ᠮᠠᠥ ᠪᠠᠭᠠᠳᠦᠷ ᠪᠠ ᠹᠠᠨ ᠪᠦᠷᠭᠦᠳ
ᠨᠡᠶᠢᠲᠡᠯᠡᠭᠰᠡᠨ ᠴᠠᠭ᠄
2019/11/11
ᠮᠠᠥ ᠪᠠᠭᠠᠳᠦᠷ᠂ ᠹᠠᠨ ᠪᠦᠷᠭᠦᠳ ᠬᠤᠶᠡᠷ ᠪᠤᠯ ᠬᠤᠰᠢᠭᠤ ᠨᠤᠳᠤᠭ ᠤᠨ ᠢᠶᠠᠨ ᠠᠮᠦᠷ ᠲᠤᠭᠳᠠᠭᠤᠨ ᠢ ᠬᠠᠮᠠᠭᠠᠯᠠᠬᠤ ᠳᠤ ᠦᠯᠡᠮᠵᠢᠭᠡᠨ ᠵᠢᠳᠭᠦᠵᠦ ᠶᠠᠪᠤᠭᠰᠠᠠ ᠬᠥᠮᠤᠨ ᠶᠤᠮ᠃ ᠲᠡᠳᠡ ᠬᠤᠶᠠᠭᠤᠯᠡ ᠢᠷᠭᠡᠨ ᠤᠯᠤᠰ ᠤᠨ ᠲᠤᠯᠤᠳᠦᠭᠠᠷ ᠤᠨ ︵1928 ᠤᠨ︶ ᠳᠤ ᠠᠯᠠᠱᠠ ᠬᠤᠰᠢᠭᠤᠨ ᠤ ᠪᠠᠷᠠᠭᠤᠨ ᠵᠠᠬ᠎ᠠ ᠶᠢᠨ ᠬᠤᠶᠡᠷ ᠲᠠᠭᠠᠭᠠᠮᠠᠯ ᠤᠨ ᠲᠤᠰᠢᠶᠡᠯ ᠳᠤ ᠪᠠᠶᠢᠵᠡᠢ᠃ ᠮᠦᠨ ᠤᠨ ᠤ ᠭᠤᠷᠪᠠᠳᠦᠭᠠᠷ ᠰᠠᠷ᠎ᠠ ᠶᠢᠨ ᠰᠢᠨ᠎ᠠ ᠶᠢᠨ ᠭᠤᠷᠪᠡᠨ ᠤ ᠡᠳᠦᠷ ᠬᠤᠰᠢᠭᠤᠨ ᠤ ᠲᠡᠳ᠋ ᠵᠠᠬᠢᠷᠤᠭᠴᠢ ᠵᠠᠩᠭᠢ ᠲᠠᠴᠢᠨᠶᠧᠰᠢᠨᠥᠷᠪᠦ ︵ᠰᠢᠶᠤᠤ ᠰᠠᠨ ᠶᠧ︶᠂ ᠳᠡᠳ᠋ ᠮᠠᠶᠢᠷᠠᠨ ᠤ ᠵᠠᠩᠭᠢ᠂ ᠪᠦᠬᠦ ᠴᠡᠷᠢᠭ ᠤᠨ ᠶᠡᠷᠤᠩᠭᠡᠢ ᠺᠣᠮᠠᠨᠳ᠋ᠯᠠᠭᠴᠢ ᠪᠠᠶᠢᠭᠰᠠᠨ ᠳᠠᠶᠢᠵᠢ ᠤᠶᠤᠨ᠂ ᠲᠢᠶᠠᠨ ᠵᠢᠢ ᠡᠯ᠂ ᠮᠧᠩ ᠰᠢᠶᠦ᠋ᠩ ᠵᠡᠷᠭᠡ ᠠᠮᠢᠳᠠᠳ ᠢᠷᠭᠠᠢ ᠠᠴᠠ ᠳᠣᠮᠢᠯᠠᠭᠳᠠᠨ ᠢᠷᠡᠵᠣ ᠳ᠋ᠢᠩ ᠶᠤᠸᠠᠨ ᠢᠩ ᠢ ᠰᠠᠬᠢᠨ ᠰᠠᠭᠤᠵᠤ ᠪᠠᠶᠢᠭᠰᠠᠨ ᠴᠡᠷᠢᠭ ᠤᠨ ᠳᠣᠰᠢᠶᠠᠯᠳᠠᠨ ᠶᠣᠣ ᠯᠢᠶᠠᠨ ᠪᠠᠩ ᠪᠣᠯᠣᠨ ᠮᠧᠨ ᠽᠢ ᠵᠦᠩ ᠤᠨ ᠵᠢᠷᠤᠭ᠎ᠠ ᠨᠣᠬᠠᠳ ᠯᠤᠭ᠎ᠠ ᠰᠦᠯᠪᠡᠭᠡᠯᠳᠣᠨ ᠫᠣᠣ ᠵᠠᠪᠰᠠᠩ ᠬᠦᠳᠡᠯᠭᠡᠨ ᠬᠤᠰᠢᠭᠤ ᠨᠣᠳᠤᠭ ᠲᠠᠭᠠᠨ ᠣᠷᠪᠠᠨ ᠪᠣᠰᠴᠣ᠂ ᠵᠠᠰᠠᠭ ᠤᠨ ᠡᠷᠭᠡ ᠶᠢ ᠪᠣᠯᠢᠶᠠᠨ ᠠᠪᠴᠣ ᠨᠣᠶᠠᠨ ᠤ ᠣᠷᠳᠣ᠂ ᠬᠤᠰᠢᠭᠤ ᠰᠠᠩ᠂ ᠴᠡᠷᠢᠭ ᠤᠨ ᠰᠠᠩ ᠵᠡᠷᠭᠡ ᠭᠠᠵᠠᠷ ᠠᠴᠠ ᠦᠯᠡᠮᠵᠢ ᠠᠷᠪᠢᠨ ᠫᠣᠣ ᠰᠣᠮᠣ᠂ ᠠᠯᠳᠠ ᠮᠦᠩᠭᠦ᠂ ᠡᠳ᠋ ᠬᠦᠷᠦᠩᠭᠡ᠂ ᠬᠠᠷ᠎ᠠ ᠳᠡᠮᠡᠬᠢ ᠮᠡᠳᠣ ᠶᠢᠨ ᠶᠠᠭᠤᠮᠠᠰ ᠢ ᠬᠤᠭᠤᠰᠣᠷᠠᠳᠠᠯ᠎ᠠ ᠳᠡᠭᠡᠷᠡᠮᠳᠡᠨ ᠠᠪᠤᠭᠰᠠᠨ ᠠᠴᠠ ᠭᠠᠳᠠᠨ᠎ᠠ᠂ ᠳᠦᠰᠢᠮᠡᠳ ᠴᠡᠷᠢᠭ ᠮᠣᠷᠳᠠᠭᠤᠯᠵᠣ᠂ ᠵᠠᠬ᠎ᠠ ᠶᠢᠨ ᠬᠠᠷᠠᠭᠤᠯ ᠤᠨ ᠫᠣᠣ ᠵᠡᠪᠰᠡᠩ ᠢ ᠬᠤᠷᠢᠶᠠᠯᠭᠠᠵᠤ᠂ ᠬᠤᠰᠢᠭᠤ ᠵᠠᠬᠢᠷᠤᠭᠴᠢ ᠵᠠᠩᠭᠢ ᠮᠠᠩᠬᠠᠯᠠᠢ ᠶᠢ ᠬᠢᠯᠢᠰ ᠢᠶᠠᠷ ᠠᠯᠠᠵᠡᠢ᠃ ᠮᠥᠨ ᠮᠠᠶᠢᠷᠠᠨ ᠤ ᠵᠠᠩᠭᠢ ᠳᠦᠮᠡᠨᠵᠢᠷᠭᠠᠯ ᠪᠣᠯᠣᠨ ᠮᠠᠩᠬᠠᠯᠠᠢ ᠶᠢᠨ ᠬᠦᠪᠡᠬᠦᠨ ᠡᠷᠳᠡᠨᠢᠪᠠᠳᠣ᠂ ᠨᠠᠰᠣᠨᠪᠠᠳᠣ ᠨᠠᠷ ᠢ ᠪᠠᠷᠢᠪᠴᠢᠯᠠᠨ ᠠᠪᠴᠢᠷᠠᠵᠣ ᠠᠯᠠᠭᠤᠯᠬᠤ ᠪᠠᠷ ᠳᠦᠰᠢᠮᠡᠳ ᠴᠡᠷᠢᠭ ᠮᠣᠷᠳᠠᠭᠤᠯᠣᠭᠰᠠᠨ ᠤ ᠵᠡᠷᠭᠡ ᠪᠠᠷ ᠳ᠋ᠢᠩ ᠶᠤᠸᠠᠨ ᠢᠩ ᠤᠨ ᠦᠢᠷᠠᠯᠴᠠᠭ᠎ᠠ ᠪᠠᠭ ᠤᠳ ᠤᠨ ᠠᠶᠢᠯ ᠡᠷᠤᠭᠡ ᠶᠢᠨ ᠳᠠᠪᠣᠨ ᠬᠤᠰᠢᠭᠤ ᠮᠠᠯ ᠢ ᠳᠣᠨᠣᠨ ᠳᠡᠭᠡᠷᠡᠮᠳᠡᠵᠣ ᠨᠢᠩᠰᠢᠶᠠ ᠳᠤ ᠬᠦᠷᠭᠡᠭᠰᠡᠨ ᠵᠡᠷᠭᠡ ᠣᠯᠠᠭᠠᠨ ᠳᠡᠭᠡᠷᠡᠮ ᠤᠨ ᠦᠢᠮᠡᠭᠡᠨ ᠡᠬᠦᠰᠴᠣ ᠪᠠᠶᠢᠵᠡᠢ᠃ ᠶᠠᠬ ᠡᠨᠡ ᠦᠶ᠎ᠡ ᠳᠤ ᠮᠠᠤ ᠪᠠᠭᠠᠳᠣᠷ᠂ ᠹᠠᠨ ᠪᠦᠷᠬᠦᠳ ᠬᠤᠶᠠᠭᠤᠯᠠ ᠰᠠᠬᠢᠨ ᠬᠠᠮᠠᠭᠠᠯᠠᠵᠤ ᠪᠠᠶᠢᠭᠰᠠᠨ ᠬᠠᠷᠠᠭᠤᠯ ᠤᠨ ᠢᠶᠠᠨ ᠫᠣᠣ ᠵᠡᠪᠰᠠᠩ ᠢ ᠳᠣᠰᠢᠶᠠᠭᠰᠠᠨ ᠦᠭᠡᠢ ᠪᠠᠷ ᠴᠡᠷᠢᠭ ᠠᠷᠠᠳ ᠢ ᠴᠣᠭᠯᠠᠭᠤᠯᠤᠨ ᠮᠣᠷᠳᠠᠵᠣ᠂ ᠳᠦᠷᠪᠡᠳᠦᠭᠡᠷ ᠰᠠᠷ᠎ᠠ ᠶᠢᠨ ᠰᠢᠨ᠎ᠡ ᠶᠢᠨ ᠭᠤᠷᠪᠠᠨ ᠳᠤ ᠳ᠋ᠢᠩ ᠶᠤᠸᠠᠨ ᠢᠩ ᠬᠤᠳᠠ ᠶᠢ ᠪᠦᠰᠡᠯᠡᠨ ᠴᠣᠬᠢᠭᠰᠠᠨ ᠳᠤᠷ ᠬᠤᠰᠢᠭᠤ ᠳᠠᠶᠠᠭᠠᠷ ᠲᠤᠷ ᠳᠡᠭᠡᠷ᠎ᠡ ᠠᠴᠠ ᠳᠣᠷᠣᠭᠰᠢ᠂ ᠵᠡᠬᠦᠨ ᠪᠠᠷᠠᠭᠤᠨ ᠬᠠᠮᠵᠢᠯᠴᠠᠨ ᠪᠣᠰᠣᠯᠴᠠᠵᠣ᠂ ᠵᠢᠷᠭᠤᠭᠠᠨ ᠰᠠᠷ᠎ᠠ ᠭᠠᠷᠦᠢ ᠳᠣᠯᠣᠯᠳᠣᠭᠠᠳ ᠢᠷᠭᠠᠢ ᠶᠢᠨ ᠮᠠ ᠰᠧᠯᠢᠩ ᠠᠴᠠ ᠳᠣᠰᠠᠯᠠᠨ ᠢᠷᠡᠬᠦᠯᠦᠭᠰᠡᠨ ᠹᠧᠩ ᠶᠢᠩᠵᠨᠩ ᠤᠨ ᠴᠡᠷᠢᠭ ᠪᠣᠯᠣᠨ ᠰᠤ᠋ ᠢᠦᠢ ᠱᠧᠩ ᠤᠨ ᠴᠡᠷᠢᠭ ᠢ ᠨᠢᠭᠡ ᠯᠠ ᠳᠡᠭᠡᠷ᠎ᠡ ᠴᠣᠬᠢᠨ ᠣᠬᠤᠷᠢᠭᠤᠯᠣᠭᠰᠠᠨ ᠳᠤ᠂ ᠮᠧᠨ ᡁᠢ ᠵᠦᠩ ᠠᠷᠭ᠎ᠠ ᠮᠣᠬᠤᠷᠳᠠᠬᠤ ᠳᠠᠭᠠᠨ ᠨᠢᠭᠡ ᠳᠠᠯ᠎ᠠ ᠪᠠᠷ ᠳᠡᠭᠡᠷᠡᠬᠢ ᠶᠢᠨ ᠵᠢᠭᠠᠪᠤᠷᠢ ᠶᠢ ᠬᠦᠯᠢᠶᠡᠵᠤ᠂ ᠨᠦᠬᠦᠭᠡ ᠳᠠᠯ᠎ᠠ ᠪᠠᠷ ᠢᠦᠢ ᠴᠠᠩ ᠳ᠋ᠦᠩ ᠭᠡᠮᠡᠬᠦ ᠨᠢᠭᠡᠨ ᠬᠢᠳᠠᠳ ᠳᠦᠰᠢᠮᠡᠯ ᠢ ᠳᠣᠮᠢᠯᠠᠨ ᠳ᠋ᠢᠩ ᠶᠤᠸᠠᠨ ᠢᠩ ᠳᠤ ᠢᠷᠡᠬᠦᠯᠵᠤ᠂ ᠶᠠᠯᠠᠳᠠᠨ ᠶᠣᠣ ᠯᠢᠶᠠᠨ ᠪᠠᠩ ᠢ ᠪᠠᠷᠢᠪᠴᠢᠯᠠᠵᠤ ᠢᠷᠭᠠᠢ ᠳᠤ ᠬᠦᠷᠭᠡᠬᠦᠯᠦᠭᠰᠡᠨ ᠪᠦᠭᠡᠳ ᠬᠤᠳᠠᠯᠳᠣᠭᠠᠨ ᠤ ᠬᠤᠷᠠᠯ ᠤᠨ ᠬᠤᠳᠣᠩ ᠵᠧᠦ ᠰᠧ ᠪᠣᠯᠤᠨ ᠮᠠᠨᠵᠣ ᠳᠦᠰᠢᠮᠠᠯ ᠵᠣᠣ ᠱᠤᠸᠠᠩ ᠼᠠᠢ ᠨᠠᠷ ᠤᠨ ᠰᠠᠨᠠᠭᠤᠯᠭ᠎ᠠ ᠶᠢ ᠦᠨᠳᠦᠰᠦᠯᠡᠵᠤ᠂ ᠨᠣᠶᠠᠨ ᠢ ᠪᠡᠭᠡᠵᠢᠩ ᠠᠴᠠ ᠬᠤᠰᠢᠭᠤᠨ ᠳᠠᠭᠠᠨ ᠪᠠᠭᠤᠳᠠᠯ᠎ᠠ ᠬᠤᠰᠢᠭᠤᠨ ᠤ ᠵᠠᠰᠠᠭ ᠳᠠᠮᠠᠭ᠎ᠠ ᠶᠢ ᠳᠦᠷ ᠪᠠᠷᠠᠭᠤᠨ ᠭᠡᠶᠢᠳ ᠤᠨ ᠯᠠᠮᠠᠳᠠᠨ᠂ ᠳ᠋ᠧᠰᠡᠷᠢᠳ ᠬᠤᠳᠣᠭᠳᠣ ᠰᠠᠩᠵᠢᠵᠠᠮᠰᠣ ᠳᠤ ᠭᠠᠷᠳᠠᠭᠤᠯᠣᠨ ᠬᠠᠮᠢᠶᠠᠷᠤᠭᠤᠯᠬᠤ ᠪᠠᠷ ᠳᠣᠭᠳᠠᠵᠡᠢ᠃ ᠯᠠᠮᠠᠳᠠᠨ ᠮᠥᠨ ᠵᠢᠯ ᠤᠨ ᠠᠷᠪᠠᠳᠣᠭᠠᠷ ᠰᠠᠷ᠎ᠠ ᠶᠢᠨ ᠬᠤᠷᠢᠨ ᠵᠢᠷᠭᠤᠭᠠᠨ ᠤ ᠡᠳᠣᠷ ᠠᠴᠠ ᠡᠬᠢᠯᠡᠨ ᠳᠠᠮᠠᠭ᠎ᠠ ᠪᠠᠷᠢᠵᠡᠢ᠃ ᠳᠡᠬᠦᠨ ᠤ ᠳᠠᠷᠠᠭ᠎ᠠ ᠵᠢᠯ ︵1929 ᠣᠨ︶ ᠳᠤ ᠮᠠ ᠵᠦᠩ ᠢᠩ ᠤᠨ ᠳᠦᠮᠡᠨ ᠴᠡᠷᠢᠭ ᠮᠢᠨ ᠴᠢᠩ ᠰᠢᠶᠠᠨ ᠠᠴᠠ ᠭᠠᠷᠤᠭᠠᠳ ᠳ᠋ᠢᠩ ᠶᠤᠸᠠᠨ ᠢᠩ ᠢᠶᠠᠷ ᠦᠩᠭᠡᠷᠡᠵᠣ ᠨᠢᠩᠰᠢᠶᠠ ᠶᠢ ᠴᠣᠬᠢᠬᠤ ᠭᠡᠰᠡᠨ ᠴᠢᠮᠡᠭᠡ ᠶᠢ ᠣᠯᠵᠣ ᠰᠣᠨᠣᠰᠣᠮᠠᠭᠴᠠ ᠮᠠᠤ ᠪᠠᠭᠠᠳᠣᠷ᠂ ᠹᠠᠨ ᠪᠦᠷᠬᠦᠳ ᠬᠤᠶᠠᠭᠤᠯᠠ ᠠᠷᠪᠠᠭᠠᠳ ᠴᠡᠷᠢᠭ ᠳᠠᠭᠠᠭᠤᠯᠤᠨ ᠰᠢᠷᠠᠪᠦ᠋ᠷᠢᠳᠣ ᠭᠡᠬᠦ ᠭᠤᠣᠯ ᠤᠨ ᠡᠬᠢᠨ ᠳᠤ ᠣᠳᠴᠣ ᠮᠠ ᠵᠦᠩ ᠢᠩ ᠢ ᠣᠭᠳᠣᠨ ᠠᠭᠤᠯᠵᠠᠵᠣ ᠵᠠᠯᠠᠵᠣ ᠠᠪᠴᠢᠷᠠᠭᠠᠳ ᠳ᠋ᠢᠩ ᠶᠤᠸᠠᠨ ᠢᠩ ᠤᠨ ᠪᠠᠷᠠᠭᠤᠨ ᠰᠢᠯᠢ ᠳᠡᠭᠡᠷ᠎ᠡ ᠪᠠᠭᠤᠯᠭᠠᠭᠰᠠᠨ ᠤ ᠳᠠᠷᠠᠭ᠎ᠠ᠂ ᠬᠤᠰᠢᠭᠤᠨ ᠠᠴᠠ ᠪᠡᠯᠡᠭ ᠰᠢᠬᠦᠰᠣ ᠪᠠᠵᠠᠭᠠᠵᠤ ᠨᠢᠭᠡ ᠵᠠᠭᠤᠨ ᠳᠣᠯᠣᠭᠠᠢ ᠬᠤᠨᠢ ᠬᠦᠷᠭᠡᠭᠰᠡᠨ᠎ᠡ ᠳᠡᠳᠡ ᠮᠠᠨ ᠤ ᠬᠤᠰᠢᠭᠤ ᠶᠢ ᠳᠡᠭᠡᠷᠡᠮᠳᠡᠭᠰᠡᠨ ᠦᠭᠡᠢ ᠪᠦᠭᠡᠳ ᠶᠡᠭᠡ ᠯᠠ ᠪᠠᠶᠠᠷᠯᠠᠵᠤ ᠂ ᠵᠠᠮ ᠵᠠᠭᠤᠷ᠎ᠠ ᠪᠠᠨ ᠳᠡᠭᠡᠷᠡᠮᠳᠡᠨ ᠣᠯᠵᠣ ᠢᠷᠡᠭᠰᠡᠨ ᠬᠤᠪᠣᠷ ᠴᠣᠬᠠᠭ ᠡᠳ᠋ ᠪᠠᠷᠠᠭ᠎ᠠ᠂ ᠡᠯᠳᠡᠪ ᠳᠠᠸᠠᠷ᠂ ᠮᠤᠷᠢ ᠮᠠᠯ ᠢᠶᠠᠨ ᠬᠢᠮᠳᠠ ᠦᠨ᠎ᠡ ᠪᠠᠷ ᠬᠤᠳᠠᠯᠳᠣᠨ ᠦᠭᠬᠦᠭᠰᠡᠨ ᠤᠴᠢᠷ ᠠᠮᠣᠷ ᠰᠠᠶᠢᠨ ᠢᠶᠠᠷ ᠦᠩᠭᠡᠷᠡᠭᠡᠵᠤ ᠬᠤᠰᠢᠭᠤ ᠨᠣᠳᠤᠭ ᠢᠶᠠᠨ ᠬᠠᠮᠠᠭᠠᠯᠠᠨ ᠴᠢᠳᠠᠵᠡᠢ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号