| ᠬᠤᠳᠠᠯᠠ ᠬᠠᠨ ᠨᠠᠰᠤᠨ ᠡᠴᠦᠰᠯᠡᠭᠰᠡᠨ ᠤ ᠬᠤᠶᠢᠨ᠎ᠠ ᠮᠤᠩᠭᠤᠯᠴᠤᠳ ᠤᠨ ᠵᠤᠩᠭᠢ ᠨᠢ ᠵᠠᠮᠤᠬ᠎ᠠ ᠶᠢ ᠲᠠᠭᠠᠯᠳᠤᠨ | ᠠᠵᠤᠬᠤᠢ᠃ ᠲᠡᠮᠦᠵᠢᠨ ᠮᠥᠨ ᠪᠠᠰᠠ ᠵᠠᠮᠤᠬ᠎ᠠ ᠶᠢ ᠲᠠᠭᠠᠨ ᠨᠡᠭᠦᠳᠡᠯᠯᠡᠨ ᠪᠠᠶᠢᠪᠠᠢ᠃ ᠲᠡᠮᠦᠵᠢᠨ ᠢᠳᠡᠭ ᠢᠳᠡᠭ ᠢᠶᠠᠷ | ᠭᠦᠮᠦᠨ ᠤ ᠰᠡᠳᠭᠢᠯ ᠢ ᠤᠯᠵᠤ᠂ ᠶᠠᠪᠤᠭ᠎ᠠ ᠳᠤ ᠪᠠᠨ ᠵᠠᠮᠤᠬ᠎ᠠ ᠠᠴᠠ ᠰᠠᠯᠵᠤ ᠠᠰᠳᠠᠭᠠᠨ ᠤᠷᠳᠤ ᠪᠠᠶᠢᠭᠤᠯᠤᠭᠰᠠᠨ | ᠪᠠᠶᠢᠨ᠎ᠠ᠃ 12 ᠳ᠋ᠤᠭᠠᠷ ᠵᠠᠭᠤᠨ ᠤ ᠨᠠᠶᠠᠭᠠᠳ ᠤᠨ ᠢᠶᠠᠷ ᠲᠡᠮᠦᠵᠢᠨ ᠮᠤᠩᠭᠤᠯ ᠭᠢᠶᠠᠳ ᠤᠨ ᠬᠠᠭᠠᠨ ᠪᠤᠯᠤᠭᠰᠠᠨ | ᠳᠤ ᠵᠠᠮᠤᠬ᠎ᠠ ᠵᠠᠳᠠᠷᠠᠨ᠂ ᠲᠠᠶᠢᠴᠢᠭᠤᠳ ᠵᠡᠷᠭᠡ 13 ᠠᠶᠢᠮᠠᠭ ᠤᠨ ᠴᠡᠷᠢᠭ ᠢ ᠤᠳᠤᠷᠢᠳᠴᠤ ᠴᠡᠷᠢᠭᠯᠡᠭᠰᠡᠨ ᠳᠤᠷ᠂ | ᠲᠡᠮᠦᠵᠢᠨ ᠠᠷᠪᠠᠨ ᠭᠤᠷᠪᠠᠨ ᠭᠦᠷᠢᠶ᠎ᠡ ᠪᠠᠷ ᠤᠭᠳᠤᠨ ᠪᠠᠶᠢᠯᠳᠤᠭᠠᠳ ᠲᠡᠶᠢᠯᠳᠠᠪᠠᠢ᠃ ᠲᠡᠭᠦᠨ ᠢ ᠲᠡᠤᠭᠡᠨᠠ ᠠᠷᠪᠠᠨ | ᠭᠤᠷᠪᠠ ᠭᠦᠷᠢᠶ᠎ᠠ ᠶᠢᠨ ᠲᠠᠶᠢᠨ ᠭᠡᠮᠡᠭᠦ᠃ ᠲᠡᠭᠦᠨᠴᠡ ᠲᠡᠮᠦᠵᠢᠨ ᠲᠤᠭᠤᠷᠢᠯ ᠬᠠᠨ ᠳᠤ ᠲᠦᠰᠢᠵᠤ᠂ ᠭᠦᠴᠦᠨ ᠶᠦᠭᠡᠨ | ᠪᠤᠵᠠᠭᠠᠶᠢᠷᠠᠭᠤᠯᠵᠤ ᠪᠠᠶᠢᠭᠰᠠᠨ ᠠᠵᠤᠬᠤᠢ᠃ 1196 ᠤᠨ ᠳᠤ ᠠᠯᠳᠠᠨ ᠤᠯᠤᠰ ᠲᠠᠲ᠋ᠠᠷ ᠲᠤ ᠴᠡᠷᠢᠭᠯᠡᠭᠦ ᠦᠶ᠎ᠡ | ᠲᠡᠮᠦᠵᠢᠨ ᠪᠠ ᠭᠡᠷᠡᠶᠢᠳ ᠤᠨ ᠲᠤᠭᠤᠷᠢᠯ ᠬᠠᠨ ᠮᠥᠨ ᠴᠡᠷᠢᠭ ᠭᠠᠷᠭᠠᠵᠤ ᠠᠯᠳᠠᠨ ᠤᠯᠤᠰ ᠯᠤᠭ᠎ᠠ ᠬᠠᠮᠰᠠᠵᠤ ᠤᠯᠵᠠ | ᠭᠤᠤᠯ ︵ᠤᠳᠤ ᠶᠢᠨ ᠮᠤᠩᠭᠤᠯ ᠤᠯᠤᠰ ᠤᠨ ᠲᠤᠷᠤᠨᠠᠳᠤ ᠠᠶᠢᠮᠠᠭ ᠤᠨ ᠤᠯᠵᠠ ᠭᠤᠤᠯ︶ ᠳᠤ ᠢᠯᠡᠪᠡᠢ᠃ | ᠲᠡᠨᠳᠡᠴᠡ ᠠᠯᠳᠠᠨ ᠤᠯᠤᠰ ᠤᠨ ᠪᠠᠷᠠᠭᠤᠨ ᠭᠠᠷ ᠤᠨ ᠴᠢᠩᠰᠠᠩ ᠸᠠᠨᠶᠠᠨ ᠰᠢᠶᠠᠩ ᠭᠡᠮᠡᠭᠴᠢ ᠲᠡᠮᠦᠵᠢᠨ ᠳᠤ | ᠵᠠᠬᠤᠳᠬᠤᠷᠢ ︵ᠠᠶᠢᠮᠠᠭ ᠤᠨ ᠠᠬᠠᠯᠠᠭᠴᠢ︶ ᠨᠤᠶᠠᠨ ᠱᠠᠩᠨᠠᠵᠤ᠂ ᠲᠤᠭᠤᠷᠢᠯ ᠬᠠᠨ ᠢ ᠤᠩ ᠬᠠᠨ ᠡᠷᠭᠦᠮᠵᠢᠯᠡᠪᠡᠢ᠃ | ᠲᠤᠭᠤᠷᠢᠯ ᠬᠠᠨ ᠲᠡᠨᠳᠠᠴᠡ ᠤᠩ ᠬᠠᠨ ᠭᠡᠮᠡᠭᠳᠡᠪᠡᠢ᠃ ᠲᠡᠮᠦᠵᠢᠨ᠂ ᠤᠩ ᠬᠠᠨ ᠤᠨ ᠡᠰᠡᠷᠭᠦ ᠲᠠᠲ᠋ᠠᠷ᠂ ᠨᠠᠢᠮᠠᠨ᠂ | ᠤᠶᠢᠷᠠᠳ᠂ ᠲᠠᠶᠢᠴᠢᠭᠤᠳ᠂ ᠵᠠᠳᠠᠷᠠᠨ᠂ ᠬᠠᠳᠠᠭᠢᠨ᠂ ᠰᠠᠯᠵᠢᠭᠤᠳ ᠵᠡᠷᠭᠡ ᠠᠷᠪᠠᠭᠠᠳ ᠠᠶᠢᠮᠠᠭ ᠬᠤᠯᠪᠤᠭᠠᠯᠠᠨ ᠭᠡᠨ | ᠭᠤᠤᠯ ︵ᠤᠳᠤ ᠶᠢᠨ ᠡᠷᠭᠦᠨ᠎ᠡ ᠭᠤᠤᠯ ᠤᠨ ᠰᠠᠯᠪᠤᠷᠢ ᠭᠧᠨ ᠭᠤᠤᠯ︶ ᠤᠨ ᠭᠠᠵᠠᠷ᠎ᠠ ᠵᠠᠮᠤᠬ᠎ᠠ ᠶᠢ ᠭᠦᠷ ᠬᠠᠨ ︵ | ᠬᠠᠮᠤᠭ ᠤᠨ ᠡᠵᠡᠨ︶ ᠭᠡᠮᠡᠨ ᠡᠷᠭᠦᠮᠵᠢᠯᠡᠪᠠᠢ᠃ 1201 — — 1202 ᠤᠨ ᠳᠤ ᠲᠡᠮᠦᠵᠢᠨ ᠪᠤᠯᠤᠨ ᠤᠩ | ᠬᠠᠨ ᠤ ᠴᠡᠷᠢᠭ ᠬᠠᠶᠢᠯᠠᠷ ᠭᠤᠤᠯ ᠤᠨ ᠤᠷᠴᠢᠮ ᠳᠤ ᠵᠠᠮᠤᠬ᠎ᠠ ᠶᠢᠨ ᠬᠤᠯᠪᠤᠭᠠᠳᠠᠳ ᠲᠠᠢ ᠶᠡᠭᠡᠪᠡᠷ ᠢᠯᠠᠭᠰᠠᠨᠠ᠂ | ᠵᠠᠮᠤᠬ᠎ᠠ ᠨᠠᠷ ᠤᠩ ᠬᠠᠨ ᠳᠤᠷ ᠲᠠᠭᠠᠵᠤᠬᠤᠢ᠃ 1206 ᠤᠨ ᠳᠤ ᠲᠡᠮᠦᠵᠢᠨ ᠲᠦᠷᠪᠡᠨ ᠲᠠᠲ᠋ᠠᠷ ᠶᠢ ᠮᠦᠭᠦᠭᠡᠵᠤ᠂ | ᠦᠨᠢᠷ ᠪᠠᠶᠠᠯᠢᠭ ᠭᠦᠯᠦᠨ ᠪᠤᠶᠢᠷ ᠢ ᠡᠵᠡᠮᠰᠢᠭᠰᠡᠨ ᠠᠴᠠ ᠭᠦᠴᠦᠨ ᠴᠢᠳᠠᠯ ᠠᠨᠦ ᠲᠤᠩ ᠮᠠᠨᠳᠤᠵᠤᠬᠤᠢ᠃ | |