ᠴᠢᠩᠭᠦᠨᠵᠠᠪ
ᠨᠡᠶᠢᠲᠡᠯᠡᠭᠰᠡᠨ ᠴᠠᠭ᠄
2019/11/14
     ᠴᠢᠩᠭᠦᠨᠵᠠᠪ ᠪᠤᠯ ᠮᠤᠩᠭᠤᠯ ᠤᠨ ᠬᠤᠳᠤᠭᠤᠢᠢᠳ ᠤᠪᠤᠭᠳᠠᠨ ᠤ ᠭᠦᠮᠦᠨ ᠶᠤᠮ᠃ ᠲᠠᠷᠡ ᠬᠤᠳᠤᠭᠤᠢᠢᠳ ᠤᠨ ᠰᠢᠳᠠᠷ ᠴᠡᠷᠢᠭ ᠤᠨ ᠸᠠᠩ ᠪᠦᠭᠡᠳ ᠲᠡᠭᠷᠢ ᠲᠠᠳᠭᠦᠭᠴᠢ ᠬᠠᠭᠠᠨ ᠲᠠᠭᠦᠨ ᠳᠤ ᠳᠤᠰᠠᠯᠠᠬᠤ ᠵᠠᠩᠵᠤᠨ ᠴᠤᠯᠠ ᠰᠤᠶᠤᠷᠬᠠᠵᠠᠢ᠃      1755 ᠤᠨ ᠳᠤ᠂ ᠴᠢᠩᠭᠦᠨᠵᠠᠪ ᠲᠡᠭᠷᠢ ᠲᠠᠳᠭᠦᠭᠴᠢ ᠬᠠᠭᠠᠨ ᠤ ᠵᠠᠷᠯᠢᠭ ᠢᠶᠠᠷ ᠦᠪᠠᠷ ᠤᠨ ᠬᠠᠷᠢᠶᠠᠳᠤ ᠵᠠᠰᠠᠭᠳᠤ ᠬᠠᠨ ᠠᠶᠢᠮᠠᠭ ᠤᠨ ᠮᠤᠩᠭᠤᠯ ᠴᠡᠷᠢᠭ ᠢᠶᠠᠨ ᠵᠠᠭᠢᠷᠴᠤ᠂ ᠵᠦᠡᠭᠭᠠᠷ ᠤᠨ ᠲᠠᠸᠠᠴᠢ ᠶᠢ ᠲᠠᠶᠢᠯᠠᠬᠤ ᠪᠠᠷ ᠮᠤᠷᠳᠠᠵᠠᠢ᠃ ᠴᠢᠩᠭᠦᠨᠵᠠᠪ ᠵᠦᠡᠭᠭᠠᠷ ᠤᠨ ᠠᠮᠤᠷᠰᠠᠨᠠᠭ᠎ᠠ᠂ ᠬᠤᠷᠴᠢᠨ ᠤ ᠡᠹᠦ᠋ ᠰᠠᠳᠠᠨᠪᠠᠯᠵᠤᠤᠷ ᠨᠠᠷ ᠯᠤᠭ᠎ᠠ ᠬᠠᠮᠳᠤ ᠮᠤᠷᠳᠠᠵᠤ ᠶᠠᠪᠤᠬᠤ ᠵᠠᠮ ᠵᠠᠭᠤᠷ᠎ᠠ ᠪᠠᠨ ︽ᠬᠠᠯᠬ᠎ᠠ᠂ ᠵᠦᠡᠭᠭᠠᠷ᠂ ᠦᠪᠤᠷ ᠮᠤᠩᠭᠤᠯ ᠬᠠᠮᠳᠤᠷᠠᠨ ᠮᠠᠨᠵᠤ ᠶᠢᠨ ᠡᠰᠡᠷᠭᠦ ᠪᠤᠰᠤᠯᠴᠠᠨ ᠡᠰᠡᠷᠭᠦᠴᠡᠵᠤ᠂ ᠳᠤᠰᠠᠭᠠᠷ ᠳᠤᠭᠳᠠᠨᠢᠭᠰᠠᠨ ᠮᠤᠩᠭᠤᠯ ᠤᠯᠤᠰ ᠢ ᠰᠠᠷᠭᠦᠭᠡᠨ ᠪᠠᠶᠢᠭᠤᠯᠤᠶ᠎ᠠ︾ ᠭᠡᠵᠤ  ᠭᠡᠯᠡᠯᠴᠡᠨ ᠳᠤᠭᠳᠠᠭᠰᠠᠨ ᠪᠠᠶᠢᠵᠠᠢ᠃ ᠡᠳᠡᠭᠡᠷ ᠢ ᠡᠯᠴᠢ ᠠᠴᠠ ᠲᠡᠭᠷᠢ ᠲᠠᠳᠭᠦᠭᠴᠢ ᠬᠠᠭᠠᠨ ᠳᠤ ᠮᠠᠳᠡᠭᠦᠯᠦᠭᠰᠡᠨ ᠳᠤ᠂ ᠲᠡᠭᠷᠢ ᠲᠠᠳᠭᠦᠭᠴᠢ ᠬᠠᠭᠠᠨ ᠪᠠᠰᠠ ᠴᠢᠩᠭᠦᠨᠵᠠᠪ ᠢ ᠤᠷᠢᠶᠠᠩᠬᠠᠢ ᠶᠢᠨ ᠵᠠᠩ ᠲᠠᠳᠬᠠᠯ ᠢ ᠰᠠᠶᠢᠨ ᠮᠠᠳᠡᠭᠦ ᠭᠡᠵᠤ ᠬᠠᠨ — ᠬᠠᠳᠠᠨ ᠤ ᠭᠤᠤᠯ ᠤᠨ ᠤᠷᠢᠶᠠᠩᠬᠠᠢᠢᠴᠤᠳ ᠢ ᠲᠠᠭᠠᠭᠤᠯᠤᠨ ᠤᠷᠤᠭᠤᠯᠬᠤ ᠪᠠᠷ ᠶᠠᠪᠤᠭᠤᠯᠤᠭᠰᠠᠨ ᠪᠠᠶᠢᠨ᠎ᠠ᠃ ᠴᠢᠩᠭᠦᠨᠵᠠᠪ ᠢ ᠰᠠᠯᠭᠠᠨ ᠶᠠᠪᠤᠭᠤᠯᠬᠤ ᠳᠤ ᠠᠮᠤᠷᠰᠠᠨᠠᠭ᠎ᠠ ᠶᠡᠭᠡᠯ᠎ᠠ ᠳᠤᠷ᠎ᠠ ᠦᠭᠡᠶᠢᠴᠡᠵᠤ ᠪᠠᠶᠢᠪᠠ᠃ 1756 ᠤᠨ ᠳᠤ ᠂ ᠴᠢᠩᠭᠦᠨᠵᠠᠪ ᠤᠷᠢᠶᠠᠩᠬᠠᠢ ᠠᠴᠠ ᠴᠡᠷᠢᠭ ᠢᠶᠠᠨ ᠠᠪᠴᠤ ᠨᠤᠳᠤᠭ ᠵᠦᠭ ᠢᠶᠠᠨ ᠪᠤᠴᠠᠬᠤ ᠵᠠᠮ ᠵᠠᠭᠤᠷ᠎ᠠ ᠪᠠᠨ ᠤᠯᠢᠶᠠᠰᠤᠳᠠᠢ ᠤᠷᠴᠢᠮ ᠳᠤ ᠬᠠᠯᠬ᠎ᠠ ᠶᠢᠨ ᠴᠧᠪᠳᠠᠨ ᠪᠠᠶᠢᠯᠠ᠂ ᠠᠮᠷᠢᠨ ᠭᠦᠡᠭ ᠨᠠᠷ ᠲᠠᠢ ᠨᠠᠶᠢᠯᠠᠵᠤ᠂ ᠴᠢᠩ ᠤᠯᠤᠰ ᠠᠴᠠ ᠤᠷᠪᠠᠵᠤ ᠪᠤᠰᠤᠯᠭ᠎ᠠ ᠭᠠᠷᠭᠠᠬᠤ ᠳᠤᠬᠠᠢ ᠤᠴᠢᠷ ᠢ ᠭᠡᠯᠡᠯᠴᠡᠨ᠂ ᠤᠯᠢᠶᠠᠰᠤᠳᠠᠢ ᠳᠤ ᠭᠦᠮᠦᠨ ᠳᠤᠮᠢᠯᠠᠵᠤ ᠢᠳᠬᠠᠨ᠂ ᠤᠯᠠᠨ ᠬᠠᠷᠠᠭᠤᠯ᠂ ᠦᠷᠳᠡᠭᠡᠨ ᠤ ᠴᠡᠷᠢᠭ ᠲᠤ ᠤᠬᠠᠭᠤᠯᠭ᠎ᠠ ᠶᠢᠨ ᠵᠠᠷ ᠪᠢᠴᠢᠭ ᠲᠠᠷᠬᠠᠭᠠᠵᠤ ᠪᠤᠰᠤᠯᠭ᠎ᠠ ᠭᠠᠷᠭᠠᠬᠤ ᠶᠢ ᠤᠷᠢᠶᠠᠯᠠᠪᠠ᠃ ᠡᠭᠦᠨ ᠤ ᠬᠠᠮᠳᠤ ᠪᠠᠰᠠ ᠬᠠᠯᠬ᠎ᠠ ᠶᠢᠨ ᠨᠤᠶᠠᠳ ᠢᠵᠠᠭᠤᠷᠳᠠᠳ ᠲᠤ ᠨᠢᠭᠤᠴᠠ ᠪᠢᠴᠢᠭ ᠦᠭᠴᠤ᠂ ᠴᠢᠩ ᠤᠯᠤᠰ ᠤᠨ ᠨᠤᠶᠠᠷᠬᠠᠯ ᠠᠴᠠ ᠰᠠᠯᠬᠤ ᠶᠢ ᠤᠬᠠᠭᠤᠯᠤᠨ ᠤᠷᠢᠶᠠᠯᠠᠭᠰᠠᠨ ᠪᠢᠯᠠ᠃ 1756 ᠤᠨ ᠳᠤ᠂ ᠲᠦᠰᠢᠶᠠᠳᠤ ᠬᠠᠨ ᠶᠠᠮᠫᠢᠯᠳᠤᠷᠵᠢ᠂ ᠵᠠᠰᠠᠭ ᠬᠠᠨ ᠪᠠᠯᠳᠠᠷ᠂ ᠰᠠᠴᠡᠨ ᠮᠠᠨᠢᠪᠡᠳᠠᠷ᠎ᠠ᠂ ᠰᠠᠶᠢᠨ ᠨᠤᠶᠠᠨ ᠳᠧᠴᠢᠨᠵᠠᠪ᠂ ᠡᠹᠦ᠋ ᠴᠢᠨ ᠸᠠᠩ ᠴᠢᠩᠭᠦᠨᠵᠠᠪ ︵ᠦᠭᠡᠷ᠎ᠠ ᠭᠦᠮᠦᠨ︶ ᠨᠠᠷ ᠲᠠᠢ ᠶᠡᠭᠡ ᠬᠦᠷᠢᠶᠠᠨ ︵ ᠤᠳᠤ ᠶᠢᠨ ᠤᠯᠠᠭᠠᠨᠪᠠᠭᠠᠳᠤᠷ︶ ᠳᠤ ᠴᠡᠷᠢᠭ ᠨᠠᠶᠢᠯᠡᠭᠦ ᠭᠡᠵᠠᠢ᠃ ᠶᠠᠮᠫᠢᠯᠳᠤᠷᠵᠢ᠂ ᠪᠠᠯᠳᠠᠷ᠂ ᠮᠠᠨᠢᠪᠠᠳᠠᠷ᠎ᠠ᠂ ᠲᠧᠴᠢᠨᠵᠠᠪ ᠨᠠᠷ ᠪᠤᠰᠤᠯᠭ᠎ᠠ ᠶᠢᠨ ᠤᠴᠢᠷ ᠢ ᠭᠦᠷᠢᠶᠠᠯᠠᠵᠤ ᠪᠠᠶᠢᠭᠰᠠᠨ ᠭᠦᠮᠦᠰ ᠪᠤᠯᠬᠤᠷ ᠳᠤᠷᠠᠳᠠᠶ᠎ᠠ ᠬᠦᠯᠢᠶᠠᠨ ᠠᠪᠴᠤ ᠨᠠᠶᠢᠯᠡᠭᠦ ᠪᠠᠷ ᠪᠤᠯᠪᠠ᠃ ᠭᠡᠪᠡᠴᠤ ᠶᠡᠭᠡ ᠭᠦᠷᠢᠶᠠᠨ ᠳᠤ ᠴᠢᠩ ᠤᠯᠤᠰ ᠠᠴᠠ ᠭᠢᠨᠠᠯᠳᠠ ᠪᠠᠨ ᠴᠢᠩᠭᠠᠳᠬᠠᠭᠰᠠᠨ ᠮᠦᠷᠳᠡᠭᠡᠨ ᠴᠢᠨ ᠸᠠᠩ ᠴᠢᠩᠭᠦᠨᠵᠠᠪ ᠮᠠᠨᠵᠤ ᠶᠢᠨ ᠲᠠᠯ᠎ᠠ ᠳᠤ ᠵᠤᠭᠰᠤᠵᠤ ᠪᠠᠶᠢᠭᠰᠠᠨ ᠤᠴᠢᠷ ᠠᠴᠠ ᠴᠡᠷᠢᠭ ᠨᠠᠶᠢᠯᠡᠭᠦ ᠳᠤ ᠶᠠᠷᠰᠢᠭ ᠲᠠᠢ ᠪᠤᠯᠵᠠᠢ᠃ 1756 ᠤᠨ ᠳᠤ᠂ ᠬᠠᠯᠬᠠᠴᠤᠳ ᠮᠠᠨᠵᠤ ᠶᠢ ᠡᠰᠡᠷᠭᠦᠴᠡᠭᠰᠡᠨ ᠪᠤᠰᠤᠯᠭ᠎ᠠ ᠭᠠᠷᠭᠠᠵᠤ᠂ ᠴᠢᠩᠭᠦᠨᠵᠠᠪ ᠤᠨ ᠳᠤᠭ ᠤᠨ ᠳᠤᠤᠷ᠎ᠠ ᠬᠤᠶᠠᠷ ᠮᠢᠩᠭ᠎ᠠ ᠭᠠᠷᠤᠢ ᠴᠡᠷᠢᠭ ᠴᠤᠭᠯᠠᠷᠠᠵᠤ᠂ ᠴᠢᠩᠭᠦᠨᠵᠠᠪ ᠡᠳᠡᠭᠡᠷ ᠴᠡᠷᠢᠭ ᠢᠶᠠᠨ ᠵᠠᠭᠢᠷᠴᠤ ᠶᠡᠭᠡ ᠭᠦᠷᠢᠶ᠎ᠠ ᠶᠢ ᠲᠠᠭᠠᠷᠢᠨ ᠴᠤᠭᠢᠭᠰᠠᠨ ᠶᠤᠮ᠃ ᠭᠡᠪᠡᠴᠤ ᠲᠠᠳᠠᠨ ᠤ ᠴᠡᠷᠢᠭ ᠴᠦᠭᠡᠨ᠂ ᠭᠦᠴᠤᠨ ᠪᠠᠭᠤᠷᠠᠢ ᠳᠤᠯᠠ ᠶᠡᠭᠡ ᠭᠦᠷᠢᠶ᠎ᠠ ᠶᠢ ᠪᠦᠷᠢᠮᠤᠰᠤᠨ ᠡᠵᠡᠯᠡᠭᠦ ᠳᠤ ᠪᠠᠷᠭᠡ ᠲᠠᠢ ᠭᠡᠳ ᠲᠠᠨᠳᠡᠭᠢ ᠭᠡᠳᠤ ᠭᠡᠳᠤᠨ ᠪᠠᠶᠠᠨ ᠬᠤᠳᠠᠯᠳᠤᠭᠠᠴᠢᠨ ᠤ ᠫᠦᠰᠠ ᠶᠢ ᠳᠤᠪᠳᠤᠯᠤᠨ ᠤᠤᠯᠭᠠᠯᠠᠭᠠᠳ ᠴᠡᠷᠢᠭ ᠢᠶᠠᠨ ᠤᠬᠤᠷᠢᠭᠤᠯᠤᠭᠰᠠᠨ ᠪᠠᠶᠢᠨ᠎ᠠ᠃ ᠮᠠᠨᠵᠤ ᠶᠢᠨ ᠴᠡᠷᠢᠭ ᠨᠡᠭᠡᠮᠵᠢᠯᠡᠭᠰᠡᠨ ᠪᠤᠯᠪᠠᠴᠤ ᠨᠤᠮᠤ ᠰᠤᠮᠤ ᠪᠠᠷ ᠬᠠᠷᠪᠤᠵᠤ ᠤᠬᠤᠷᠢᠭᠤᠯᠵᠠᠢ᠃ 1757 ᠤᠨ ᠳᠤ᠂ ᠴᠢᠩᠭᠦᠨᠵᠠᠪ ᠬᠠᠯᠬ᠎ᠠ ᠶᠢᠨ ᠡᠮᠤᠨᠡᠳᠤ ᠭᠡᠰᠡᠭ ᠤᠨ ᠬᠠᠷᠠᠴᠢᠨ ᠤ ᠦᠷᠳᠡᠭᠡ ᠨᠦᠭᠦᠳ ᠪᠤᠯᠤᠨ ᠨᠠᠮᠢᠷ — ᠱᠠᠭᠠᠵᠠᠭᠠᠢ᠂ ᠭᠤᠷᠪᠠᠨ ᠴᠠᠷ ᠬᠤᠶᠠᠷ ᠤᠨ ᠬᠤᠭᠤᠷᠤᠨᠳᠤᠭᠢ ᠮᠠᠨᠵᠤ ᠴᠡᠷᠢᠭ ᠤᠳ ᠢ ᠳᠤᠪᠳᠤᠯᠪᠠ᠃  ᠳᠤᠰ ᠤᠷᠤᠨ ᠳᠤ ᠳᠤᠯᠤᠭᠠᠨ ᠵᠠᠭᠤ ᠭᠠᠷᠤᠢ ᠮᠠᠨᠵᠤ ᠶᠢᠨ ᠴᠡᠷᠢᠭ ᠪᠠᠶᠢᠭᠰᠠᠨ ᠢ ᠴᠢᠩᠭᠦᠨᠵᠠᠪ ᠴᠡᠷᠢᠭ ᠢᠶᠠᠨ ᠵᠠᠭᠢᠷᠴᠤ ᠪᠠᠶᠢᠯᠳᠤᠨ ᠬᠤᠶᠠᠷ ᠵᠠᠭᠤ ᠰᠢᠬᠠᠮ ᠮᠠᠨᠵᠤ ᠶᠢᠨ ᠴᠡᠷᠢᠭ ᠢ ᠤᠰᠠᠳᠬᠠᠭᠰᠠᠨ ᠪᠠᠶᠢᠨ᠎ᠠ᠃ ᠴᠢᠩᠭᠦᠨᠵᠠᠪ ᠢᠯᠠᠯᠳᠠ ᠶᠢᠨ ᠡᠷᠴᠢᠨ ᠲᠠᠭᠡᠷ᠎ᠠ ᠪᠠᠨ ᠬᠠᠯᠬ᠎ᠠ ᠮᠤᠩᠭᠤᠯ ᠳᠤ ᠬᠢ ᠴᠢᠩ ᠤᠯᠤᠰ ᠤᠨ ᠨᠤᠶᠠᠷᠬᠠᠯ ᠤᠨ ᠭᠤᠤᠯ ᠪᠠᠭᠢᠯᠠᠯᠳᠠ ᠴᠠᠶᠢᠵᠠ ᠪᠤᠯᠵᠤ ᠪᠠᠶᠢᠭᠰᠠᠨ ᠤᠯᠢᠶᠠᠰᠤᠳᠠᠢ ᠬᠤᠳᠠ ᠶᠢ ᠲᠠᠭᠠᠷᠢᠨ ︽ᠮᠤᠷᠢ᠂ ᠲᠠᠮᠡᠭᠡ ᠶᠢ ᠨᠢ ᠪᠤᠯᠢᠶᠠᠨ ᠠᠪᠳᠤᠭᠠᠢ︾ ᠭᠡᠵᠤ ᠳᠤᠤᠷᠠᠭᠢ ᠴᠡᠷᠢᠭ ᠲᠤ ᠪᠠᠨ ᠵᠠᠷᠯᠢᠭ ᠪᠠᠭᠤᠯᠭᠠᠵᠤ ᠪᠢᠯᠠ᠃ ᠲᠠᠭᠡᠭᠡᠳ ᠪᠠᠰᠠ ᠤᠯᠢᠶᠠᠰᠤᠳᠠᠢ ᠶᠢᠨ ᠪᠠᠶᠢᠳᠠᠯ ᠪᠠ ᠴᠡᠷᠢᠭ ᠤᠨ ᠳᠤᠭ᠎ᠠ ᠶᠢ ᠳᠤᠷᠰᠢᠨ ᠪᠠᠶᠢᠴᠠᠭᠠᠵᠤ ᠦᠵᠡᠪᠡ᠃ ᠡᠨᠡ ᠭᠦ ᠪᠠᠶᠢᠳᠠᠯ ᠢ ᠲᠡᠭᠷᠢ ᠲᠠᠳᠭᠦᠭᠴᠢ ᠬᠠᠭᠠᠨ ᠮᠠᠳᠡᠭᠡᠳ ᠡᠹᠦ᠋ ᠴᠢᠨ ᠸᠠᠩ ᠴᠢᠩᠭᠦᠨᠵᠠᠪ ᠢ ᠤᠯᠢᠶᠠᠰᠤᠳᠠᠢ ᠶᠢᠨ ᠵᠠᠩᠵᠤᠨ ᠢᠶᠠᠷ ᠡᠷᠭᠦᠮᠵᠢᠯᠠᠵᠤ᠂ ᠰᠢᠳᠠᠷ ᠴᠢᠩᠭᠦᠨᠵᠠᠪ ᠢ ᠲᠠᠷᠤᠢ ᠳᠤ ᠨᠢ ᠪᠠᠷᠢᠪᠴᠢᠯᠠᠨ ᠤᠷᠪᠠᠯᠭ᠎ᠠ ᠶᠢ ᠲᠠᠷᠤᠩᠭᠤᠢᠢᠯᠠᠬᠤ ᠪᠠᠷ ᠤᠴᠢᠭᠤᠯᠵᠤ᠂ ᠪᠠᠰᠠ ᠭᠦᠬᠡᠬᠤᠳᠠ ᠠᠴᠠ ᠬᠤᠶᠠᠷ ᠮᠢᠩᠭᠠᠨ ᠴᠡᠷᠢᠭ ᠭᠠᠷᠭᠠᠵᠤ ᠳᠤᠰᠠᠯᠠᠭᠤᠯᠵᠠᠢ᠃      ᠤᠯᠢᠶᠠᠰᠤᠳᠠᠢ ᠶᠢᠨ ᠵᠠᠩᠵᠤᠨ ᠪᠤᠯᠤᠭᠰᠠᠨ ᠡᠹᠦ᠋ ᠴᠢᠨ ᠸᠠᠩ ᠴᠢᠩᠭᠦᠨᠵᠠᠪ ᠭᠡᠳᠤᠨ ᠮᠢᠩᠭᠠᠨ ᠴᠡᠷᠢᠭ ᠢᠶᠠᠨ ᠵᠠᠭᠢᠷᠴᠤ ᠂ ᠰᠢᠳᠠᠷ ᠴᠢᠩᠭᠦᠨᠵᠠᠪ ᠤᠨ ᠴᠡᠷᠢᠭ ᠲᠤ ᠭᠦᠨᠳᠤ ᠴᠤᠭᠢᠯᠳᠠ ᠦᠭᠴᠤ᠂ ᠬᠤᠳᠤᠭᠤᠢᠢᠳ ᠲᠤ ᠲᠠᠭᠠᠷᠢᠨ ᠤᠷᠤᠭᠰᠠᠨ ᠳᠤ᠂ ᠰᠢᠳᠠᠷ ᠴᠢᠩᠭᠦᠨᠵᠠᠪ ᠤᠨ ᠴᠡᠷᠢᠭ ᠤᠨ ᠭᠤᠤᠯ ᠭᠦᠴᠤᠨ ᠨᠢ ᠭᠦᠨᠳᠤ ᠬᠤᠭᠢᠷᠠᠯ ᠠᠮᠰᠠᠪᠠ᠃ ᠤᠷᠢᠳ ᠨᠠᠶᠢᠯᠡᠭᠰᠡᠨ ᠤᠯᠠᠩᠭᠢ ᠨᠤᠶᠠᠳ ᠠᠴᠠ ᠴᠢᠩ ᠤᠯᠤᠰ ᠤᠨ ᠴᠡᠷᠢᠭᠯᠡᠨ ᠢᠷᠡᠭᠦ ᠶᠢ ᠰᠤᠨᠤᠰᠤᠭᠠᠳ ᠳᠤᠰ ᠳᠤᠰ ᠤᠨ ᠴᠡᠷᠢᠭ ᠢᠶᠠᠨ ᠠᠪᠴᠤ ᠰᠠᠯᠤᠨ ᠤᠳᠤᠭᠰᠠᠨ ᠳᠤ᠂ ᠰᠢᠳᠠᠷ ᠴᠢᠩᠭᠦᠨᠵᠠᠪ ᠤᠨ ᠴᠡᠷᠢᠭ ᠶᠡᠭᠡ ᠪᠠᠷ ᠴᠦᠭᠡᠷᠡᠭᠰᠡᠨ ᠪᠠᠶᠢᠨ᠎ᠠ᠃ ᠴᠢᠩᠭᠦᠨᠵᠠᠪ ᠴᠢᠩ ᠤᠯᠤᠰ ᠤᠨ ᠴᠡᠷᠢᠭ ᠲᠠᠢ ᠰᠢᠭᠤᠳ ᠪᠠᠶᠢᠯᠳᠤᠬᠤ ᠭᠦᠴᠤᠨ ᠦᠭᠡᠢ ᠪᠤᠯᠵᠤ᠂ ᠱᠢᠰᠭᠢᠳ ᠭᠤᠤᠯ ᠵᠦᠭ ᠠᠷᠭ᠎ᠠ ᠪᠤᠰᠤ ᠤᠬᠤᠷᠢᠪᠠ᠃ ᠲᠠᠭᠦᠨ ᠤ ᠲᠠᠷᠠᠭ᠎ᠠ ᠴᠢᠩᠭᠦᠨᠵᠠᠪ ᠤᠷᠤᠰ ᠵᠦᠭ  ᠵᠢᠭᠤᠳᠠᠨ ᠶᠠᠪᠤᠵᠤ ᠪᠠᠶᠢᠭᠠᠳ ᠮᠠᠨᠵᠤ ᠶᠢᠨ ᠴᠡᠷᠢᠭ ᠲᠤ ᠪᠠᠷᠢᠭᠳᠠᠨ᠂ ᠭᠡᠷ ᠪᠦᠯᠢ᠂ ᠡᠭᠡᠨᠠᠷ ᠭᠡᠤᠭᠡᠳ ᠲᠠᠢ ᠪᠠᠨ ᠪᠡᠭᠡᠵᠢᠩ ᠳᠤ ᠭᠦᠷᠭᠡᠭᠳᠡᠵᠤ᠂ 1757 ᠤᠨ ᠤ 3 ᠰᠠᠷ᠎ᠠ ᠶᠢᠨ 11 ᠤ ᠡᠳᠤᠷ ᠪᠠᠶ᠎ᠠ ᠪᠠᠷᠠᠵᠠᠢ᠃ ᠴᠢᠩᠭᠦᠨᠵᠠᠪ ᠪᠤᠯ ᠮᠠᠨᠵᠤ ᠴᠢᠩ ᠤᠯᠤᠰ ᠤᠨ ᠮᠤᠩᠭᠤᠯ ᠳᠤ ᠶᠠᠪᠤᠭᠤᠯᠤᠭᠰᠠᠨ ᠬᠠᠷᠭᠢᠰ ᠨᠤᠶᠠᠷᠬᠠᠯ ᠢ ᠡᠰᠠᠷᠭᠦᠴᠡᠵᠤ᠂ ᠮᠤᠩᠭᠤᠯ ᠤᠨ ᠳᠤᠰᠠᠭᠠᠷ ᠳᠤᠭᠳᠠᠨᠢᠯ ᠤᠨ ᠲᠦᠯᠤᠭᠡ ᠲᠠᠮᠠᠴᠡᠵᠤ ᠶᠠᠪᠤᠭᠰᠠᠨ ᠭᠦᠮᠦᠨ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号