢᠪᠡᠯ ᠤᠨ ᠬᠡᠷᠢᠶᠡᠰ ᠢ ᠬᠠᠶᠢᠬᠤᠷᠤᠭᠰᠠᠠ ᠦᠭᠡᠢ ᠪᠠᠷ ᠮᠢᠨᠦ ᠱᠠᠷᠢᠯ ᠤᠨ ᠡᠮᠦᠨᠡᠳᠦ ᠲᠠᠯ᠎ᠠ ᠳᠤᠨᠢ ᠲᠠᠯᠪᠢᠪᠡᠯ ᠬᠤᠵᠢᠮ ᠦᠷ᠎ᠠ ᠰᠠᠳᠦᠨ ᠳᠤ ᠰᠠᠶᠢᠨ ᠦᠭᠡᠢ ᠪᠤᠯᠵᠦ ᠮᠡᠳᠡᠨ᠎ᠠ ᠭᠡᠵᠦ ᠪᠤᠳᠦᠭᠠᠳ ᠲᠡᠭᠦᠨ ᠤ ᠱᠠᠷᠢᠯ ᠢ ᠦᠪᠡᠷ ᠤᠨ ᠢᠶᠠᠨ ᠠᠷᠤ ᠲᠠᠯ᠎ᠠ ᠳᠤᠨᠢ ᠰᠢᠷ᠎ᠠ ᠬᠦᠳᠦᠯ ᠵᠦᠭ ᠬᠠᠨᠳᠦᠭᠤᠯᠤᠨ ᠰᠤᠪᠦᠷᠭᠠᠯᠠᠵᠦ ᠤᠷᠤᠰᠢᠭᠤᠯᠵᠡᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号