ᠴᠢᠩᠭᠢᠰ ᠬᠠᠭᠠᠨ ᠤ ᠲᠤᠪᠴᠢ ᠨᠠᠮᠳᠠᠷ ︵ᠨᠢᠭᠡ︶
ᠨᠡᠶᠢᠲᠡᠯᠡᠭᠰᠡᠨ ᠴᠠᠭ᠄
2019/11/14
ᠴᠢᠩᠭᠢᠰ ᠬᠠᠭᠠᠨ ︵1162 — — 1227᠂ 1206 — — 1227 ᠤᠨ ᠳᠤ ᠬᠠᠭᠠᠨ ᠤᠷᠤ  ᠳᠤ ᠪᠠᠶᠢᠪᠠᠢ︶᠂ ᠮᠤᠩᠭᠤᠯ ᠤᠯᠤᠰ ᠤᠨ ᠠᠩᠬᠠᠨ ᠡᠭᠦᠰᠭᠡᠨ ᠪᠠᠶᠢᠭᠤᠯᠤᠭᠰᠠᠨ ᠬᠠᠭᠠᠨ᠂ ᠨᠡᠷ᠎ᠡ ᠲᠡᠮᠦᠵᠢᠨ᠃ ᠮᠤᠩᠭᠤᠯ ᠭᠢᠶᠠᠨ ᠶᠠᠰᠤᠨ ᠤ ᠪᠤᠷᠵᠢᠭᠢᠨ ᠤᠪᠤᠭᠳᠠᠨ᠃ ᠬᠤᠵᠢᠮ ᠠᠨᠦ ᠶᠤᠸᠡᠨ ᠤᠯᠤᠰ ᠤᠨ ᠦᠶ᠎ᠡ ᠳᠤ ᠲᠠᠶᠢᠽᠤ ᠡᠷᠭᠦᠮᠵᠢᠯᠡᠭᠳᠡᠪᠡᠢ᠃ ᠴᠢᠩᠭᠢᠰ ᠬᠠᠭᠠᠨ ᠮᠤᠩᠭᠤᠯ ᠢᠵᠠᠭᠤᠷᠳᠠᠨ ᠭᠠᠷᠤᠯ ᠲᠠᠢ᠂ ᠲᠦᠷᠪᠡ ᠲᠠᠪᠤᠳᠤᠭᠠᠷ ᠡᠪᠦᠭᠡ ᠢᠨᠦ ᠯᠢᠩᠬᠤ᠂ ᠰᠡᠩᠭᠦᠮ ᠵᠡᠷᠭᠡ ᠨᠤᠶᠠᠨ ᠪᠠᠶᠢᠵᠤ᠂ ᠡᠯᠦᠨᠴᠡ ᠬᠠᠪᠤᠯ ᠵᠢᠴᠢ ᠲᠡᠭᠦᠨ ᠤ ᠲᠡᠭᠦᠤ ᠠᠮᠪᠠᠭᠠᠢ ᠬᠠᠭᠠᠨ᠂ ᠡᠪᠦᠭᠡ ᠦᠶ᠎ᠡ ᠲᠠᠢ ᠬᠤᠳᠠᠯᠠ ᠬᠠᠨ ᠠᠨᠦ ᠪᠦᠷ ᠮᠤᠩᠭᠤᠯ ᠠᠶᠢᠮᠠᠭ ᠤᠨ ᠬᠠᠨ ᠪᠤᠯᠵᠤ ᠦᠩᠭᠡᠷᠡᠪᠡᠢ᠃ ᠡᠴᠢᠭᠡ ᠢᠨᠦ ᠶᠢᠰᠦᠭᠡᠢ ᠪᠠᠭᠠᠳᠤᠷ ᠴᠤᠯᠠ ᠲᠠᠢ᠂ ᠶᠡᠭᠡᠭᠡᠨ ᠤᠯᠤᠰ ᠭᠦᠴᠦᠨ ᠲᠠᠢ ᠢᠵᠠᠭᠤᠷᠳᠠᠨ ᠪᠠᠶᠢᠵᠤᠬᠤᠢ᠃ ᠲᠡᠷᠡ ᠴᠭ ᠲᠤᠷ ᠮᠤᠩᠭᠤᠯ ᠤᠨ ᠦᠨᠳᠦᠷᠯᠢᠭ ᠤᠨ ᠲᠠᠲ᠋ᠠᠷ᠂ ᠮᠤᠩᠭᠤᠯ᠂ ᠬᠤᠩᠭᠢᠷᠠᠳ᠂ ᠭᠡᠷᠡᠶᠢᠳ᠂ ᠨᠠᠢᠮᠠᠨ᠂ ᠮᠡᠷᠭᠢᠳ᠂ ᠤᠶᠢᠷᠠᠳ ᠵᠡᠷᠭᠡ ᠤᠯᠤᠰ ᠢᠷᠭᠡᠨ ᠬᠤᠭᠤᠷᠤᠨᠳᠤ ᠪᠠᠨ ᠭᠢᠮᠦᠷᠠᠯᠳᠤᠨ ᠠᠪᠠᠢ᠃ ᠲᠡᠳᠡ᠂ ᠭᠢᠳᠡᠨ ᠢ ᠲᠠᠭᠠᠵᠤ ᠪᠠᠶᠢᠭᠰᠠᠨ ᠢᠶᠠᠨ ᠵᠠᠷᠢᠮᠠᠳ ᠠᠨᠦ ᠠᠯᠳᠠᠨ ᠤᠯᠤᠰ ᠲᠤ ᠠᠶᠠᠯᠳᠠᠵᠤ᠂ ᠤᠷᠪᠠᠵᠤ ᠲᠠᠭᠠᠬᠤ ᠠᠨᠦ ᠲᠤᠭᠳᠠᠪᠤᠷᠢ ᠦᠭᠡᠢ ᠠᠵᠤᠬᠤᠢ᠃ ᠠᠯᠳᠠᠨ ᠤᠯᠤᠰ ᠤᠨ ᠦᠶ᠎ᠡ ᠳᠤᠷ ᠲᠠᠭᠠᠯᠳᠤᠭᠴᠢ ᠪᠠᠷ ᠤᠷᠪᠠᠭᠴᠢᠳ ᠢ ᠴᠡᠷᠢᠭᠯᠡᠭᠦᠯᠵᠤ᠂ ᠮᠤᠩᠭᠤᠯ ᠤᠨ ᠦᠨᠳᠦᠷᠯᠢᠭ  ᠤᠨ ᠪᠠᠶᠢᠳᠠᠯ ᠢ ᠨᠡᠩᠳᠡ ᠪᠤᠳᠤᠯᠢᠶᠠᠨᠳᠠᠢ ᠪᠤᠯᠭᠠᠵᠤᠬᠤᠢ᠃ ᠲᠠᠶᠢᠨ ᠪᠠᠶᠢᠯᠳᠤᠭᠠᠨ ᠰᠢᠷᠦᠭᠦᠰᠴᠦ ᠲᠤᠮᠤᠷᠠᠭᠰᠠᠨ ᠤ ᠤᠯᠠᠮ ᠠᠴᠠ ᠲᠡᠳᠡᠭᠡᠷ ᠠᠶᠢᠮᠠᠭ ᠤᠨ ᠪᠦᠳᠦᠴᠡ ᠦᠷᠭᠦᠯᠵᠢ ᠡᠪᠳᠡᠭᠳᠡᠨ᠂ ᠨᠡᠩ ᠲᠤᠮᠤ ᠴᠡᠷᠢᠭ ᠤᠨ ᠶᠠᠪᠤᠳᠠᠯ ᠤᠨ ᠬᠤᠯᠪᠤᠭ᠎ᠠ ᠪᠦᠷᠢᠯᠳᠤᠪᠡᠢ᠃ 1162 ᠤᠨ ᠳᠤ ᠲᠠᠲ᠋ᠠᠷᠴᠤᠳ ᠠᠯᠳᠠᠨ ᠤᠯᠤᠰ ᠤᠨ ᠲᠡᠮᠵᠢᠯᠭᠡ ᠪᠠᠷ ᠮᠤᠩᠭᠤᠯᠴᠤᠳ  ᠯᠤᠭ᠎ᠠ ᠰᠢᠷᠦᠭᠦᠰᠦᠨ ᠲᠠᠶᠢᠳᠤᠯᠴᠠᠵᠤ᠂ ᠶᠢᠰᠦᠭᠡᠢ ᠪᠠᠭᠠᠳᠤᠷ ᠪᠡᠶ᠎ᠡ ᠪᠠᠷ ᠲᠠᠲ᠋ᠠᠷ ᠤᠨ ᠠᠬᠠᠯᠠᠬᠴᠢ ᠲᠡᠮᠤᠵᠢᠨ ᠢ ᠤᠯᠵᠠᠯᠠᠪᠠᠢ᠃ ᠢᠯᠠᠯᠳᠠ ᠠᠴᠠ ᠪᠤᠴᠠᠵᠤ ᠤᠤᠭᠠᠨ ᠭᠦᠤ ᠤᠯᠤᠭᠰᠠᠨ ᠠᠴᠠ ᠤᠯᠵᠠᠯᠠᠭᠳᠠᠭᠴᠢ ᠶᠢᠨ ᠨᠡᠷ᠎ᠡ ᠶᠢ ᠵᠢᠭᠡᠯᠡᠳᠤᠨ ᠨᠡᠷᠡᠯᠡᠵᠦᠭᠦᠢ᠃ ︽ᠲᠡᠮᠦᠵᠢᠨ︾ ᠭᠡᠮᠡᠭᠴᠢ ᠢᠨᠦ ᠲᠡᠮᠦᠷ ᠬᠠᠳᠠᠭᠤ ᠭᠡᠮᠡᠭᠰᠡᠨ ᠤᠳᠬ᠎ᠠ ᠪᠦᠭᠦᠢ ᠦᠭᠡ᠃ 1170 ᠤᠨ ᠤ ᠤᠷᠴᠢᠮ᠂ ᠶᠢᠰᠦᠭᠡᠢ ᠪᠠᠭᠠᠳᠤᠷ ᠲᠠᠲ᠋ᠠᠷᠴᠤᠳ ᠲᠤ ᠬᠤᠤᠷᠯᠠᠭᠳᠠᠵᠤ ᠶᠡᠭᠦᠳᠦᠭᠰᠡᠨ ᠤ ᠤᠴᠢᠷ᠎ᠠ ᠲᠡᠭᠦᠨ ᠤ ᠬᠠᠷᠢᠶ᠎ᠠ ᠠᠶᠢᠮᠠᠭ ᠤᠳ ᠵᠠᠯᠭᠠᠭ᠎ᠠ ᠵᠠᠯᠭᠠᠭ᠎ᠠ ᠪᠤᠳᠠᠷᠠᠵᠤ᠂ ᠶᠢᠰᠦᠭᠡᠢ ᠶᠢᠨ ᠭᠡᠷᠭᠡᠢ ᠦᠭᠡᠯᠦᠨ ᠬᠠᠳᠤᠨ᠂ ᠲᠡᠮᠦᠵᠢᠨ ᠵᠢᠴᠢ ᠲᠡᠭᠦᠨ ᠤ ᠭᠡᠳᠤᠨ ᠲᠡᠭᠦᠤ ᠶᠢ ᠲᠠᠭᠠᠭᠤᠯᠵᠤ ᠭᠦᠴᠢᠷ ᠲᠠᠢ ᠠᠮᠢᠳᠤᠷᠠᠯ ᠳᠤᠷ ᠤᠴᠠᠷᠠᠵᠤᠬᠤᠢ᠃ ᠲᠡᠮᠦᠵᠢᠨ᠂ ᠠᠮᠪᠠᠭᠠᠢ ᠬᠠᠭᠠᠨ ᠤ ᠬᠤᠶᠢᠴᠢ ᠲᠠᠶᠢᠴᠢᠭᠤᠳ ᠨᠠᠷ ᠲᠤ ᠤᠯᠵᠠᠯᠠᠭᠳᠠᠨ ᠬᠤᠷᠢᠭᠳᠠᠭᠠᠳ᠂ ᠲᠤᠳᠠᠭᠠᠨ ᠪᠤᠴᠠᠭᠰᠠᠨ ᠤ ᠬᠤᠶᠢᠨ᠎ᠠ ᠮᠤᠩᠭᠤᠯ ᠤᠨ ᠦᠨᠳᠦᠷᠯᠢᠭ ᠤᠨ ᠬᠠᠮᠤᠭ ᠤᠨ ᠭᠦᠴᠦᠷᠭᠡᠭ ᠭᠡᠷᠡᠶᠢᠳ ᠠᠶᠢᠮᠠᠭ ᠤᠨ ᠠᠬᠠᠯᠠᠭᠴᠢ ᠲᠤᠭᠤᠷᠢᠯ ᠬᠠᠨ ᠢ ᠲᠦᠰᠢᠵᠦᠭᠦᠢ᠃ ᠲᠡᠮᠡᠢ ᠤᠳᠠᠯ ᠦᠭᠡᠢ ᠲᠡᠮᠦᠵᠢᠨ ᠤ ᠭᠡᠷᠭᠡᠢ ᠪᠦᠷᠳᠡ ᠢᠨᠦ ᠮᠡᠷᠭᠢᠳ ᠨᠠᠷ ᠲᠤ ᠪᠤᠯᠢᠶᠠᠭᠳᠠᠭᠰᠠᠨ ᠳᠤᠷ ᠲᠡᠮᠦᠵᠢᠨ᠂ ᠲᠤᠭᠤᠷᠢᠯ ᠬᠠᠨ ᠪᠠ ᠮᠤᠩᠭᠤᠯᠴᠤᠳ ᠤᠨ ᠲᠤᠮᠳᠠ ᠬᠠᠮᠤᠭ  ᠤᠨ ᠭᠦᠴᠦᠷᠭᠡᠭ ᠭᠡᠮᠡᠭᠳᠡᠭᠴᠢ ᠵᠠᠳᠠᠷᠠᠨ ᠠᠶᠢᠮᠠᠭ ᠤᠨ ᠠᠬᠠᠯᠠᠭᠴᠢ ᠵᠠᠮᠤᠬ᠎ᠠ ᠨᠠᠷ ᠢ ᠭᠤᠶᠤᠵᠤ ᠬᠠᠮᠳᠤ ᠪᠠᠷ ᠴᠡᠷᠢᠭ ᠭᠠᠷᠭᠠᠨ᠂ ᠮᠡᠷᠭᠢᠳᠴᠤᠳ ᠢ ᠢᠯᠠᠭᠠᠳ᠂ ᠭᠡᠷᠭᠡᠢ ᠪᠠᠨ ᠪᠤᠴᠠᠭᠠᠨ ᠠᠪᠴᠢᠷᠠᠪᠠᠢ᠃ ᠬᠠᠷ᠎ᠠ ᠪᠠᠭ᠎ᠠ ᠶᠢᠨ ᠦᠶ᠎ᠡ ᠶᠢᠨ ᠬᠠᠳᠠᠭᠤᠬᠠᠨ ᠦᠩᠭᠡᠷᠡᠯᠳᠡ ᠨᠢ ᠲᠡᠮᠦᠵᠢᠨ ᠢ ᠡᠷᠡᠯᠭᠡᠭ ᠪᠠᠭᠠᠳᠤᠷᠯᠢᠭ ᠪᠤᠯᠭᠠᠭᠰᠠᠨ ᠪᠠᠶᠢᠯ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号