ᠬᠦᠨᠳᠡᠯᠡᠨ ᠤᠪᠠᠰᠢ
ᠨᠡᠶᠢᠲᠡᠯᠡᠭᠰᠡᠨ ᠴᠠᠭ᠄
2019/11/14
ᠬᠦᠨᠳᠡᠯᠡᠨ ᠤᠪᠠᠰᠢ ᠪᠤᠯ ᠤᠶᠢᠷᠠᠳ ᠤᠨ ᠬᠤᠱᠤᠳ ᠠᠶᠢᠮᠠᠭ ᠤᠨ ᠬᠦᠮᠤᠨ ᠪᠤᠯᠤᠨ᠎ᠠ᠃ ᠳᠡᠭᠦᠨ ᠤ ᠡᠴᠢᠭᠡ ᠨᠢ ᠬᠠᠨᠢ ᠨᠤᠶᠠᠨ ᠬᠤᠨᠭ᠍ᠭᠤᠷ ᠪᠤᠯᠬᠤ ᠪᠦᠭᠡᠳ ᠠᠬ᠎ᠠ ᠨᠢ ᠪᠠᠶᠢᠪᠠᠭᠠᠰ ᠪᠠᠭᠠᠳᠤᠷ ᠨᠤᠶᠠᠨ ᠪᠤᠯᠬᠤ ᠶᠤᠮ᠃ 1637 ᠤᠨ ᠤ ᠴᠠᠭᠠᠨ ᠰᠠᠷ᠎ᠠ ᠳᠤ᠂ ᠪᠠᠭᠠᠳᠤᠷ ᠬᠤᠨᠭ᠌ ᠳᠠᠶᠢᠵᠢ᠂ ᠬᠦᠤᠰᠢ ᠬᠠᠨ᠂ ᠬᠦᠨᠳᠡᠯᠡᠨ ᠤᠪᠠᠰᠢ ᠨᠠᠷ ᠳᠦᠷᠪᠡᠨ ᠤᠶᠢᠷᠠᠳ ᠤᠨ ᠬᠤᠯᠪᠤᠭᠠᠳᠤ ᠴᠡᠷᠢᠭ ᠢ ᠠᠪᠴᠤ ᠪᠠᠷᠬᠦ᠋ᠯ ᠪᠤᠯᠤᠨ ᠬᠠᠮᠢᠯ ᠢ ᠳᠡᠮᠵᠢᠵᠤ ᠠᠮᠳᠤᠤ ᠶᠢᠨ ᠭᠠᠵᠠᠷ  ᠲᠤ ᠴᠦᠮᠤᠷᠢᠨ ᠤᠷᠤᠭᠠᠳ ᠬᠠᠯᠬ᠎ᠠ ᠶᠢᠨ ᠴᠤᠭᠳᠤ ᠳᠠᠶᠢᠵᠢ ᠶᠢ ᠤᠯᠠᠭᠠᠨ ᠬᠤᠰᠢᠭᠤ ᠭᠡᠮᠡᠬᠦ ᠭᠠᠵᠠᠷ ᠲᠤ ᠳᠡᠶᠢᠯᠵᠤ᠂ ᠬᠦᠬᠡᠨᠠᠭᠤᠷ ᠢ ᠡᠵᠡᠯᠡᠭᠰᠡᠨ ᠪᠠᠶᠢᠨ᠎ᠠ᠃ ᠳᠦᠷᠪᠡᠨ ᠤᠶᠢᠷᠠᠳ ᠤᠨ ᠴᠡᠷᠢᠭ ᠬᠦᠬᠡᠨᠠᠭᠤᠷ ᠠᠴᠠ ᠴᠢᠨᠠᠭᠰᠢ ᠲᠦᠪᠡᠳ ᠤᠨ ᠯᠾᠠᠰᠠ ᠳᠤ ᠬᠦᠷᠦᠭᠰᠡᠨ ᠳᠤ᠂ ᠳᠠᠪᠤᠳᠤᠭᠠᠷ ᠳᠦᠷᠢ ᠶᠢᠨ ᠳᠠᠯᠠᠢ ᠯᠠᠮᠠ ᠬᠦᠤᠰᠢ ᠬᠠᠨ ᠢ ᠰᠠᠶᠢᠰᠢᠶᠠᠨ ᠡᠷᠭᠦᠮᠵᠢᠯᠡᠵᠦ᠂ ︽ᠬᠦᠤᠰᠢ ᠳᠡᠩᠵᠢᠨᠴᠦ᠋ᠢᠷᠵᠢᠯ ᠬᠠᠭᠠᠨ︾ ᠭᠡᠮᠡᠨ ᠴᠤᠯᠠ ᠬᠠᠶᠢᠷᠠᠯᠠᠪᠠ᠃ ᠲᠤᠰ ᠵᠢᠯ ᠤᠨ ᠡᠪᠤᠯ᠂ ᠳᠦᠷᠪᠡᠨ ᠤᠶᠢᠷᠠᠳ ᠤᠨ ᠨᠤᠶᠠᠳ ᠯᠾᠠᠰᠠ ᠠᠴᠠ ᠬᠦᠬᠡᠨᠠᠭᠤᠷ ᠤᠨ ᠤᠷᠴᠢᠮ ᠪᠤᠴᠠᠵᠤ ᠢᠷᠡᠭᠡᠳ᠂ ᠤᠷᠤᠰ ᠤᠨ ᠵᠠᠬ᠎ᠠ ᠵᠡᠷᠭᠡᠯᠡᠳᠡᠭᠡ ᠮᠠᠯᠵᠢᠳᠠᠭ ᠤᠶᠢᠷᠠᠳ ᠤᠨ ᠬᠤᠶᠢᠳᠤ ᠭᠡᠰᠡᠭ ᠤᠨ ᠬᠦᠨᠳᠡᠯᠡᠨ ᠤᠪᠠᠰᠢ ᠵᠡᠷᠭᠡ ᠬᠦᠮᠦᠰ ᠤᠨ ᠵᠠᠬᠢᠷᠤᠭᠰᠠᠨ ᠬᠤᠱᠤᠳ᠂ ᠳᠦᠷᠪᠡᠳ ᠤᠨ ᠴᠡᠷᠢᠭ ᠢ ᠤᠭ ᠨᠤᠳᠤᠭ ᠲᠤᠨᠢ ᠪᠤᠴᠠᠭᠠᠭᠰᠠᠨ ᠪᠠᠶᠢᠪᠠ᠃ 1639 ᠤᠨ ᠳᠤ᠂ ᠪᠠᠭᠠᠳᠤᠷ ᠬᠤᠨᠭ᠌ ᠳᠠᠶᠢᠵᠢ᠂ ᠮᠡᠷᠭᠡᠨ ᠵᠢᠨᠤᠩ ᠬᠤᠶᠠᠭᠤᠯᠠ ᠴᠡᠷᠢᠭ ᠢᠶᠠᠨ ᠳᠠᠭᠠᠭᠤᠯᠤᠨ ᠪᠤᠴᠠᠵᠤ ᠬᠠᠷᠢᠬᠤ ᠴᠠᠭ ᠲᠤ᠂ ᠬᠦᠤᠰᠢ ᠬᠠᠨ᠄ ︽ᠰᠢᠷᠭᠤᠯᠵᠢ ᠮᠡᠳᠤ ᠡᠨᠡ ᠤᠯᠠᠨ ᠳᠠᠩᠭᠠᠳ ᠤᠨ ᠳᠤᠳᠤᠷ᠎ᠠ ᠭᠠᠭᠴᠠ ᠪᠢ ᠶᠠᠭᠠᠬᠢᠵᠤ ᠰᠠᠭᠤᠬᠤ ᠪᠤᠢ᠃ ᠲᠠ ᠬᠤᠶᠠᠷ ᠪᠤᠴᠠᠵᠤ ᠬᠠᠷᠢᠭᠰᠠᠨ ᠤ ᠳᠠᠷᠠᠭ᠎ᠠ᠂ ᠮᠢᠨᠤ ᠬᠤᠪᠢ ᠶᠢᠨ ᠠᠯᠪᠠᠳᠤ ᠪᠠ ᠨᠦᠭᠦᠳ ᠪᠤᠯᠬᠤ ᠤᠯᠤᠰ ᠢ ᠶᠠᠪᠤᠭᠤᠯᠵᠤ ᠦᠭᠭᠦᠭᠳᠤᠨ︾ ᠭᠡᠵᠦ ᠬᠦᠰᠡᠪᠡ᠃ ᠳᠡᠶᠢᠨ ᠬᠦ ᠪᠠᠭᠠᠳᠤᠷ ᠬᠤᠨᠭ᠌ ᠳᠠᠶᠢᠵᠢ ᠨᠤᠳᠤᠭ ᠲᠠᠭᠠᠨ ᠪᠤᠴᠠᠵᠤ ᠢᠷᠡᠮᠡᠭᠴᠡ ᠦᠪᠡᠷ ᠤᠨ ᠬᠦᠪᠡᠭᠦᠨ ᠦᠨᠤᠴᠢᠨ ᠰᠡᠴᠡᠨ ᠢ ᠠᠯᠪᠠᠳᠤ ᠨᠠᠷ  ᠲᠠᠢ ᠨᠢ᠂ ᠬᠤᠱᠤᠳ ᠤᠨ ᠬᠦᠨᠳᠡᠯᠡᠨ ᠤᠪᠠᠰᠢ ᠶᠢ ᠠᠯᠪᠠᠳᠤ ᠨᠠᠷ ᠲᠠᠢ ᠨᠢ᠂ ᠳᠤᠷᠭᠤᠳ ᠤᠨ ᠮᠡᠷᠭᠡᠨ ᠵᠢᠨᠤᠩ ᠢ ᠠᠯᠪᠠᠳᠤ ᠨᠠᠷ ᠲᠠᠢ ᠨᠢ ᠬᠦᠤᠰᠢ ᠬᠠᠨ ᠤ ᠳᠡᠷᠭᠡᠳᠡ ᠶᠠᠪᠤᠭᠤᠯᠵᠤ ᠦᠭᠭᠦᠭᠰᠡᠨ ᠪᠠᠶᠢᠨ᠎ᠠ᠃ 1640 ᠤᠨ ᠳᠤ᠂ ᠬᠦᠨᠳᠡᠯᠡᠨ ᠤᠪᠠᠰᠢ ᠤᠶᠢᠷᠠᠳ ᠠᠴᠠ ᠬᠠᠯᠬ᠎ᠠ ᠮᠤᠩᠭᠤᠯ ᠤᠨ ᠨᠤᠳᠤᠭ ᠲᠤ ᠬᠦᠷᠬᠦ ᠵᠠᠮ ᠤᠨ ᠠᠭᠤᠯᠵᠠᠷ ᠪᠤᠯᠬᠤ ᠡᠷᠴᠢᠰ ᠭᠤᠤᠯ ᠤᠨ ᠬᠦᠪᠡᠭᠡ ᠳᠠᠬᠢ ᠮᠠᠨᠢᠳᠤ ᠶᠢᠨ ᠭᠠᠳᠤᠯᠭᠠᠨ ᠤ ᠤᠷᠴᠢᠮ ᠭᠠᠵᠠᠷ ᠲᠤ ᠬᠦᠷᠴᠤ᠂ ︽ᠮᠤᠩᠭᠤᠯ — ᠤᠶᠢᠷᠠᠳ ᠤᠨ ᠶᠡᠭᠡ ᠴᠠᠭᠠᠵᠠ︾ ᠪᠤᠶᠤ ︽ᠲᠦᠴᠢᠨ᠂ ᠳᠦᠷᠪᠡᠨ ᠬᠤᠶᠠᠷ ᠤᠨ ᠶᠡᠭᠡ ᠴᠠᠭᠠᠵᠠ ︾ ᠭᠡᠮᠡᠬᠦ ᠶᠡᠭᠡ ᠴᠠᠭᠠᠵᠠ ᠶᠢ ᠳᠤᠭᠳᠠᠭᠠᠬᠤ ᠬᠤᠷᠠᠯ ᠳᠤ ᠤᠷᠤᠯᠴᠠᠪᠠ᠃ 1643 ᠤᠨ ᠳᠤ᠂ ᠬᠦᠨᠳᠡᠯᠡᠨ ᠤᠪᠠᠰᠢ ᠪᠤᠯᠤᠨ ᠲᠦᠪᠡᠳ ᠨᠤᠶᠠᠳ ᠽᠠᠶ᠎ᠠ ᠪᠠᠨᠳᠢᠳᠠ ᠶᠢ ᠵᠠᠯᠠᠵᠤ᠂ ᠳᠠᠶᠢᠴᠢᠨ ᠬᠤᠰᠢᠭᠤᠴᠢ ᠶᠢ ᠤᠷᠤᠰᠢᠭᠤᠯᠤᠭᠰᠠᠨ ᠪᠦᠭᠡᠳ ᠳᠦᠷᠪᠡᠳ ᠳᠠᠯᠠᠢ ᠳᠠᠶᠢᠵᠢ ᠶᠢᠨ ᠬᠦᠪᠡᠭᠦᠨ ᠤᠮᠪᠤ ᠳᠠᠶᠢᠴᠢᠩ ᠬᠤᠰᠢᠭᠤᠴᠢ ᠶᠢᠨ ᠪᠠᠷᠢᠭᠰᠠᠨ ᠰᠤᠷᠪᠤᠷᠭ᠎ᠠ ᠶᠢ ᠠᠮᠢᠯᠠᠭᠤᠯᠵᠤ ᠦᠭᠭᠦᠭᠰᠡᠨ ᠪᠠᠶᠢᠨ᠎ᠠ᠃ 1643 ᠤᠨ ᠳᠤ᠂ ᠪᠠᠭᠠᠳᠤᠷ ᠬᠤᠨᠭ᠌ ᠳᠠᠶᠢᠵᠢ ᠠᠴᠠ ᠵᠡᠭᠦᠨᠭᠠᠷ ᠪᠤᠯᠤᠨ ᠢᠵᠢᠯ — ᠵᠠᠢ ᠶᠢᠨ ᠬᠤᠭᠤᠷᠤᠨᠳᠤᠬᠢ ᠵᠠᠮ ᠬᠠᠷᠢᠯᠴᠠᠭᠠᠨ ᠤ ᠰᠠᠭᠠᠳ ᠬᠠᠷᠰᠢᠯ ᠢ ᠤᠰᠠᠳᠬᠠᠬᠤ ᠶᠢᠨ ᠲᠦᠯᠦᠭᠡ ᠳᠦᠷᠪᠡᠨ ᠤᠶᠢᠷᠠᠳ᠂ ᠬᠠᠯᠬ᠎ᠠ ᠮᠤᠩᠭᠤᠯ ᠤᠨ ᠵᠠᠰᠠᠭᠳᠤ ᠬᠠᠨ ᠠᠶᠢᠮᠠᠭ ᠪᠤᠯᠤᠨ ᠢᠵᠢᠯ — ᠵᠠᠢ ᠶᠢᠨ ᠳᠤᠷᠭᠤᠳ ᠤᠨ ᠬᠤᠯᠪᠤᠭᠠᠳᠤ ᠴᠡᠷᠢᠭ ᠢ ᠳᠠᠶᠢᠴᠢᠯᠠᠵᠤ ᠬᠠᠰᠠᠭᠴᠤᠳ ᠢ ᠳᠠᠶᠢᠯᠠᠪᠠ᠃ ᠡᠨᠡ ᠤᠳᠠᠭ᠎ᠠ ᠶᠢᠨ ᠳᠠᠶᠢᠨ ᠳᠤ᠂ ᠬᠤᠱᠤᠳ ᠠᠶᠢᠮᠠᠭ ᠤᠨ ᠬᠦᠨᠳᠡᠯᠡᠨ ᠤᠪᠠᠰᠢ᠂ ᠠᠪᠤᠯᠠᠢ᠂ ᠳᠦᠷᠪᠡᠳ ᠤᠨ ᠳᠠᠯᠠᠢ ᠳᠠᠶᠢᠵᠢ ᠶᠢᠨ ᠭᠡᠦᠭᠡᠳ ᠤᠷᠤᠯᠴᠠᠭᠰᠠᠨ ᠦᠭᠡᠢ ᠪᠠᠶᠢᠪᠠ᠃ ᠡᠭᠦᠨ ᠳᠤ ᠪᠠᠭᠠᠳᠤᠷ ᠬᠤᠨᠭ᠌ ᠳᠠᠶᠢᠵᠢ ᠶᠡᠭᠡᠳᠡ ᠠᠭᠤᠷᠯᠠᠵᠤ᠂ ᠸᠴᠢᠷᠳᠤ ᠰᠡᠴᠡᠨ ᠬᠠᠨ ᠯᠤᠭ᠎ᠠ ᠬᠤᠯᠪᠤᠭᠠᠯᠠᠨ᠂ ᠬᠦᠨᠳᠡᠯᠡᠨ ᠤᠪᠠᠰᠢ᠂ ᠠᠪᠤᠯᠠᠢ ᠨᠠᠷ ᠠᠴᠠ ᠶᠠᠯ᠎ᠠ ᠠᠰᠠᠭᠤᠬᠤ ᠭᠡᠮᠡᠨ ᠴᠡᠷᠢᠭ ᠳᠠᠶᠢᠴᠢᠯᠠᠨ ᠳᠠᠶᠢᠯᠠᠪᠠ᠃ ᠳᠡᠭᠦᠨ ᠠᠴᠠ ᠡᠬᠢᠯᠡᠨ ᠵᠡᠭᠦᠨᠭᠠᠷ ᠲᠠᠬᠢ ᠤᠶᠢᠷᠠᠳ ᠤᠳ ᠵᠡᠭᠦᠨ᠂ ᠪᠠᠷᠠᠭᠤᠨ ᠬᠤᠶᠠᠷ ᠠᠩᠬᠢ ᠪᠤᠯᠵᠤ ᠬᠠᠭᠠᠷᠠᠯ ᠭᠠᠷᠪᠠ᠃ ᠬᠠᠭᠠᠷᠠᠯ ᠤᠨ ᠤᠭ ᠦᠨᠳᠤᠰᠤ ᠨᠢ ᠬᠤᠱᠤᠳ ᠠᠶᠢᠮᠠᠭ ᠤᠨ ᠸᠴᠢᠷᠳᠤ ᠰᠡᠴᠡᠨ ᠬᠠᠨ ᠳᠡᠭᠦᠨ ᠤ ᠳᠡᠭᠦᠦ ᠠᠪᠤᠯᠠᠢ ᠲᠠᠢ ᠡᠪᠳᠡᠷᠡᠯᠴᠡᠭᠰᠡᠨ ᠪᠠᠶᠢᠵᠠᠢ᠃ ᠬᠤᠱᠤᠳ ᠤᠨ ᠪᠠᠶᠢᠪᠠᠭᠠᠰ ᠬᠠᠨ ᠦᠭᠦᠭᠰᠡᠨ ᠳᠤ᠂ ᠳᠡᠭᠦᠨ ᠤ ᠦᠮᠴᠢ ᠬᠦᠷᠤᠩᠭᠡ ᠪᠠ ᠬᠠᠷᠢᠶᠠᠳᠤ ᠢᠷᠭᠡᠨ ᠢ ᠶᠠᠭᠠᠬᠢᠵᠤ ᠬᠤᠪᠢᠶᠠᠯᠴᠠᠬᠤ ᠲᠤᠬᠠᠢ ᠬᠤᠶᠠᠷ ᠭᠡᠦᠭᠡᠳ ᠨᠢ ᠪᠤᠯᠬᠤ ᠸᠴᠢᠷᠳᠤ ᠰᠡᠴᠡᠨ ᠬᠠᠨ ᠪᠤᠯᠤᠨ ᠠᠪᠤᠯᠠᠢ ᠳᠠᠶᠢᠵᠢ ᠬᠤᠭᠤᠷᠤᠨᠳᠤ ᠪᠠᠨ ᠵᠦᠷᠢᠴᠡᠯ ᠭᠠᠷᠴᠤ ᠮᠠᠭᠤᠳᠠᠪᠠ᠃ ᠡᠭᠦᠨ ᠳᠤ ᠬᠦᠨᠳᠡᠯᠡᠨ ᠤᠪᠠᠰᠢ ᠭᠡᠦᠭᠡᠳ ᠲᠠᠢ ᠪᠠᠨ ᠬᠠᠮᠳᠤ ᠪᠠᠷ ᠠᠪᠤᠯᠠᠢ ᠶᠢᠨ ᠳᠠᠯ᠎ᠠ ᠳᠤ ᠵᠤᠭᠰᠤᠪᠠ᠃ ᠳᠦᠷᠪᠡᠳ ᠤᠨ ᠳᠠᠯᠠᠢ ᠳᠠᠶᠢᠵᠢ ᠶᠢᠨ ᠭᠡᠦᠭᠡᠳ ᠪᠠᠰᠠ ᠠᠪᠤᠯᠠᠢ ᠶᠢᠨ ᠡᠳᠡᠭᠡᠳ ᠢ ᠳᠡᠮᠵᠢᠭᠰᠡᠨ ᠪᠠᠶᠢᠨ᠎ᠠ᠃ 1645 ᠤᠨ ᠳᠤ᠂ ᠬᠦᠨᠳᠡᠯᠡᠨ ᠤᠪᠠᠰᠢ ᠬᠠᠰᠠᠭ ᠤᠨ ᠶᠠᠩᠵᠠᠷ ᠰᠤᠯᠳᠠᠠ ᠯᠤᠭ᠎ᠠ ᠬᠤᠯᠪᠤᠭᠠᠯᠠᠵᠤ᠂ ᠠᠴᠢ ᠬᠦᠪᠡᠭᠦᠨ ᠸᠴᠢᠷᠳᠤ ᠰᠡᠴᠡᠡ ᠬᠠᠨ ᠢᠶᠠᠨ ᠡᠰᠡᠷᠭᠦᠴᠡᠭᠰᠡᠨ ᠳᠤ᠂ ᠪᠠᠭᠠᠳᠤᠷ ᠬᠤᠨᠭ᠌ ᠳᠠᠶᠢᠵᠢ ᠨᠢᠭᠡ ᠳᠠᠯ᠎ᠠ ᠪᠠᠷ ᠦᠪᠡᠷ ᠢᠶᠠᠨ ᠴᠡᠷᠢᠭ ᠠᠪᠴᠤ ᠶᠠᠩᠵᠠᠷ ᠢ ᠳᠠᠬᠢᠨ ᠳᠤᠪᠳᠤᠯᠤᠭᠰᠠᠨ ᠪᠦᠭᠡᠳ ᠨᠦᠭᠦᠭᠡ ᠳᠠᠯ᠎ᠠ ᠪᠠᠷ ᠸᠴᠢᠷᠳᠤ ᠰᠡᠴᠡᠨ ᠬᠠᠨ ᠪᠤᠯᠤᠨ ᠳᠤᠷᠭᠤᠳ ᠤᠨ ᠬᠠᠨ ᠵᠢᠴᠢ ᠡᠷᠡᠯᠭᠡᠭ ᠲᠤ ᠴᠡᠷᠢᠭ ᠦᠭᠴᠤ ᠬᠦᠨᠳᠡᠯᠡᠨ ᠤᠪᠠᠰᠢ ᠲᠠᠢ ᠪᠠᠶᠢᠯᠳᠤᠭᠤᠯᠬᠤ  ᠪᠠᠷ ᠪᠤᠯᠪᠠ᠃ ᠳᠡᠭᠡᠭᠡᠳ ᠪᠠᠭᠠᠳᠤᠷ ᠬᠤᠨᠭ᠌ ᠳᠠᠶᠢᠵᠢ ᠶᠢᠨ ᠳᠤᠷᠭᠤᠳ ᠲᠤ ᠴᠢᠮᠡᠭᠡ ᠬᠦᠷᠭᠡᠭᠦᠯᠬᠦ ᠪᠠᠷ ᠶᠠᠪᠤᠭᠤᠯᠤᠭᠰᠠᠨ ᠬᠦᠮᠤᠨ ᠢ ᠬᠦᠨᠳᠡᠯᠡᠨ ᠤᠪᠠᠰᠢ ᠪᠠᠷᠢᠪᠴᠢᠯᠠᠨ ᠠᠪᠤᠭᠠᠳ ᠳᠤᠳᠤᠷᠠᠬᠢ ᠤᠴᠢᠷ ᠢ ᠳᠤᠳᠤᠷᠬᠠᠢ ᠮᠡᠳᠡᠭᠰᠡᠨ ᠪᠤᠯᠬᠤᠷ᠂ ᠬᠠᠷ᠎ᠠ ᠳᠡᠯ᠎ᠠ ᠭᠤᠤᠯ ᠤᠨ ᠡᠬᠢᠨ ᠳᠤ ᠴᠡᠷᠢᠭ ᠢᠶᠠᠨ ᠪᠦᠭᠭᠦᠯᠤᠨ ᠠᠮᠵᠢᠵᠠᠢ᠃ ᠡᠨᠡᠬᠦ ᠪᠠᠶᠢᠳᠠᠯ ᠢ ᠸᠴᠢᠷᠳᠤ ᠰᠡᠴᠡᠨ ᠬᠠᠨ ᠤᠯᠵᠤ ᠮᠡᠳᠡᠭᠡᠳ᠂ ᠴᠡᠷᠢᠭ ᠢᠶᠠᠨ ᠠᠪᠴᠤ ᠪᠤᠷᠤ ᠬᠤᠵᠢᠷ ᠠᠭᠤᠯᠠ ᠶᠢ ᠳᠠᠪᠠᠨ᠂ ᠬᠦᠨᠳᠡᠯᠡᠨ ᠤᠪᠠᠰᠢ ᠶᠢ ᠭᠡᠨᠡᠳᠡᠭᠦᠯᠤᠨ ᠳᠠᠭᠠᠷᠢᠪᠠ᠃ ᠬᠤᠶᠠᠷ ᠡᠳᠡᠭᠡᠳ ᠤᠨ ᠴᠡᠷᠢᠭ ᠦᠭᠡᠷ ᠠᠯᠠᠭ ᠭᠡᠳᠡᠭ ᠭᠠᠵᠠᠷ ᠲᠤ ᠡᠰᠡᠷᠭᠦᠴᠡᠯᠳᠤᠨ ᠪᠠᠶᠢᠯᠳᠤᠭᠠᠳ ᠠᠯᠢ ᠠᠯᠢᠨ ᠢᠶᠠᠨ ᠳᠠᠶᠢᠯᠵᠤ ᠴᠢᠳᠠᠬᠤ ᠦᠭᠡᠢ ᠪᠠᠶᠢᠳᠠᠯ᠎ᠠ᠂ ᠤᠶᠢᠷᠠᠳ ᠤᠨ ᠠᠯᠳᠠᠷᠳᠤ ᠯᠠᠮᠠ ᠽᠠᠶ᠎ᠠ ᠪᠠᠨᠳᠢᠳᠠ ᠸᠤᠯᠭ᠎ᠠ ᠮᠦᠷᠡᠨ ᠤ ᠬᠦᠪᠡᠭᠡ ᠳᠠᠬᠢ ᠳᠤᠷᠭᠤᠳᠴᠤᠳ ᠤᠨ ᠳᠡᠨᠳᠡ ᠠᠴᠠ ᠬᠦᠷᠤᠯᠴᠡᠨ ᠢᠷᠡᠭᠡᠳ᠂ ᠸᠴᠢᠷᠳᠤ ᠰᠡᠴᠡᠨ ᠬᠠᠨ ᠪᠤᠯᠤᠨ ᠬᠦᠨᠳᠡᠯᠡᠨ ᠤᠪᠠᠰᠢ ᠬᠤᠶᠠᠭᠤᠯᠠ ᠶᠢ ᠡᠪᠰᠡᠭᠦᠯᠵᠡᠢ᠃ 1646 ᠤᠨ ᠳᠤ᠂ ᠬᠦᠨᠳᠡᠯᠡᠨ ᠤᠪᠠᠰᠢ ᠪᠤᠯᠤᠨ ᠳᠦᠷᠪᠡᠳ ᠤᠨ ᠳᠠᠯᠠᠢ ᠳᠠᠶᠢᠵᠢ ᠶᠢᠨ ᠬᠦᠪᠡᠭᠦᠳ ᠨᠢ ᠯᠢ ᠭᠤᠤᠯ ᠤᠨ ᠠᠷᠤ ᠳᠠᠬᠢ ᠤᠬᠤᠷᠯᠢᠬ ᠭᠡᠳᠡᠭ ᠭᠠᠵᠠᠷ ᠲᠤ ᠪᠠᠭᠠᠳᠤᠷ ᠬᠤᠨᠭ᠌ ᠳᠠᠶᠢᠵᠢ ᠪᠤᠯᠤᠨ ᠸᠴᠢᠷᠳᠤ ᠰᠡᠴᠡᠨ ᠬᠠᠨ ᠲᠠᠢ ᠪᠠᠶᠢᠯᠳᠤᠪᠠ᠃ ᠳᠡᠭᠡᠭᠡᠳ ᠬᠦᠨᠳᠡᠯᠡᠨ ᠤᠪᠠᠰᠢ ᠳᠠᠯᠬᠢ ᠶᠢᠨ ᠳᠠᠪᠠᠭ᠎ᠠ᠂ ᠰᠠᠶᠢᠷᠠᠮ ᠤᠨ ᠨᠠᠭᠤᠷ ᠤᠷᠴᠢᠮ ᠢᠶᠠᠷ ᠳᠠᠷᠤᠭᠳᠠᠵᠤ᠂ ᠪᠠᠭᠠᠳᠤᠷ ᠬᠤᠨᠭ᠌ ᠳᠠᠶᠢᠵᠢ ᠳᠤ ᠳᠤᠯᠤᠭᠠᠨ ᠮᠢᠩᠭ᠎ᠠ ᠭᠠᠷᠤᠢ ᠬᠦᠮᠤᠨ ᠢᠶᠠᠨ ᠤᠯᠵᠠᠯᠠᠭᠳᠠᠪᠠ᠃ ᠳᠡᠭᠦᠨ ᠠᠴᠠ ᠬᠤᠶᠢᠰᠢ ᠬᠦᠨᠳᠡᠯᠡᠨ ᠤᠪᠠᠰᠢ ᠠᠴᠢ ᠬᠦᠪᠡᠭᠦᠨ ᠸᠴᠢᠷᠳᠤ ᠰᠡᠴᠡᠨ ᠬᠠᠨ ᠪᠤᠯᠤᠨ ᠪᠠᠭᠠᠳᠤᠷ ᠬᠤᠨᠭ᠌ ᠳᠠᠶᠢᠵᠢ ᠳᠤ ᠭᠤᠮᠤᠳᠠᠭᠠᠳ᠂ ᠭᠤᠷᠪᠠᠨ ᠮᠢᠩᠭᠠᠨ ᠡᠷᠤᠭᠡ᠂ ᠠᠷᠪᠠᠨ ᠳᠠᠪᠤᠨ ᠲᠦᠮᠡ ᠤᠷᠴᠢᠮ ᠠᠯᠪᠠᠳᠤ ᠨᠠᠷ ᠢᠶᠠᠨ ᠳᠠᠭᠠᠭᠤᠯᠵᠤ᠂ ᠵᠡᠭᠦᠨᠭᠠᠷ ᠠᠴᠠ ᠢᠵᠢᠯ ᠮᠦᠷᠡᠨ ᠤ ᠬᠦᠪᠡᠭᠡ ᠳᠤ ᠢᠷᠡᠵᠤ ᠪᠠᠭᠤᠭᠠᠳ ᠬᠠᠯᠢᠮᠠᠭᠴᠤᠳ ᠯᠤᠭ᠎ᠠ ᠨᠡᠶᠢᠯᠡᠭᠰᠡᠨ ᠶᠤᠮ᠃ ᠡᠨᠡ ᠨᠢ ᠪᠠᠷᠤᠭ 1660 ᠤᠨ ᠤ ᠭᠡᠷᠡᠭ ᠪᠤᠯᠤᠨ᠎ᠠ᠃ 1671 ᠤᠨ ᠤ ᠬᠠᠪᠤᠷ᠂ ᠭᠠᠯᠳᠠᠨ ᠪᠤᠱᠤᠭᠳᠤ ᠶᠢ ᠨᠤᠳᠤᠭ ᠲᠠᠭᠠᠨ ᠪᠤᠴᠠᠵᠤ ᠢᠷᠡᠬᠦ ᠦᠶ᠎ᠡ ᠳᠤ᠂ ᠵᠡᠭᠦᠨᠭᠠᠷ ᠤᠨ ᠵᠡᠭᠦᠨ ᠪᠤᠯᠤᠨ ᠪᠠᠷᠠᠭᠤᠨ ᠠᠩᠬᠢ ᠶᠢᠨ ᠬᠠᠭᠠᠷᠠᠯ ᠨᠢ ᠤᠯᠠᠮ ᠬᠤᠷᠴᠠᠳᠤᠭᠠᠳ ᠪᠠᠶᠢᠭᠰᠠᠨ ᠪᠦᠭᠡᠳ ᠵᠡᠭᠦᠨ ᠠᠩᠬᠢ ᠨᠢ ᠪᠠᠰᠠ ᠳᠤᠳᠤᠷ᠎ᠠ ᠪᠠᠨ ᠡᠪᠳᠡᠷᠡᠯ ᠪᠤᠯᠤᠭᠠᠳ ᠪᠠᠶᠢᠵᠠᠢ᠃ ᠬᠦᠨᠳᠡᠯᠡᠨ ᠤᠪᠠᠰᠢ ᠶᠢᠨ ᠭᠡᠦᠭᠡᠳ ᠵᠢᠴᠢ ᠠᠪᠤᠯᠠᠢ ᠨᠢ ᠳᠦᠷᠪᠡᠳ ᠤᠨ ᠳᠦᠢᠨ ᠳᠠᠶᠢᠱᠢ ᠶᠢ ᠪᠤᠯᠢᠶᠠᠨ ᠤᠤᠯᠭᠠᠯᠠᠪᠠ᠃ ᠳᠠᠷᠠᠭᠠᠪᠠᠷ ᠪᠠᠰᠠ ᠳᠤᠷᠭᠤᠳ ᠤᠨ ᠳᠠᠶᠢᠴᠢᠩ ᠨᠤᠶᠠᠨ ᠢ ᠪᠤᠯᠢᠶᠠᠨ ᠤᠤᠯᠭᠠᠯᠠᠪᠠ᠃ ᠳᠠᠳᠠᠨ ᠤᠤᠯᠭᠠᠯᠠᠵᠤ ᠤᠯᠤᠭᠰᠠᠨ ᠡᠳ᠋ ᠠᠰᠢᠭ ᠢᠶᠠᠨ ᠬᠤᠪᠢᠶᠠᠯᠴᠠᠬᠤ ᠲᠤᠬᠠᠢ ᠭᠡᠷᠡᠭᠦᠯ ᠪᠤᠯᠤᠭᠰᠠᠨ ᠲᠤᠯᠠ᠂ ᠬᠦᠨᠳᠡᠯᠡᠨ ᠤᠪᠠᠰᠢ ᠶᠢᠨ ᠭᠡᠦᠭᠡᠳ ᠪᠤᠯᠤᠨ ᠠᠪᠤᠯᠠᠢ ᠬᠤᠯᠠ ᠬᠤᠯᠠ ᠵᠠᠶᠢᠯᠠᠨ ᠰᠠᠭᠤᠪᠠ᠃ ᠸᠴᠢᠷᠳᠤ ᠰᠡᠴᠡᠨ ᠬᠠᠨ ᠡᠨᠡ ᠳᠠᠰᠢᠷᠠᠮ ᠢ ᠠᠰᠢᠭᠯᠠᠵᠤ ᠴᠡᠷᠢᠭ ᠬᠦᠳᠡᠯᠭᠡᠭᠡᠳ ᠬᠦᠨᠳᠡᠯᠡᠨ ᠤᠪᠠᠰᠢ ᠶᠢᠨ ᠭᠤᠷᠪᠠᠳᠤᠭᠠᠷ ᠬᠦᠪᠡᠭᠦᠨ ᠡᠷᠭᠡ ᠳᠠᠶᠢᠴᠢᠩ ᠪᠤᠯᠤᠨ ᠳᠤᠷᠵᠢ ᠳᠠᠶᠢᠴᠢᠩ ᠢ ᠬᠦᠴᠤ ᠪᠠᠷ ᠤᠷᠤᠭᠤᠯᠤᠨ ᠠᠪᠴᠤ᠂ ᠳᠡᠳᠡᠨ ᠬᠤᠶᠠᠭᠤᠯᠠ ᠶᠢ ᠨᠢᠭᠦᠯ ᠬᠢᠯᠢᠨᠴᠡ ᠪᠠᠨ ᠠᠷᠢᠯᠭ᠎ᠠ ᠭᠡᠮᠡᠨ ᠪᠠᠷᠠᠭᠤᠨ ᠵᠤᠤ ᠳᠤ ᠢᠯᠡᠭᠡᠭᠡᠳ᠂ ᠠᠯᠪᠠᠳᠤ ᠬᠠᠷᠢᠶᠠᠳᠤ ᠶᠢ ᠨᠢ ᠬᠦᠨᠳᠡᠯᠡᠨ ᠤᠪᠠᠰᠢ ᠶᠢᠨ ᠠᠴᠢ ᠬᠦᠪᠡᠭᠦᠨ ᠳ᠋ᠠᠨᠵᠢᠨ ᠬᠤᠨᠭ᠌ ᠳᠠᠶᠢᠵᠢ ᠳᠤ ᠳᠤᠰᠢᠶᠠᠵᠤ ᠦᠭᠪᠡ᠃ ᠭᠡᠳᠡᠯ᠎ᠡ 1673 ᠤᠨ ᠳᠤ᠂ ᠬᠦᠨᠳᠡᠯᠡᠨ ᠤᠪᠠᠰᠢ ᠶᠢᠨ ᠠᠴᠢ ᠬᠦᠪᠡᠭᠦᠨ ᠳ᠋ᠠᠨᠵᠢᠨ ᠬᠤᠨᠭ᠌ ᠳᠠᠶᠢᠵᠢ ᠸᠴᠢᠷᠳᠤ ᠰᠡᠴᠡᠨ ᠬᠠᠨ ᠳᠤ ᠳᠤᠷ᠎ᠠ ᠦᠭᠡᠶᠢᠴᠡᠭᠡᠳ᠂ ᠦᠪᠡᠷ ᠤᠨ ᠬᠠᠷᠢᠶᠠᠳᠤ ᠢᠷᠭᠡᠳ ᠢᠶᠠᠨ ᠳᠠᠭᠠᠭᠤᠯᠤᠨ ᠭᠠᠯᠳᠠᠨ ᠪᠤᠱᠤᠭᠳᠤ ᠳᠤ ᠲᠦᠰᠢᠭᠯᠡᠬᠦ ᠪᠠᠷ ᠢᠷᠡᠪᠡ᠃ ᠡᠭᠦᠨ ᠤ ᠤᠯᠠᠮ ᠠᠴᠠ ᠭᠠᠯᠳᠠᠨ ᠪᠤᠱᠤᠭᠳᠤ ᠶᠢᠨ ᠬᠦᠴᠤᠨ ᠶᠠᠪᠤᠬᠤ ᠳᠤᠳᠤᠮ ᠦᠷᠭᠡᠵᠢᠨ ᠪᠤᠵᠠᠭᠠᠶᠢᠷᠠᠭᠠᠳ᠂ ᠤᠶᠢᠷᠠᠳ ᠤᠨ ᠴᠢᠭᠤᠯᠭᠠᠨ ᠤ ᠬᠠᠨ — ᠸᠴᠢᠷᠳᠤ ᠰᠡᠴᠡᠠ ᠬᠠᠨ ᠤ ᠴᠡᠷᠢᠭ ᠢ ᠪᠠᠶᠢᠯᠳᠤᠨ ᠳᠡᠶᠢᠯᠵᠤ᠂ ᠤᠷᠳᠤᠰ ᠠᠴᠠ ᠬᠦᠬᠡᠨᠠᠭᠤᠷ ᠬᠦᠷᠳᠡᠯᠡᠭᠢ ᠦᠷᠭᠡᠨ ᠠᠭᠤᠳᠠᠮ ᠨᠤᠳᠤᠭ ᠳᠡᠪᠢᠰᠭᠡᠷ ᠢ ᠡᠷᠭᠡᠰᠢᠶᠡᠯ ᠳᠡᠭᠡᠨ ᠤᠷᠤᠭᠤᠯᠤᠨ ᠠᠪᠤᠭᠰᠠᠨ ᠪᠠᠶᠢᠵᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号