| | ᠳᠡᠮᠤᠷᠳᠠᠰᠢ ᠪᠤᠯ ᠤᠶᠢᠷᠠᠳ ᠠᠶᠢᠮᠠᠭ ᠤᠨ ᠬᠦᠮᠤᠨ ᠪᠤᠯᠤᠨ᠎ᠠ᠃ ᠳᠡᠭᠦᠨ ᠤ ᠡᠴᠢᠭᠡ ᠨᠢ ᠴᠦᠪᠠᠨ ᠪᠤᠯᠬᠤ ᠪᠦᠭᠡᠳ | ᠡᠬᠡ ᠨᠢ ᠠᠷᠢᠠᠨᠪᠦ᠋ᠭᠡ ᠶᠢᠨ ᠬᠤᠳᠤᠭᠳᠠᠢ ᠬᠠᠳᠤᠨ ᠠᠴᠠ ᠲᠦᠷᠦᠭᠰᠡᠨ ᠨᠠᠮᠤᠬᠠᠨ ᠬᠦᠡᠭᠵᠤ ᠪᠤᠯᠤᠨ᠎ᠠ᠃ | 1317 ᠤᠨ ᠳᠤ᠂ ᠪᠦᠰᠠᠶᠢᠨ ᠢᠯ ᠬᠠᠨ ᠤᠯᠤᠰ ᠤᠨ ᠶᠢᠰᠤᠳᠤᠭᠡᠷ ᠦᠶ᠎ᠡ ᠶᠢᠨ ᠬᠠᠨ ᠡᠷᠭᠦᠮᠵᠢᠯᠡᠭᠳᠡᠭᠰᠡᠨ ᠤ | ᠳᠠᠷᠠᠭ᠎ᠠ᠂ ᠳᠡᠮᠤᠷᠳᠠᠰᠢ ᠶᠢ ᠷᠤᠮ ᠤᠨ ᠨᠤᠶᠠᠨ ᠡᠷᠭᠦᠮᠵᠢᠯᠡᠪᠡ᠃ 1322 ᠤᠨ ᠳᠤ᠂ ᠳᠡᠮᠤᠷᠳᠠᠰᠢ ᠦᠪᠡᠷ ᠤᠨ ᠪᠡᠶ᠎ᠡ | ᠪᠠᠨ ᠬᠠᠨ ᠡᠷᠭᠦᠮᠵᠢᠯᠡᠵᠦ᠂ ᠶᠧᠵᠢᠫᠲ ᠤᠨ ᠰᠤᠯᠳᠠᠨ ᠨᠠᠰᠢᠷ ᠲᠤ ᠡᠯᠴᠢ ᠢᠯᠡᠭᠡᠨ᠄ ᠪᠢ ᠫᠧᠷᠰ ᠢ ᠪᠠᠶᠢᠯᠳᠤᠨ | ᠡᠵᠡᠯᠡᠬᠦ ᠪᠠᠷ ︽ᠲᠦᠯᠦᠪᠯᠡᠵᠦ ᠪᠠᠶᠢᠭ᠎ᠠ ᠲᠤᠯᠠ ᠳᠤᠰᠠᠯᠠᠬᠤ ᠴᠡᠷᠢᠭ ᠢᠷᠡᠭᠦᠯᠬᠦ ᠶᠢ ᠬᠦᠰᠡᠶ᠎ᠡ︕︾ ᠭᠡᠵᠦ ᠭᠡᠯᠡᠭᠦᠯᠪᠡ | ᠃ ᠡᠨᠡᠬᠦ ᠴᠢᠮᠡᠭᠡ ᠶᠢ ᠴᠦᠪᠠᠨ ᠤᠯᠵᠤ ᠰᠤᠨᠤᠰᠤᠭᠠᠳ ᠶᠡᠭᠡᠳᠡ ᠰᠤᠴᠢᠵᠤ᠄ ︽ᠪᠢ ᠦᠪᠡᠷ ᠢᠶᠠᠨ ᠴᠡᠷᠢᠭᠯᠡᠵᠦ | ᠬᠦᠪᠡᠭᠦᠨ ᠲᠠᠢ ᠪᠠᠨ ᠪᠠᠶᠢᠯᠳᠤᠶᠠ︕ ᠲᠡᠷᠡ ᠭᠡᠷᠪᠡ ᠤᠷᠤᠵᠤ ᠦᠭᠪᠡᠯ ᠠᠮᠢᠳᠤ ᠪᠠᠷ ᠪᠠᠷᠢᠪᠴᠢᠯᠠᠨ ᠠᠪᠴᠢᠷᠠᠵᠤ᠂ | ᠤᠷᠤᠵᠤ ᠦᠭᠬᠦ ᠦᠭᠡᠢ ᠪᠤᠯ ᠲᠤᠯᠤᠭᠠᠢ ᠶᠢ ᠨᠢ ᠤᠭᠳᠤᠯᠤᠨ ᠠᠪᠴᠢᠷᠠᠵᠤ ᠡᠷᠭᠦᠶ᠎ᠡ︾ ᠭᠡᠵᠦ ᠪᠦᠰᠠᠶᠢᠨ ᠠᠴᠠ | ᠭᠤᠶᠤᠴᠢᠯᠠᠪᠠ᠃ ᠳᠡᠭᠡᠭᠡᠳ ᠴᠦᠪᠠᠨ ᠶᠡᠭᠡ ᠴᠡᠷᠢᠭ ᠠᠪᠴᠤ ᠷᠤᠮ ᠳᠤ ᠬᠦᠷᠦᠭᠰᠡᠨ ᠳᠤ ᠳᠡᠮᠤᠷᠳᠡᠰᠢ ᠭᠡᠳᠦ᠋ᠢᠪᠡᠷ | ᠪᠠᠶᠢᠯᠳᠤᠬᠤ ᠪᠠᠷ ᠪᠡᠯᠡᠳᠭᠡᠵᠦ ᠪᠠᠶᠢᠭᠰᠠᠨ ᠪᠤᠯᠪᠠᠴᠤ ᠳᠤᠤᠷᠠᠬᠢ ᠬᠦᠮᠦᠰ ᠨᠢ ᠳᠠᠬᠢᠨ ᠳᠠᠪᠳᠠᠨ ᠭᠡᠯᠡᠨ ᠢᠳᠬᠠᠭᠰᠠᠨ | ᠪᠤᠯᠬᠤᠷ ᠠᠷᠭ᠎ᠠ ᠪᠤᠰᠤ ᠴᠡᠷᠢᠭ ᠢᠶᠠᠨ ᠬᠤᠷᠢᠶᠠᠭᠠᠳ ᠡᠴᠢᠭᠡ ᠲᠠᠢ ᠪᠠᠨ ᠪᠠᠷᠠᠭᠠᠳᠠᠵᠠᠢ᠃ ᠳᠡᠶᠢᠨ ᠬᠦ ᠴᠦᠪᠡᠨ | ᠬᠦᠪᠡᠭᠦᠨ ᠢᠶᠠᠨ ᠪᠠᠷᠢᠪᠴᠢᠯᠠᠨ ᠠᠪᠤᠭᠠᠳ ᠬᠠᠨ ᠤ ᠤᠷᠳᠤᠨ ᠳᠤ ᠬᠦᠷᠭᠡᠵᠦ ᠢᠷᠡᠭᠰᠡᠨ ᠳᠤ᠂ ᠪᠦᠰᠠᠶᠢᠨ ᠡᠴᠢᠭᠡ ᠶᠢᠨ | ᠬᠢᠨᠢ ᠭᠠᠪᠢᠶ᠎ᠠ ᠶᠢ ᠰᠠᠨᠠᠭᠠᠯᠵᠠᠭᠠᠳ᠂ ᠳᠡᠮᠤᠷᠳᠠᠰᠢ ᠶᠢ ᠳᠠᠬᠢᠨ ᠷᠤᠮ ᠤᠨ ᠨᠤᠶᠠᠨ ᠡᠷᠭᠦᠮᠵᠢᠯᠡᠵᠡᠢ᠃ | 1327 ᠤᠨ ᠤ 8 ᠰᠠᠷ᠎ᠠ ᠶᠢᠨ 22 ᠤᠨ ᠡᠳᠤᠷ᠂ ᠳᠡᠮᠤᠷᠳᠠᠰᠢ ᠡᠬᠡᠨᠠᠷ ᠭᠡᠦᠭᠡᠳ ᠪᠤᠯᠤᠨ ᠠᠴᠢᠶ᠎ᠠ ᠬᠦᠰᠭᠡ ᠪᠠᠨ | ᠡᠺᠷᠢᠳᠦ᠋ᠷ ᠲᠤ ᠦᠯᠡᠳᠡᠭᠡᠵᠦ᠂ ᠦᠪᠡᠷ ᠢᠶᠠᠨ ᠶᠡᠭᠡ ᠴᠡᠷᠢᠭ ᠢ ᠠᠪᠤᠨ᠂ ᠮᠤᠩᠭᠤᠯ ᠮᠤᠷᠢᠨ ᠤ ᠳᠤᠭᠤᠷᠠᠢ ᠬᠦᠷᠴᠤ | ᠦᠡᠭᠭᠡᠷᠡᠭᠡ ᠦᠭᠡᠢ ᠭᠷᠧᠭ ᠤᠯᠤᠰ ᠢ ᠳᠠᠶᠢᠯᠠᠬᠤ ᠪᠠᠷ ᠮᠤᠷᠳᠠᠪᠠ᠃ ᠳᠡᠭᠡᠭᠡᠳ ᠳᠡᠮᠤᠷᠳᠠᠰᠢ ᠲᠦᠮᠡᠨ ᠤ ᠨᠤᠶᠠᠨ | ᠡᠷᠡᠴᠢ ᠳᠤ ᠳᠠᠪᠤᠨ ᠮᠢᠩᠭᠠᠨ ᠴᠡᠷᠢᠭ ᠦᠭᠴᠤ᠂ ᠬᠠᠷᠠᠰᠠᠷ ᠢ ᠪᠠᠶᠢᠯᠳᠤᠭᠤᠯᠤᠭᠠᠳ᠂ ᠦᠪᠡᠷ ᠢᠶᠠᠨ ᠶᠡᠭᠡ ᠴᠡᠷᠢᠭ ᠢ | ᠠᠪᠴᠤ ᠭᠷᠧᠭ ᠤᠨ ᠪᠤᠰᠤᠳ ᠬᠤᠳᠠ ᠶᠢ ᠳᠠᠶᠢᠯᠠᠨ ᠡᠬᠢᠯᠡᠵᠡᠢ᠃ ᠴᠢᠪ ᠭᠡᠮᠡᠨ ᠡᠨᠡ ᠦᠶ᠎ᠡ ᠳᠤ᠂ ᠪᠦᠰᠠᠶᠢᠨ ᠬᠠᠨ | ᠳ᠋ᠢᠮᠠᠰᠢ ︵ᠳᠡᠮᠤᠷᠳᠠᠰᠢ ᠶᠢᠨ ᠳᠡᠭᠦᠦ︶ ᠶᠢ ᠠᠯᠠᠭᠰᠠᠨ ᠴᠢᠮᠡᠭᠡ ᠮᠤᠩᠭᠤᠯ ᠤᠨ ᠴᠡᠷᠢᠭ ᠤᠨ ᠳᠤᠳᠤᠷ᠎ᠠ ᠤᠯᠠᠮᠵᠢᠯᠠᠭᠳᠠᠨ | ᠢᠷᠡᠭᠰᠡᠨ ᠪᠤᠯᠬᠤᠷ ᠡᠷᠡᠳᠠᠢ ᠴᠡᠷᠢᠭ ᠢᠶᠠᠨ ᠬᠤᠷᠢᠶᠠᠭᠠᠳ ᠪᠦᠭᠦᠷᠯᠤ ᠳᠤ ᠢᠷᠡᠵᠦ ᠳᠡᠮᠤᠷᠳᠠᠰᠢ ᠶᠢᠨ ᠴᠡᠷᠢᠭ ᠯᠦᠭᠡ | ᠨᠡᠶᠢᠯᠡᠪᠡ᠃ ᠡᠭᠦᠨ ᠤ ᠤᠯᠠᠮ ᠠᠴᠠ ᠳᠡᠮᠤᠷᠳᠠᠰᠢ ᠴᠡᠷᠢᠭ ᠢᠶᠠᠨ ᠬᠤᠷᠢᠶᠠᠭᠠᠳ 10 ᠰᠠᠷ᠎ᠠ ᠶᠢᠨ 3 ᠤ ᠡᠳᠤᠷ᠂ | ᠡᠺᠷᠢᠳᠦ᠋ᠷ ᠲᠤ ᠪᠤᠴᠠᠵᠤ ᠢᠷᠡᠭᠰᠡᠨ ᠪᠠᠶᠢᠨ᠎ᠠ᠃ ᠴᠢᠩᠬᠢᠭᠡᠳ 11 ᠰᠠᠷ᠎ᠠ ᠶᠢᠨ 1 ᠤ ᠡᠳᠤᠷ᠂ ᠺᠠᠶᠢᠰᠠᠷᠢᠶᠠ ᠳᠤ | ᠰᠢᠯᠵᠢᠨ ᠢᠷᠡᠵᠦ ᠴᠦᠪᠠᠨ ᠤ ᠴᠢᠮᠡᠭᠡ ᠶᠢ ᠬᠦᠯᠢᠭᠡᠯᠵᠡᠨ ᠰᠠᠭᠤᠪᠠ᠃ ᠭᠡᠳᠡᠯ᠎ᠡ ᠳᠠᠪᠢᠭᠠᠳ ᠡᠳᠤᠷ ᠦᠡᠭᠭᠡᠷᠡᠳᠡᠯᠡ | ᠴᠢᠮᠡᠭᠡ ᠰᠤᠷᠠᠭ ᠦᠭᠡᠢ ᠪᠤᠯᠬᠤᠷ ᠳᠡᠮᠤᠷᠳᠡᠰᠢ ᠰᠢᠸᠠᠰ ᠲᠤ ᠨᠡᠭᠦᠨ ᠢᠷᠡᠪᠡ᠃ ᠡᠨᠡ ᠦᠶ᠎ᠡ ᠳᠤ᠂ ᠴᠦᠪᠠᠨ ᠤ ᠨᠠᠰᠤ | ᠨᠦᠭᠴᠢᠭᠰᠡᠨ ᠴᠢᠮᠡᠭᠡ ᠤᠯᠠᠮᠵᠢᠯᠠᠭᠳᠠᠨ ᠢᠷᠡᠭᠰᠡᠨ ᠪᠤᠯᠬᠤᠷ ᠳᠡᠮᠤᠷᠳᠡᠰᠢ ᠶᠡᠬᠡᠳᠡ ᠰᠤᠴᠢᠵᠤ᠂ ᠰᠡᠩᠳᠡ ᠮᠡᠩᠳᠡ | ᠺᠠᠶᠢᠰᠠᠷᠢᠶᠠ ᠳᠤ ᠪᠤᠴᠠᠵᠠᠢ᠃ ᠵᠠᠷᠢᠮ ᠬᠦᠮᠦᠰ ᠳᠡᠭᠦᠨ ᠢ ᠲᠦᠷ ᠨᠢᠭᠡᠨ ᠪᠠᠬᠢᠯᠡᠯᠳᠡ ᠶᠢ ᠰᠠᠬᠢᠵᠤ᠂ ᠡᠳᠤᠷ ᠴᠠᠭ ᠢ | ᠦᠡᠭᠭᠡᠷᠡᠭᠡᠭᠡᠳ᠂ ᠬᠠᠨ ᠤ ᠠᠭᠤᠷ ᠨᠢ ᠳᠠᠷᠤᠭᠳᠠᠵᠤ ᠳᠠᠶᠢᠳᠬᠤᠷᠠᠭᠰᠠᠨ ᠤ ᠰᠡᠭᠦᠯᠡᠷ ᠶᠠᠯ᠎ᠠ ᠪᠠᠨ ᠬᠦᠯᠢᠶᠡᠬᠦ ᠪᠠᠷ | ᠤᠴᠢᠪᠠᠯ ᠵᠤᠬᠢᠨ᠎ᠠ ᠭᠡᠵᠦ ᠰᠠᠨᠠᠭᠤᠯᠪᠠ᠃ ᠭᠡᠳᠡᠯ᠎ᠡ ᠳᠡᠮᠤᠷᠳᠠᠰᠢ᠄ ︽ᠪᠦᠰᠠᠶᠢᠨ ᠮᠢᠨᠤ ᠳᠡᠭᠦᠦ ᠶᠢ ᠠᠯᠠᠵᠤ᠂ | ᠡᠴᠢᠭᠡ ᠶᠢ ᠪᠠᠰᠠ ᠬᠤᠷᠤᠭᠠᠭᠰᠠᠨ ᠲᠤᠯᠠ ᠨᠠᠮᠠᠶᠢ ᠯᠠᠪ ᠠᠭᠤᠴᠢᠯᠠᠬᠤ ᠦᠭᠡᠢ ᠶᠤᠮ︾ ᠭᠡᠪᠡ᠃ ᠳᠡᠭᠡᠭᠡᠳ | ᠶᠧᠵᠢᠫᠲ ᠤᠨ ᠰᠤᠯᠳᠠᠨ ᠨᠠᠰᠢᠷ ᠤᠨ ᠳᠡᠷᠭᠡᠳᠡ ᠤᠴᠢᠵᠤ ᠪᠡᠶ᠎ᠡ ᠳᠠᠯᠳᠠᠯᠠᠬᠤ ᠪᠠᠷ ᠰᠡᠮᠡᠭᠡᠷ ᠡᠯᠴᠢ ᠢᠯᠡᠭᠡᠵᠦ | ᠭᠡᠯᠡᠭᠦᠯᠪᠡ᠃ ᠡᠨᠡ ᠬᠤᠭᠤᠷᠤᠨᠳᠤ ᠵᠠᠷᠢᠮ ᠬᠦᠮᠤᠨ ᠪᠠᠰᠠ ︽ᠬᠠᠨ ᠳᠤ ᠡᠷᠭᠦᠳᠡᠯ ᠪᠢᠴᠢᠵᠤ᠂ ᠷᠤᠮ ᠢ ᠵᠠᠬᠢᠷᠤᠭᠰᠠᠨ | ᠭᠠᠪᠢᠶ᠎ᠠ ᠵᠢᠳᠭᠦᠯ ᠢᠶᠠᠨ ᠳᠤᠷᠠᠳᠪᠠᠯ ᠪᠦᠰᠠᠶᠢᠨ ᠠᠭᠤᠴᠢᠯᠠᠵᠤ ᠮᠠᠭᠠᠳ︾ ᠭᠡᠵᠦ ᠰᠠᠨᠠᠭᠤᠯᠪᠠ᠃ ᠡᠭᠦᠨ ᠳᠤ | ᠳᠡᠮᠤᠷᠳᠠᠰᠢ᠄ ︽ᠮᠢᠨᠤ ᠡᠴᠢᠭᠡ ᠲᠦᠷᠦ ᠶᠢᠨ ᠭᠡᠷᠡᠭ ᠢ ᠤᠳᠠᠭᠠᠨ ᠡᠳᠤᠷ ᠵᠤᠵᠠᠭᠠᠨ ᠬᠤᠨᠤᠭ ᠬᠠᠮᠢᠶᠠᠷᠤᠭᠰᠠᠨ ᠲᠤᠯᠠ | ᠤᠯᠠᠩᠬᠢ ᠰᠠᠶᠢᠳ ᠲᠦᠰᠢᠮᠡᠳ ᠴᠦᠮ ᠦᠰᠢᠶᠡᠷᠭᠡᠭᠰᠡᠨ ᠶᠤᠮ᠃ ᠡᠶᠢᠮᠤ ᠠᠴᠠ ᠪᠦᠰᠠᠶᠢᠨ ᠠᠭᠤᠴᠢᠯᠠᠪᠠᠴᠤ ᠳᠡᠳᠡᠨᠠᠷ | ᠯᠠᠪ ᠠᠭᠤᠴᠢᠯᠠᠬᠤ ᠦᠭᠡᠢ ᠪᠢᠯᠡ︾ ᠭᠡᠳ ᠡᠰᠡ ᠵᠦᠪᠰᠢᠶᠡᠷᠡᠪᠡ᠃ ᠵᠠᠷᠢᠮ ᠬᠦᠮᠤᠨ ᠪᠠᠰᠠ ︽ᠪᠤᠰᠤᠳ ᠠᠬ᠎ᠠ | ᠳᠡᠭᠦᠦ ᠨᠠᠷ ᠲᠠᠢ ᠪᠠᠨ ᠨᠡᠶᠢᠯᠡᠵᠦ᠂ ᠴᠡᠷᠢᠭ ᠮᠤᠷᠢ ᠴᠤᠭᠯᠠᠭᠤᠯᠤᠨ᠂ ᠪᠦᠰᠠᠶᠢᠨ ᠢ ᠡᠰᠡᠷᠭᠦᠴᠡᠪᠡᠯ ᠵᠤᠬᠢᠨ᠎ᠠ︾ ᠭᠡᠵᠦ | ᠰᠠᠨᠠᠭᠤᠯᠤᠭᠰᠠᠨ ᠳᠤ᠂ ᠳᠡᠮᠤᠷᠳᠠᠰᠢ ᠮᠦᠨ ᠡᠰᠡ ᠵᠦᠪᠰᠢᠶᠡᠷᠡᠪᠡ᠃ ᠶᠠᠭ ᠰᠠᠶᠢᠬᠠᠨ ᠡᠨᠡ ᠦᠶ᠎ᠡ ᠳᠤ᠂ ᠶᠧᠵᠢᠫᠲ | ᠲᠤ ᠤᠴᠢᠭᠰᠠᠨ ᠡᠯᠴᠢ ᠪᠤᠴᠠᠵᠤ ᠢᠷᠡᠭᠡᠳ᠄ ︽ᠨᠠᠰᠢᠷ ᠰᠤᠯᠳᠠᠨ ᠳᠠᠨ ᠤ ᠤᠴᠢᠬᠤ ᠶᠢ ᠵᠦᠪᠰᠢᠶᠡᠷᠡᠵᠦ ᠪᠤᠢ︾ | ᠭᠡᠮᠡᠡ ᠳᠠᠮᠵᠢᠭᠤᠯᠤᠭᠰᠠᠨ ᠲᠤᠯᠠ ᠳᠡᠮᠤᠷᠳᠡᠰᠢ ᠶᠡᠭᠡ ᠭᠡᠮᠵᠢᠶᠡᠨ ᠤ ᠪᠡᠯᠡᠭ ᠳᠡᠯᠡᠭ ᠠᠪᠤᠭᠠᠳ᠂ ᠲᠤᠯᠤᠭᠠᠨ ᠵᠠᠭᠤᠨ | ᠰᠢᠯᠢᠳᠡᠭ ᠮᠤᠷᠢᠳᠤ ᠴᠡᠷᠢᠭ ᠢ ᠳᠠᠭᠠᠭᠤᠯᠵᠤ᠂ ᠺᠠᠶᠢᠰᠠᠷᠢᠶᠠ ᠠᠴᠠ ᠬᠦᠳᠡᠯᠤᠨ ᠭᠠᠷᠴᠠᠢ᠃ ᠳᠡᠭᠦᠨᠴᠢᠯᠡᠨ ᠳᠡᠮᠤᠷᠳᠡᠰᠢ | ᠲᠤᠯᠤᠭᠠᠠ ᠡᠳᠤᠷ ᠠᠶᠠᠯᠠᠭᠠᠳ ᠷᠤᠮ ᠤᠯᠤᠰ ᠤᠨ ᠬᠢᠵᠠᠭᠠᠷ ᠲᠤ ᠬᠦᠷᠴᠤ ᠵᠢᠭᠠᠬᠠᠨ ᠬᠦᠯᠢᠭᠡᠯᠵᠢᠬᠦ ᠭᠡᠰᠡᠨ ᠪᠤᠯᠪᠠᠴᠤ | ᠬᠦᠨᠡᠰᠤ ᠨᠢ ᠳᠤᠳᠠᠭᠳᠠᠭᠰᠠᠨ ᠪᠤᠯᠬᠤᠷ ᠠᠷᠭ᠎ᠠ ᠪᠤᠰᠤ ᠦᠷᠭᠦᠯᠵᠢᠯᠡᠨ ᠤᠷᠤᠭᠰᠢᠯᠠᠭᠠᠳ᠂ ᠰᠢᠷᠢᠶ᠎ᠠ ᠤᠯᠤᠰ ᠤᠨ | ᠲᠦᠷᠤᠭᠦᠦ ᠬᠤᠳᠠ ᠪᠢᠬᠢᠰᠨᠠ ᠳᠤ ᠬᠦᠷᠦᠭᠰᠡᠨ ᠪᠠᠶᠢᠨ᠎ᠠ᠃ ᠲᠤᠰ ᠬᠤᠳᠠ ᠶᠢ ᠰᠠᠬᠢᠭᠰᠠᠨ ᠵᠠᠩᠵᠤᠨ ᠬᠤᠳᠠ ᠠᠴᠠ | ᠭᠠᠷᠴᠤ ᠤᠭᠳᠤᠭᠠᠳ᠂ ᠳᠠᠭᠳᠠᠭ᠎ᠠ ︵ᠬᠦᠬᠦᠯᠵᠢᠷᠭᠡᠨᠡ︶ ᠶᠢᠨ ᠬᠦᠵᠤᠭᠦᠨ ᠳᠤ ᠵᠠᠬᠢᠳᠠᠯ ᠵᠡᠭᠦᠯᠭᠡᠨ ᠺᠠᠶᠢᠷ | ᠬᠤᠳᠠ ᠳᠤ ᠢᠯᠡᠭᠡᠭᠡᠳ᠂ ᠳᠡᠮᠤᠷᠳᠠᠰᠢ ᠨᠢᠭᠡᠨᠳᠡ ᠶᠧᠵᠢᠫᠲ ᠤᠨ ᠬᠢᠯᠢ ᠳᠤ ᠤᠷᠤᠵᠤ ᠢᠷᠡᠭᠰᠡᠨ ᠢ ᠮᠡᠳᠡᠭᠡᠯᠡᠪᠡ᠃ | ᠳᠡᠭᠦᠨ ᠠᠴᠠ ᠬᠤᠶᠢᠰᠢ᠂ ᠳᠡᠮᠤᠷᠳᠡᠰᠢ ᠡᠳᠤᠷ ᠪᠦᠷᠢ ᠨᠢᠭᠡ ᠮᠢᠩᠭ᠎ᠠ ᠳᠠᠪᠤᠨ ᠵᠠᠭᠤᠨ ᠳ᠋ᠢᠨᠠᠷ ᠤᠨ ᠤᠯᠭᠤᠮᠵᠢ ᠬᠦᠷᠳᠡᠬᠦ | ᠪᠤᠯᠵᠠᠢ᠃ ᠠᠷᠠᠪ ᠤᠨ ᠬᠢᠯᠢ ᠳᠤ ᠤᠷᠤᠭᠰᠠᠨ ᠳᠤ᠂ ᠲᠤᠰ ᠤᠯᠤᠰ ᠤᠨ ᠡᠵᠡᠨ ᠨᠡᠶᠢᠰᠯᠡᠯ ᠬᠤᠳᠠ ᠠᠴᠠ ᠪᠠᠨ ᠭᠡᠳᠤᠨ | ᠭᠠᠵᠠᠷ ᠤᠨ ᠦᠵᠦᠭᠦᠷ ᠲᠤ ᠭᠠᠷᠴᠤ ᠢᠷᠡᠨ ᠤᠭᠳᠤᠭᠰᠠᠨ ᠪᠦᠭᠡᠳ ᠮᠠᠷᠭᠠᠰᠢ ᠦᠷᠯᠦᠭᠡ ᠠᠴᠠ ᠨᠢ ᠡᠬᠢᠯᠡᠨ ᠡᠳᠤᠷ | ᠪᠦᠷᠢ ᠤᠯᠠᠭ᠎ᠠ ᠶᠢᠨ ᠮᠤᠷᠢ ᠤᠨᠤᠭ᠎ᠠ ᠶᠢ ᠬᠠᠨᠭ᠍ᠭᠠᠬᠤ ᠪᠤᠯᠪᠠ᠃ ᠳᠡᠮᠤᠷᠳᠡᠰᠢ ᠳ᠋ᠠᠮᠠᠰᠺ ᠲᠤ ᠬᠦᠷᠬᠦ ᠦᠶᠡᠰ᠂ ᠰᠢᠷᠢᠶ᠎ᠠ | ᠤᠯᠤᠰ ᠤᠨ ᠡᠵᠡᠨ ᠪᠡᠶ᠎ᠡ ᠪᠠᠷ ᠤᠭᠳᠤᠨ ᠭᠠᠷᠴᠤ ᠢᠷᠡᠭᠰᠡᠨ ᠪᠦᠭᠡᠳ ᠠᠶᠠᠨ ᠵᠠᠮ ᠳᠤ ᠭᠡᠷᠡᠭᠯᠡᠬᠦ ᠲᠤᠰᠬᠠᠢ ᠴᠡᠴᠡᠷ | ᠮᠠᠶᠢᠬᠠᠨ ᠢ ᠡᠷᠭᠦᠵᠡᠢ᠃ 1328 ᠤᠨ ᠤ 1 ᠰᠠᠷ᠎ᠠ ᠶᠢᠨ 21 ᠤ ᠡᠳᠤᠷ᠂ ᠳᠡᠮᠤᠷᠳᠡᠰᠢ ᠺᠠᠶᠢᠷ ᠬᠤᠳᠠ ᠳᠤ ᠤᠷᠤᠬᠤ | ᠦᠶ᠎ᠡ ᠳᠤ᠂ ᠶᠧᠵᠢᠫᠲ ᠤᠯᠤᠰ ᠤᠨ ᠤᠯᠠᠨ ᠵᠠᠩᠵᠤᠨ ᠴᠡᠷᠢᠭ ᠬᠤᠶᠠᠷ ᠮᠦᠷᠯᠡᠨ ᠵᠢᠭᠰᠠᠵᠤ ᠠᠯᠠᠭ᠎ᠠ ᠳᠠᠰᠢᠨ | ᠤᠭᠳᠤᠵᠤ ᠪᠠᠶᠢᠪᠠ᠃ ᠳᠡᠮᠤᠷᠳᠡᠰᠢ ᠲᠡᠷᠡ ᠡᠳᠤᠷ ᠲᠡᠭᠡᠨ ᠶᠧᠵᠢᠫᠲ ᠤᠯᠤᠰ ᠤᠨ ᠰᠤᠯᠳᠠᠨ ᠳᠤ ᠪᠠᠷᠠᠭᠠᠯᠠᠵᠤ᠂ | ᠭᠤᠷᠪᠠᠨᠳᠠ ᠰᠦᠭᠦᠳᠴᠤ ᠮᠦᠷᠭᠦᠭᠰᠡᠡ ᠳᠤ᠂ ᠨᠠᠰᠢᠷ ᠶᠡᠭᠡᠳᠡ ᠪᠠᠶᠠᠷᠯᠠᠭᠠᠳ ᠰᠠᠭᠤᠳᠠᠯ ᠬᠠᠶᠢᠷᠠᠯᠠᠨ ᠠᠮᠤᠷ ᠮᠡᠨᠳᠤ ᠶᠢ | ᠨᠢ ᠠᠰᠠᠭᠤᠵᠤ᠂ ᠠᠯᠳᠠᠨ ᠨᠡᠭᠡᠮᠡᠯᠳᠤ ᠳᠡᠪᠡᠯ ᠨᠢᠭᠡ᠂ ᠠᠷᠠᠪ ᠮᠤᠷᠢ ᠳᠠᠪᠤ᠂ ᠠᠯᠳᠠ ᠮᠦᠡᠭᠭᠦᠨ ᠵᠠᠰᠠᠯ ᠴᠢᠮᠡᠭ ᠲᠠᠢ | ᠡᠮᠡᠭᠡᠯ ᠬᠠᠵᠠᠭᠠᠷ ᠨᠢᠭᠡ ᠶᠢ ᠲᠤᠰ ᠲᠤᠰ ᠪᠡᠯᠡᠭᠯᠡᠭᠰᠡᠨ ᠪᠠᠶᠢᠨ᠎ᠠ᠃ ᠮᠠᠷᠭᠠᠰᠢ ᠨᠢ ᠨᠠᠰᠢᠷ ᠰᠤᠯᠳᠠᠨ ᠪᠠᠰᠠ | ᠳᠡᠮᠤᠷᠳᠡᠰᠢ ᠳᠤ ᠳᠤᠷᠭᠠᠨ ᠳᠡᠪᠡᠯ ᠨᠢᠭᠡ᠂ ᠲᠤᠯᠤᠭᠠᠢ ᠶᠢᠨ ᠤᠷᠢᠶᠠᠯᠳᠠ ᠨᠢᠭᠡ᠂ ᠠᠯᠳᠠᠨ ᠪᠦᠰᠡ ᠨᠢᠭᠡ᠂ ᠠᠬᠠᠷ | ᠢᠯᠳᠤ ᠨᠢᠭᠡ ᠶᠢ ᠪᠡᠯᠡᠭᠯᠡᠭᠰᠡᠨ ᠪᠠᠶᠢᠪᠠ᠃ ᠭᠤᠷᠪᠠᠨ ᠡᠳᠤᠷ ᠤᠨ ᠳᠠᠷᠠᠭ᠎ᠠ ᠨᠠᠰᠢᠷ ᠰᠤᠯᠳᠠᠨ ᠳᠤ ᠳᠡᠮᠤᠷᠳᠡᠰᠢ ᠠᠭᠳᠠ | ᠵᠠᠭᠤ᠂ ᠳᠡᠮᠡᠭᠡ ᠨᠠᠶᠠ᠂ ᠮᠠᠮᠠᠶᠢᠯᠢᠬ ᠠᠶᠢᠮᠠᠭ ᠤᠨ ᠬᠦᠮᠤᠨ ᠳᠠᠪᠤ᠂ ᠰᠤᠪᠤᠳ ᠡᠷᠳᠡᠨᠢ ᠰᠢᠬᠢᠳᠭᠡᠭᠰᠡᠨ ᠳᠡᠪᠡᠯ ᠨᠢᠭᠡ ᠶᠢ | ᠪᠡᠯᠡᠭᠯᠡᠪᠡ᠃ ᠳᠡᠭᠡᠭᠰᠡᠨ ᠳᠤ᠂ ᠨᠠᠰᠢᠷ ᠰᠤᠯᠳᠠᠨ ᠦᠪᠡᠷ ᠤᠨ ᠰᠠᠭᠤᠳᠠᠯ ᠤᠨ ᠢᠶᠠᠨ ᠪᠠᠷᠠᠭᠤᠨ ᠳᠠᠯ᠎ᠠ ᠳᠠᠬᠢ | ᠰᠠᠶᠢᠹᠤᠳᠢᠨ ᠮᠡᠯᠢᠭ ᠤᠨ ᠳᠤᠤᠷ᠎ᠠ ᠰᠠᠭᠤᠯᠭᠠᠭᠰᠠᠨ ᠳᠤ᠂ ᠳᠡᠮᠤᠷᠳᠡᠰᠢ ᠤᠷᠮ᠎ᠠ ᠦᠭᠡᠢ ᠪᠤᠯᠪᠠ᠃ ᠡᠨᠡᠬᠦ ᠪᠠᠶᠢᠳᠠᠯ ᠢ | ᠨᠠᠰᠢᠷ ᠰᠤᠯᠳᠠᠨ ᠦᠵᠡᠵᠦ ᠭᠠᠷᠤᠭᠠᠳ᠄ ︽ᠡᠷᠬᠢᠮ ᠳᠠᠨ ᠤ ᠵᠡᠷᠭᠡ ᠭᠡᠷᠭᠡᠮ ᠢ ᠳᠤᠳᠤᠷᠬᠠᠢ ᠮᠡᠳᠡᠭᠦ ᠦᠭᠡᠢ ᠲᠤᠯᠠ | ᠡᠴᠢᠭᠡ ᠶᠢᠨ ᠮᠢᠨᠢ ᠬᠠᠭᠤᠴᠢᠨ ᠰᠠᠶᠢᠳ ᠤᠳ ᠤᠨ ᠳᠤᠮᠳᠠ ᠬᠦᠨᠳᠤᠳᠭᠡᠨ ᠰᠠᠭᠤᠯᠭᠠᠭᠰᠠᠨ ᠶᠤᠮ︾ ᠭᠡᠵᠦ | ᠳᠠᠶᠢᠯᠪᠤᠷᠢᠯᠠᠨ ᠦᠭᠭᠦᠭᠰᠡᠨ ᠠᠴᠠ ᠳᠡᠮᠤᠷᠳᠡᠰᠢ ᠰᠠᠶ᠋ᠢ ᠪᠠᠶᠠᠷ ᠲᠠᠢ ᠪᠤᠯᠵᠠᠢ᠃ | ᠭᠡᠳᠤᠨ ᠡᠳᠤᠷ ᠦᠡᠭᠭᠡᠷᠡᠭᠰᠡᠨ ᠤ ᠳᠠᠷᠠᠭ᠎ᠠ᠂ ᠳᠡᠮᠤᠷᠳᠡᠰᠢ ᠶᠢᠨ ᠳᠠᠭᠠᠭᠤᠯᠵᠤ ᠢᠷᠡᠭᠰᠡᠨ ᠲᠤᠯᠤᠭᠠᠨ ᠵᠠᠭᠤᠨ ᠰᠢᠯᠢᠳᠡᠭ | ᠮᠤᠷᠢᠳᠤ ᠴᠡᠷᠢᠭ ᠢ ᠨᠠᠰᠢᠷ ᠰᠤᠯᠳᠠᠨ ᠰᠢᠯᠭᠠᠵᠤ ᠦᠵᠡᠪᠡ᠃ ᠳᠡᠭᠡᠭᠡᠳ ᠳᠡᠮᠤᠷᠳᠡᠰᠢ ᠶᠢᠨ ᠱᠠᠭᠠᠷᠳᠠᠯᠭ᠎ᠠ ᠪᠠᠷ ᠶᠡᠷᠡᠨ | ᠬᠦᠮᠤᠨ ᠢ ᠤᠯᠤᠰ ᠲᠤᠨᠢ ᠪᠤᠴᠠᠭᠠᠭᠰᠠᠨ ᠪᠦᠭᠡᠳ ᠮᠠᠮᠠᠶᠢᠯᠢᠬ ᠠᠶᠢᠮᠠᠭ ᠤᠨ ᠨᠢᠭᠡᠨ ᠠᠩᠬᠢ ᠴᠡᠷᠢᠭ ᠢ ᠳᠡᠮᠤᠷᠳᠡᠰᠢ ᠳᠤ | ᠵᠠᠬᠢᠷᠤᠯᠵᠤ᠂ ᠪᠤᠰᠤᠳ ᠢ ᠨᠢ ᠴᠦᠮ ᠶᠧᠵᠢᠫᠲ ᠶᠢᠨ ᠤᠯᠠᠨ ᠨᠤᠶᠠᠳ ᠲᠤ ᠬᠤᠪᠢᠶᠠᠨ ᠦᠭᠪᠡ᠃ ᠡᠨᠡ ᠦᠶ᠎ᠡ ᠳᠤ᠂ | ᠳᠡᠮᠤᠷᠳᠡᠰᠢ ᠶᠢᠨ ᠡᠬᠡᠨᠡᠷ ᠭᠡᠦᠭᠡᠳ ᠨᠢ ᠴᠦᠮ ᠷᠤᠮ ᠳᠤ ᠪᠠᠶᠢᠭᠰᠠᠨ ᠲᠤᠯᠠ ᠨᠠᠰᠢᠷ ᠰᠤᠯᠳᠠᠨ ᠺᠠᠷᠠᠮᠠᠨ ᠸᠠᠩ ᠳᠤ | ᠵᠠᠷᠯᠢᠭ ᠪᠠᠭᠤᠯᠭᠠᠵᠤ ᠶᠧᠵᠢᠫᠲ ᠲᠤ ᠠᠪᠴᠢᠷᠠᠬᠤ ᠭᠡᠪᠡ᠃ ᠺᠠᠷᠠᠮᠠᠨ ᠸᠠᠩ ᠳᠡᠮᠤᠷᠳᠡᠰᠢ ᠶᠢᠨ ᠭᠡᠷ ᠪᠦᠯᠢ ᠶᠢᠨ | ᠰᠠᠭᠤᠵᠤ ᠪᠠᠶᠢᠭᠰᠠᠨ ᠪᠠᠬᠢᠯᠡᠯᠳᠡ ᠶᠢᠨ ᠳᠡᠷᠭᠡᠳᠡ ᠬᠦᠷᠤᠭᠡᠳ ᠨᠠᠰᠢᠷ ᠰᠤᠯᠳᠠᠨ ᠤ ᠵᠠᠷᠯᠢᠭ ᠢ ᠤᠯᠠᠮᠵᠢᠯᠠᠭᠰᠠᠨ ᠳᠤ᠂ | ᠳᠡᠳᠡᠨᠠᠷ ᠶᠧᠵᠢᠫᠲ ᠳᠤ ᠨᠡᠭᠦᠵᠦ ᠢᠷᠡᠬᠦ ᠳᠤᠷ᠎ᠠ ᠦᠭᠡᠢ ᠪᠠᠶᠢᠪᠠ᠃ ᠡᠶᠢᠮᠤ ᠠᠴᠠ ᠺᠠᠷᠠᠮᠠᠨ ᠸᠠᠩ ᠤᠨ ᠬᠦᠪᠡᠭᠦᠨ | ᠨᠢᠭᠤᠴᠠ ᠪᠢᠴᠢᠭ ᠵᠤᠬᠢᠶᠠᠵᠤ᠂ ︽ᠳᠡᠮᠤᠷᠳᠠᠰᠢ ᠢᠰᠯᠠᠮ ᠤᠨ ᠱᠠᠰᠢᠨ ᠤ ᠤᠯᠠᠨ ᠨᠤᠶᠠᠳ ᠢ ᠬᠤᠤᠷᠯᠠᠨ ᠠᠯᠠᠭᠰᠠᠨ ᠤ | ᠲᠤᠯᠠ ᠶᠧᠵᠢᠫᠲ ᠤᠨ ᠰᠤᠯᠳᠠᠨ ᠤ ᠤᠷᠤ ᠶᠢ ᠪᠤᠯᠢᠶᠠᠬᠤ ᠶᠢᠨ ᠲᠦᠯᠦᠭᠡ ᠬᠠᠭᠤᠷᠮᠠᠭ ᠢᠶᠠᠷ ᠤᠷᠤᠵᠤ ᠦᠭᠭᠦᠭᠰᠡᠨ | ᠪᠠᠶᠢᠵᠤ ᠮᠠᠭᠠᠳ︾ ᠭᠡᠮᠡᠨ ᠨᠠᠰᠢᠷ ᠲᠤ ᠮᠡᠳᠡᠭᠦᠯᠪᠡ᠃ ᠳᠡᠭᠦᠨ ᠠᠴᠠ ᠬᠤᠶᠢᠰᠢ ᠨᠠᠰᠢᠷ ᠰᠤᠯᠳᠠᠨ ᠳᠡᠮᠤᠷᠳᠡᠰᠢ ᠶᠢ | ᠢᠳᠡᠭᠡᠬᠦ ᠦᠭᠡᠢ ᠪᠤᠯᠵᠠᠢ᠃ | ᠳᠡᠮᠤᠷᠳᠡᠰᠢ ᠺᠠᠶᠢᠷ ᠲᠤ ᠬᠦᠷᠴᠤ ᠢᠷᠡᠭᠡᠳ ᠨᠢᠭᠡ ᠰᠠᠷ᠎ᠠ ᠦᠡᠭᠭᠡᠷᠡᠭᠰᠡᠨ ᠤ ᠳᠠᠷᠠᠭ᠎ᠠ᠂ ᠪᠦᠰᠠᠶᠢᠨ ᠶᠧᠵᠢᠫᠲ ᠶᠢᠨ | ᠰᠤᠯᠳᠠᠨ ᠨᠠᠰᠢᠷ ᠲᠤ ᠡᠯᠴᠢ ᠳᠤᠮᠢᠯᠠᠨ ᠢᠷᠡᠭᠦᠯᠵᠦ᠂ ᠬᠤᠶᠠᠷ ᠤᠯᠤᠰ ᠤᠨ ᠡᠶ᠎ᠡ ᠡᠪᠳᠠᠢ ᠪᠠᠶᠢᠬᠤ ᠶᠢ ᠱᠠᠭᠠᠷᠳᠠᠭᠰᠠᠨ | ᠪᠦᠭᠡᠳ ᠴᠦᠪᠠᠨ ᠤ ᠰᠠᠮᠠᠭᠤᠷᠠᠯ ᠡᠭᠦᠰᠭᠡᠭᠰᠡᠨ ᠢ ᠴᠤ ᠮᠡᠳᠡᠭᠦᠯᠪᠡ᠃ ᠨᠠᠰᠢᠷ ᠰᠤᠯᠳᠠᠨ᠄ ︽ᠳᠡᠮᠤᠷᠳᠡᠰᠢ ᠶᠢᠨ ᠠᠳᠡ | ᠬᠦᠷᠴᠤ ᠢᠷᠡᠭᠰᠡᠨ ᠢ ᠳᠠᠨ ᠤ ᠤᠯᠤᠰ ᠮᠡᠳᠡᠬᠦ ᠤᠤ︖︾ ᠭᠡᠵᠦ ᠠᠰᠠᠭᠤᠭᠰᠠᠨ ᠳᠤ ᠲᠡᠷᠡ ᠡᠯᠴᠢ᠄ ︽ᠮᠡᠳᠡᠬᠦ | ᠦᠭᠡᠢ︕︾ ᠭᠡᠵᠦ ᠬᠠᠷᠢᠭᠤᠯᠪᠠ᠃ ᠳᠠᠶᠢᠨ ᠬᠦ ᠨᠠᠰᠢᠷ ᠰᠤᠯᠳᠠᠨ ᠢᠯ ᠬᠠᠨ ᠤᠯᠤᠰ ᠲᠤ ᠡᠯᠴᠢ ᠳᠤᠮᠢᠯᠠᠵᠤ᠂ | ᠳᠡᠮᠤᠷᠳᠡᠰᠢ ᠶᠢᠨ ᠪᠠᠶᠢᠳᠠᠯ ᠢ ᠮᠡᠳᠡᠭᠦᠯᠪᠡ᠃ ᠪᠦᠰᠠᠶᠢᠨ ᠠᠪᠠᠴᠢ ᠶᠢ ᠬᠠᠷᠢᠭᠤ ᠡᠯᠴᠢ ᠪᠠᠷ ᠳᠤᠮᠢᠯᠠᠵᠤ᠄ ︽ᠶᠠᠯᠠᠳᠠᠨ ᠢ | ᠤᠳᠠᠭᠠᠨ ᠠᠪᠴᠤ ᠰᠠᠭᠤᠪᠠᠯ ᠬᠤᠶᠠᠷ ᠤᠯᠤᠰ ᠤᠨ ᠨᠦᠭᠦᠷᠯᠡᠯ ᠳᠤ ᠠᠰᠢᠭ ᠦᠭᠡᠢ ᠲᠤᠯᠠ ᠳᠡᠮᠤᠷᠳᠡᠰᠢ ᠶᠢ | ᠳᠦᠷᠭᠡᠭᠡᠨ ᠪᠤᠴᠠᠭᠠᠳᠤᠭᠠᠢ︕︾ ᠭᠡᠵᠦ ᠭᠡᠯᠡᠭᠦᠯᠪᠡ᠃ ᠡᠭᠦᠨ ᠳᠤ ᠨᠠᠰᠢᠷ ᠰᠤᠯᠳᠠᠨ ᠢᠯᠡ ᠪᠠᠷ ᠬᠤᠶᠠᠷ ᠡᠯᠴᠢ ᠶᠢ | ᠠᠽᠧᠷᠪᠠᠶᠢᠳᠠᠵᠠᠨ ᠳᠤ ᠢᠯᠡᠭᠡᠵᠦ᠄ ︽ᠮᠠᠨ ᠤ ᠤᠯᠤᠰ ᠳᠡᠮᠤᠷᠳᠡᠰᠢ ᠶᠢ ᠦᠷᠤ ᠡᠪᠡᠳᠬᠦ ᠳᠡᠭᠡᠨ ᠦᠯᠡᠳᠡᠭᠡᠨ | ᠠᠪᠤᠭᠰᠠᠨ ᠶᠤᠮ᠃ ᠳᠡᠭᠦᠨ ᠤ ᠭᠡᠷ ᠪᠦᠯᠢ ᠶᠢ ᠳᠦᠷᠭᠡᠭᠡᠨ ᠶᠧᠵᠢᠫᠲ ᠳᠤ ᠢᠷᠡᠭᠦᠯᠬᠦ ᠪᠤᠯᠪᠠᠤ︾ ᠭᠡᠵᠦ ᠭᠡᠯᠡᠭᠦᠯᠪᠡ᠃ | ᠬᠠᠮᠳᠤ ᠳᠤᠨᠢ ᠨᠠᠰᠢᠷ ᠰᠤᠯᠳᠠᠨ ᠪᠠᠰᠠ ᠬᠤᠳᠠᠯᠳᠤᠭᠠᠴᠢᠨ ᠤ ᠮᠠᠶ᠋ᠢᠬ ᠢᠶᠠᠷ ᠬᠤᠪᠴᠠᠰᠤᠯᠠᠭᠰᠠᠨ ᠬᠤᠶᠠᠷ ᠨᠢᠭᠤᠴᠠ | ᠡᠯᠴᠢ ᠶᠢ ᠪᠦᠰᠠᠶᠢᠨ ᠤ ᠳᠡᠷᠭᠡᠳᠡ ᠳᠤᠮᠢᠯᠠᠨ ᠢᠯᠡᠭᠡᠵᠦ᠄ ︽ᠲᠦᠷᠤᠭᠦᠦ ᠬᠤᠶᠠᠷ ᠡᠯᠴᠢ ᠶᠢᠨ ᠭᠡᠯᠡᠭᠰᠡᠨ ᠪᠤᠯ ᠴᠦᠮ | ᠬᠤᠳᠠᠯ ᠶᠤᠮ᠃ ᠪᠢ ᠳᠡᠮᠤᠷᠳᠡᠰᠢ ᠶᠢ ᠳᠠᠨ ᠳᠤ ᠪᠤᠴᠠᠭᠠᠨ ᠦᠭᠬᠦ ᠪᠠᠷ ᠪᠡᠯᠡᠳᠭᠡᠵᠦ ᠪᠤᠢ︾ ᠭᠡᠵᠦ ᠭᠡᠯᠡᠭᠦᠯᠪᠡ᠃ | ᠶᠧᠵᠢᠫᠲ ᠶᠢᠨ ᠡᠯᠴᠢ ᠶᠢ ᠪᠤᠴᠠᠬᠤ ᠦᠶ᠎ᠡ ᠳᠤ ᠪᠤᠰᠠᠶᠢᠨ᠄ ︽ᠠᠩᠬ᠎ᠠ ᠪᠢᠳᠡ ᠠᠪᠠᠴᠢ ᠪᠠᠷ ᠭᠡᠯᠡᠵᠦ ᠢᠯᠡᠭᠡᠭᠰᠡᠨ | ᠪᠦᠭᠡᠳ ᠰᠤᠯᠳᠠᠨ ᠪᠠᠰᠠ ᠡᠶᠢᠮᠤᠷᠬᠦ ᠰᠠᠨᠠᠭ᠎ᠠ ᠪᠠᠶᠢᠬᠤ ᠲᠤᠯᠠ ᠳᠡᠮᠤᠷᠳᠡᠰᠢ ᠶᠢ ᠳᠦᠷᠭᠡᠭᠡᠨ ᠳᠤᠰᠢᠶᠠᠵᠤ ᠦᠭᠬᠦ ᠪᠤᠯᠪᠠᠤ | ︾ ᠭᠡᠵᠦ ᠭᠡᠯᠡᠵᠦ ᠶᠠᠪᠤᠭᠤᠯᠪᠠ᠃ | ᠨᠠᠰᠢᠷ ᠰᠤᠯᠳᠠᠨ ᠨᠢᠭᠤᠴᠠ ᠡᠯᠴᠢ ᠠᠴᠠ ᠪᠠᠨ ᠪᠦᠰᠠᠶᠢᠨ ᠤ ᠰᠠᠨᠠᠭ᠎ᠠ ᠶᠢ ᠮᠡᠳᠡᠭᠡᠳ ᠳᠡᠮᠤᠷᠳᠡᠰᠢ ᠶᠢ ᠤᠷᠢᠳᠠᠪᠠᠷ | ᠪᠠᠷᠢᠪᠴᠢᠯᠠᠨ ᠠᠪᠬᠤ ᠪᠠᠷ ᠰᠢᠢᠳᠪᠡ᠃ ᠳᠡᠭᠡᠭᠡᠳ ᠳᠡᠭᠦᠨ ᠢ ᠤᠷᠳᠤᠨ ᠳᠠᠭᠠᠨ ᠳᠠᠭᠤᠳᠠᠨ ᠢᠷᠡᠵᠦ ᠬᠢᠳᠤᠭ᠎ᠠ | ᠰᠡᠯᠡᠮ᠎ᠡ ᠶᠢ ᠨᠢ ᠪᠤᠯᠢᠶᠠᠠ ᠠᠪᠤᠭᠠᠳ᠄ ︽ᠡᠭᠡᠨᠡᠷ ᠭᠡᠦᠭᠡᠳ ᠴᠢᠨᠢ ᠢᠯ ᠬᠠᠨ ᠤᠯᠤᠰ ᠠᠴᠠ ᠰᠠᠯᠬᠤ ᠦᠭᠡᠢ ᠪᠠᠶᠢᠭ᠎ᠠ | ᠪᠠᠷ ᠦᠵᠡᠪᠡᠯ᠂ ᠪᠢᠳᠡᠨ ᠳᠤ ᠴᠢ ᠬᠠᠭᠤᠷᠮᠠᠭ ᠢᠶᠠᠷ ᠤᠷᠤᠵᠤ ᠦᠭᠭᠦᠭᠰᠡᠨ ᠰᠠᠨᠵᠢ︾ ᠭᠡᠳ ᠪᠠᠷᠢᠪᠴᠢᠯᠠᠨ ᠠᠪᠴᠤ | ᠬᠠᠷ᠎ᠠ ᠭᠡᠷ ᠲᠤ ᠬᠤᠷᠢᠪᠠ᠃ ᠳᠡᠭᠦᠨᠴᠢᠯᠡᠨ ᠨᠠᠰᠢᠷ ᠰᠤᠯᠳᠠᠨ ᠠᠪᠠᠴᠢ ᠶᠢ ᠳᠠᠭᠤᠳᠠᠨ ᠢᠷᠡᠵᠦ᠄ ︽ᠴᠢ | ᠳᠡᠮᠤᠷᠳᠡᠰᠢ ᠶᠢ ᠤᠯᠤᠰ ᠲᠠᠭᠠᠨ ᠠᠪᠠᠴᠢᠵᠤ ᠴᠢᠳᠠᠬᠤ ᠤᠤ︖︾ ᠭᠡᠵᠦ ᠠᠰᠠᠭᠤᠪᠠ᠃ ᠠᠪᠠᠴᠢ᠄ ︽ᠮᠠᠷᠳᠢᠨ | ᠬᠦᠷᠳᠡᠯ᠎ᠡ ᠬᠦᠮᠤᠨ ᠬᠦᠷᠭᠡᠵᠦ ᠦᠭᠬᠦ ᠦᠭᠡᠢ ᠪᠤᠯ ᠪᠢ ᠭᠠᠭᠴᠠᠭᠠᠷ ᠴᠢᠳᠠᠬᠤ ᠦᠭᠡᠢ︾ ᠭᠡᠪᠡ᠃ ᠨᠠᠰᠢᠷ ᠰᠤᠯᠳᠠᠨ᠄ | ︽ᠳᠡᠭᠡᠪᠡᠯ ᠳᠡᠮᠤᠷᠳᠡᠰᠢ ᠶᠢ ᠴᠠᠪᠴᠢᠨ ᠠᠯᠠᠭᠠᠳ᠂ ᠲᠤᠯᠤᠭᠠᠢ ᠶᠢ ᠨᠢ ᠤᠭᠳᠤᠯᠤᠨ ᠠᠪᠠᠴᠢᠭᠠᠷᠠᠢ︕︾ ᠭᠡᠪᠡ᠃ | ᠠᠪᠠᠴᠢ᠄ ︽ᠮᠠᠨ ᠤ ᠤᠯᠤᠰ ᠤᠨ ᠬᠠᠨ ᠳᠡᠮᠤᠷᠳᠡᠰᠢ ᠶᠢ ᠠᠮᠢᠳᠤ ᠪᠠᠷ ᠠᠪᠴᠢᠷᠠᠳᠤᠭᠠᠢ ᠭᠡᠮᠡᠨ ᠵᠠᠬᠢᠭᠰᠠᠨ ᠶᠤᠮ︾ | ᠭᠡᠪᠡ᠃ ᠨᠠᠰᠢᠷ ᠰᠤᠯᠳᠠ᠄ ︽ᠮᠢᠨᠤ ᠡᠨᠡ ᠭᠡᠯᠡᠵᠤ ᠪᠠᠶᠢᠭ᠎ᠠ ᠨᠢ ᠪᠠᠰᠠ ᠳᠠᠨ ᠤ ᠤᠯᠤᠰ ᠤᠨ ᠬᠠᠨ ᠤ ᠰᠠᠨᠠᠭ᠎ᠠ | ᠪᠤᠯᠤᠨ᠎ᠠ︾ ᠭᠡᠪᠡ᠃ ᠳᠡᠭᠡᠭᠡᠳ ᠨᠠᠰᠢᠷ ᠰᠤᠯᠳᠠᠨ ᠠᠪᠠᠴᠢ ᠶᠢ ᠬᠠᠷ᠎ᠠ ᠭᠡᠷ ᠲᠤ ᠤᠴᠢᠭᠤᠯᠵᠤ ᠳᠡᠮᠤᠷᠳᠡᠰᠢ ᠯᠤᠭ᠎ᠠ | ᠠᠭᠤᠯᠵᠠᠭᠤᠯᠪᠠ᠃ ᠳᠡᠮᠤᠷᠳᠡᠰᠢ ᠳᠤ ᠰᠦᠭᠦᠳᠤᠨ ᠮᠦᠷᠭᠦᠭᠡᠳ ᠠᠪᠠᠴᠢ᠄ ︽ᠶᠡᠭᠡ ᠨᠤᠶᠠᠨ ᠲᠠ ᠬᠦᠮᠤᠨ ᠤ | ᠤᠷᠴᠢᠯᠠᠩ ᠤᠨ ᠤᠴᠢᠷ ᠢ ᠳᠤᠳᠤᠷᠬᠠᠢ ᠮᠡᠳᠡᠬᠦ ᠲᠤᠯᠠ ᠳᠡᠭᠷᠢ ᠶᠢᠨ ᠰᠠᠨᠠᠭ᠎ᠠ ᠶᠢ ᠳᠠᠭᠠᠪᠠᠯ ᠵᠤᠬᠢᠨ᠎ᠠ︾ ᠭᠡᠪᠡ᠃ | ᠳᠡᠮᠤᠷᠳᠡᠰᠢ᠄ ︽ᠳᠡᠭᠷᠢ ᠶᠢᠨ ᠰᠠᠨᠠᠭ᠎ᠠ ᠶᠢ ᠪᠢ ᠳᠠᠭᠠᠨ᠎ᠠ᠃ ᠭᠡᠳᠡᠯ᠎ᠡ ᠴᠢ ᠶᠠᠮᠠᠷ ᠰᠠᠨᠠᠭ᠎ᠠ ᠲᠠᠢ ᠢᠷᠡᠭᠰᠡᠨ ᠢ ᠪᠢ | ᠮᠡᠳᠡᠬᠦ ᠦᠭᠡᠢ︾ ᠭᠡᠪᠡ᠃ ᠠᠪᠠᠴᠢ᠄ ︽ᠬᠠᠨ ᠤ ᠵᠠᠷᠯᠢᠭ ᠢᠶᠠᠷ ᠳᠠᠨ ᠢ ᠤᠯᠤᠰ ᠲᠠᠭᠠᠨ ᠠᠪᠠᠴᠢᠬᠤ ᠪᠠᠷ ᠢᠷᠡᠪᠡ︾ | ᠭᠡᠪᠡ᠃ ᠳᠡᠮᠤᠷᠳᠡᠰᠢ᠄ ︽ᠮᠢᠨᠤ ᠠᠳᠡ ᠢᠷᠡᠭᠰᠡᠨ ᠪᠤᠯ ᠲᠤᠩ ᠶᠡᠭᠡ ᠠᠯᠳᠠᠰᠢ ᠪᠤᠯᠤᠨ᠎ᠠ᠃ ᠠᠯᠢ ᠡᠷᠳᠡ | ᠡᠵᠡᠨ ᠳᠡᠭᠡᠨ ᠤᠷᠤᠵᠤ ᠦᠭᠭᠦᠭᠰᠡᠨ ᠪᠤᠯ ᠠᠮᠢ ᠪᠠᠨ ᠠᠯᠳᠠᠪᠠᠴᠤ ᠳᠡᠭᠦᠨ ᠤ ᠠᠭᠳᠠ ᠶᠢᠨ ᠳᠤᠭᠤᠷᠠᠢ ᠶᠢᠨ ᠳᠤᠤᠷ᠎ᠠ | ᠦᠭᠦᠭᠦ ᠶᠤᠮᠰᠠᠨ︾ ᠭᠡᠵᠦ ᠬᠠᠷᠠᠮᠰᠠᠨ ᠭᠡᠯᠡᠪᠡ᠃ ᠠᠪᠠᠴᠢ ᠶᠢ ᠰᠠᠯᠤᠨ ᠭᠠᠷᠴᠤ ᠢᠷᠡᠭᠰᠡᠨ ᠤ ᠰᠡᠭᠦᠯᠡᠷ᠂ ᠨᠠᠰᠢᠷ | ᠰᠤᠯᠳᠠᠨ ᠬᠦᠮᠤᠨ ᠶᠠᠪᠤᠭᠤᠯᠵᠤ ᠳᠡᠮᠤᠷᠳᠡᠰᠢ ᠶᠢ ᠠᠯᠠᠭᠤᠯᠤᠭᠠᠳ᠂ ᠲᠤᠯᠤᠭᠠᠢ ᠶᠢ ᠨᠢ ᠬᠠᠶᠢᠷᠴᠠᠭ ᠲᠤ ᠬᠢᠯᠭᠡᠵᠦ᠂ | ᠠᠪᠠᠴᠢ ᠶᠢᠨ ᠬᠦᠪᠡᠭᠦᠨ ᠢᠶᠠᠷ ᠪᠦᠰᠠᠶᠢᠨ ᠳᠤ ᠬᠦᠷᠭᠡᠯᠭᠡᠪᠡ᠃ | ᠳᠡᠮᠤᠷᠳᠡᠰᠢ ᠭᠡᠳᠦ᠋ᠢᠪᠡᠷ ᠡᠴᠢᠭᠡ ᠪᠤᠯᠤᠨ ᠳᠡᠭᠦᠦ ᠶᠢᠨ ᠢᠶᠠᠨ ᠭᠡᠷᠡᠭ ᠲᠤ ᠬᠤᠯᠪᠤᠭᠳᠠᠵᠤ ᠠᠷᠭ᠎ᠠ ᠪᠤᠰᠤ | ᠤᠯᠤᠰ ᠠᠴᠠ ᠪᠠᠨ ᠤᠷᠪᠠᠭᠰᠠᠨ ᠪᠤᠯᠪᠠᠴᠤ ᠮᠤᠩᠭᠤᠯ ᠮᠤᠷᠢᠨ ᠤ ᠳᠤᠭᠤᠷᠠᠢ ᠶᠢᠨ ᠮᠦᠷ ᠢ ᠭᠷᠧᠭ ᠲᠤ ᠬᠦᠷᠳᠡᠯ᠎ᠡ | ᠦᠷᠭᠡᠳᠭᠡᠬᠦ ᠪᠠᠷ ᠳᠡᠮᠡᠴᠡᠵᠦ ᠪᠠᠶᠢᠭᠰᠠᠨ ᠬᠦᠮᠤᠨ ᠪᠤᠯᠬᠤ ᠶᠤᠮ᠃ | | |