ᠴᠢᠩᠭᠢᠰ ᠬᠠᠭᠠᠨ ᠤ ᠲᠤᠪᠴᠢ ᠨᠠᠮᠳᠠᠷ ︵ᠭᠤᠷᠪᠠ︶
ᠨᠡᠶᠢᠲᠡᠯᠡᠭᠰᠡᠨ ᠴᠠᠭ᠄
2019/11/14
ᠲᠡᠮᠦᠵᠢᠨ ᠤ ᠭᠦᠴᠦᠨ ᠴᠢᠳᠠᠯ ᠭᠦᠭᠵᠢᠨ ᠪᠤᠵᠠᠭᠠᠶᠢᠷᠠᠵᠤ ᠪᠠᠶᠢᠭ᠎ᠠ ᠤᠩ ᠬᠠᠨ ᠤ ᠮᠤᠩᠭᠤᠯ ᠤᠨ ᠦᠨᠳᠦᠷᠯᠢᠭ ᠢ ᠭᠠᠭᠴᠠ ᠪᠠᠷ ᠡᠷᠡᠮᠰᠢᠨ ᠡᠵᠡᠷᠭᠡᠭᠦ ᠳᠤ ᠳᠤ ᠬᠠᠷᠰᠢ ᠰᠠᠭᠠᠳ ᠪᠤᠯᠬᠤ ᠠᠨᠤ ᠢᠯᠡᠭᠡᠨ ᠪᠤᠯᠤᠭᠰᠠᠨ ᠲᠤᠯᠡ 1203 ᠤᠨ ᠳᠤ ᠤᠩ ᠬᠠᠨ ᠴᠡᠷᠢᠭ ᠡᠭᠦᠰᠭᠡᠨ ᠲᠡᠮᠦᠵᠢᠨ ᠯᠦᠭᠡ ᠬᠠᠯᠠᠬᠠᠯᠵᠢᠨ ᠡᠯᠡᠳ ᠲᠤ ᠰᠢᠷᠦᠭᠦᠨ ᠲᠡᠶᠢᠳᠤᠭᠠᠳ᠂ ᠡᠴᠤᠰ ᠲᠤᠷ ᠲᠡᠮᠦᠵᠢᠨ ᠢᠯᠠᠭᠳᠠᠵᠤ ᠬᠤᠶᠠᠷ ᠮᠢᠩᠭᠠᠭᠠᠳ ᠲᠡᠳᠤᠢ ᠭᠦᠮᠦᠨ ᠦᠯᠡᠳᠡᠭᠰᠡᠨ ᠠᠴᠠ ᠠᠷᠭ᠎ᠠ ᠪᠤᠰᠤ ᠬᠠᠯᠬ᠎ᠠ ᠭᠤᠤᠯ ᠤᠨ ᠤᠮᠠᠷ᠎ᠠ ᠲᠤᠳᠠᠭᠠᠨ ᠤᠷᠤᠪᠠᠢ᠃ ᠲᠡᠮᠦᠵᠢᠨ ᠪᠤᠳᠠᠷᠠᠭᠰᠠᠨ ᠤᠯᠤᠰ ᠢᠶᠠᠨ ᠬᠤᠷᠢᠶᠠᠵᠤ᠂ ᠬᠤᠩᠭᠢᠷᠠᠳᠴᠤᠳ ᠢ ᠲᠠᠭᠠᠭᠤᠯᠤᠨ ᠠᠪᠤᠭᠰᠠᠨ ᠠᠴᠠ ᠲᠡᠭᠦᠨ ᠤ ᠭᠦᠴᠦᠨ ᠠᠭᠠᠵᠢᠮ ᠢᠶᠠᠷ ᠰᠡᠷᠭᠦᠵᠦᠭᠦᠢ᠃ ᠲᠡᠭᠦᠨ  ᠤ ᠬᠤᠶᠢᠨ᠎ᠠ ᠤᠩ ᠬᠠᠨ ᠠᠯᠳᠠᠨ ᠤᠯᠤᠰ ᠯᠤᠭ᠎ᠠ ᠬᠠᠯᠳᠠᠵᠤ ᠶᠡᠭᠡᠪᠡᠷ ᠲᠠᠶᠢᠯᠳᠠᠨ ᠪᠤᠴᠠᠪᠠᠢ᠃ ᠲᠡᠮᠦᠵᠢᠨ ᠡᠨᠡ ᠲᠤᠭᠢᠶᠠᠯ ᠢ ᠵᠠᠪᠰᠢᠨ᠂ ᠤᠩ ᠬᠠᠨ ᠤ ᠤᠷᠳᠤ ᠶᠢ ᠭᠡᠨᠡᠳᠡᠭᠦᠯᠦᠨ ᠲᠠᠭᠠᠷᠢᠵᠤ ᠭᠡᠷᠡᠶᠢᠳ ᠢ ᠮᠦᠭᠦᠭᠡᠭᠰᠡᠨ ᠪᠤᠯᠠᠢ᠃ ᠮᠥᠨ ᠤᠨ ᠳᠤᠷ ᠠᠯᠳᠠᠨ ᠤᠯᠤᠰ ᠤᠨ ᠭᠢᠯᠢ ᠶᠢᠨ ᠭᠡᠷᠡᠮ ᠢ ᠬᠠᠷᠠᠵᠤ ᠪᠠᠶᠢᠭᠰᠠᠨ ᠤᠩᠭᠤᠳ ᠠᠶᠢᠮᠠᠭ ᠲᠡᠮᠦᠵᠢᠨ  ᠳᠤᠷ ᠲᠠᠭᠠᠯᠳᠤᠪᠠᠢ᠃ 1204 ᠤᠨ ᠳᠤ ᠲᠡᠮᠦᠵᠢᠨ ᠨᠠᠢᠮᠠᠨᠴᠤᠳ ᠯᠤᠭ᠎ᠠ ᠲᠠᠶᠢᠳᠤᠵᠤ ᠲᠡᠳᠡᠨ ᠢ ᠤᠰᠠᠳᠬᠠᠭᠰᠠᠨ  ᠠᠴᠠ ᠮᠤᠩᠭᠤᠯ ᠤᠨ ᠦᠨᠳᠦᠷᠯᠢᠭ ᠤᠨ ᠬᠠᠮᠤᠭ ᠤᠨ ᠲᠡᠭᠡᠳᠤ ᠨᠤᠶᠠᠯᠠᠭᠴᠢ ᠪᠤᠯᠵᠤᠬᠤᠢ᠃ 1206 ᠤᠨ ᠳᠤ ᠲᠡᠮᠦᠵᠢᠨ ᠤᠨᠤᠨ ᠮᠦᠷᠡᠨ ︵ᠤᠳᠤ ᠶᠢᠨ ᠮᠤᠩᠭᠤᠯ ᠤᠯᠤᠰ ᠤᠨ ᠤᠨᠤᠨ ᠮᠦᠷᠡᠨ︶ ᠤ ᠭᠦᠪᠡᠭᠡᠨ ᠳᠤ ᠶᠡᠭᠡ ᠬᠤᠷᠠᠯᠳᠠᠢ ᠬᠤᠷᠠᠵᠤ᠂ ᠶᠢᠰᠦᠨ ᠭᠦᠭᠦᠯᠳᠤ ᠴᠠᠭᠠᠨ ᠲᠤᠭ ᠶᠤᠭᠠᠨ ᠮᠠᠨᠳᠤᠭᠤᠯᠵᠤ᠂ ᠶᠡᠭᠡ ᠮᠤᠩᠭᠤᠯ ᠤᠯᠤᠰ ᠤᠨ ᠬᠠᠭᠠᠨ ᠤᠷᠤ ᠰᠠᠭᠤᠵᠤ ︽ᠴᠢᠩᠭᠢᠰ︾ ︵ᠪᠠᠳᠤ ᠪᠠᠭᠢ ᠭᠡᠰᠡᠨ ᠤᠳᠬ᠎ᠠ ᠲᠠᠢ︶ ᠭᠡᠮᠡᠭᠦ ᠴᠤᠯᠠ ᠤᠯᠵᠤᠬᠤᠢ᠃ ᠶᠡᠭᠡ ᠮᠤᠩᠭᠤᠯ ᠤᠯᠤᠰ ᠤᠨ ᠴᠢᠩᠭᠢᠰ ᠬᠠᠭᠠᠨ ᠬᠠᠮᠤᠭ ᠮᠤᠩᠭᠤᠯᠴᠤᠳ ᠢ 95 ᠮᠢᠩᠭᠠᠨ ᠮᠢᠩᠭᠠᠯᠠᠵᠤ᠂ ᠮᠢᠩᠭᠠᠨ ᠤ ᠲᠤᠤᠷ᠎ᠠ ᠵᠠᠭᠤᠨ᠂ ᠠᠷᠪᠠᠨ ᠭᠡᠮᠡᠨ ᠪᠠᠶᠢᠭᠤᠯᠵᠤᠬᠤᠢ᠃ ᠮᠢᠩᠭᠠᠨ ᠤ ᠨᠤᠶᠠᠳ ᠠᠨᠦ ᠴᠢᠩᠭᠢᠰ ᠤᠨ ᠭᠠᠪᠢᠶᠠᠳᠤ ᠰᠠᠶᠢᠳ ᠨᠠᠷ᠃ ᠮᠢᠩᠭᠠᠨ ᠤ ᠢᠷᠭᠡᠳ ᠲᠤᠷ᠎ᠠ ᠪᠠᠷ ᠰᠠᠯᠵᠤ ᠶᠠᠪᠤᠵᠤ ᠡᠰᠡ ᠪᠤᠯᠬᠤ᠂ ᠮᠢᠩᠭᠠᠨ ᠤ ᠨᠤᠶᠠᠨ ᠳᠤ ᠲᠠᠭᠠᠭᠳᠠᠨ ᠬᠠᠮᠢᠶᠠᠯᠳᠤᠬᠤ ᠪᠤᠯᠤᠮᠦᠢ᠃ ᠲᠡᠨᠳᠡᠴᠡ ᠴᠢᠩᠭᠢᠰ ᠬᠠᠭᠠᠨ ᠭᠡᠰᠡᠭ ᠮᠢᠩᠭᠠᠨ ᠢ ᠬᠤᠪᠢ ᠬᠤᠪᠢᠯᠠᠵᠤ᠂ ᠲᠡᠭᠦᠤ ᠨᠠᠷ᠂ ᠭᠦᠪᠡᠭᠦᠳ ᠲᠤ ᠪᠠᠨ ᠬᠤᠪᠢᠶᠠᠭᠰᠠᠨ ᠠᠴᠠ ᠲᠦᠷᠪᠡᠨ ᠭᠦᠪᠡᠭᠦᠳ ᠤᠨ ᠬᠤᠪᠢ ᠤᠯᠤᠰ ᠠᠨᠦ ᠪᠠᠷᠠᠭᠤᠨ ᠭᠠᠷ ᠪᠤᠯᠵᠤ᠃ ᠲᠦᠷᠪᠡᠨ ᠲᠡᠭᠦᠤ ᠶᠢᠨ ᠭᠢᠨᠢ ᠬᠤᠪᠢ ᠤᠯᠤᠰ ᠠᠨᠦ ᠵᠡᠭᠦᠨ ᠭᠠᠷ ᠪᠤᠯᠵᠤᠬᠤᠢ᠃ ᠪᠤᠰᠤᠳ ᠮᠢᠩᠭᠠᠳ ᠪᠦᠷ ᠴᠢᠩᠭᠢᠰ ᠬᠠᠭᠠᠨ ᠤ ᠰᠢᠭᠤᠳ ᠨᠤᠶᠠᠯᠠᠯ ᠳᠤ ᠪᠠᠭᠳᠠᠵᠤ᠂ ᠵᠡᠭᠦᠨ ᠪᠠᠷᠠᠭᠤᠨ ᠭᠠᠷ ᠬᠤᠪᠢᠶᠠᠨ᠂ ᠴᠢᠩᠭᠢᠰ ᠬᠠᠭᠠᠨ ᠮᠤᠬᠤᠯᠠᠢ᠂ ᠪᠤᠭᠤᠷᠴᠤ ᠬᠤᠶᠠᠭᠤᠯᠠ ᠶᠢ ᠵᠡᠭᠦᠨ ᠪᠠᠷᠠᠭᠤᠨ ᠭᠠᠷ ᠤᠨ ᠲᠦᠮᠡᠨ ᠤ ᠨᠤᠶᠠᠨ ᠡᠷᠭᠦᠮᠵᠢᠯᠡᠨ ᠬᠠᠮᠤᠭ ᠤᠨ ᠲᠤᠮᠤ ᠴᠡᠷᠢᠭ ᠤᠨ ᠶᠠᠪᠤᠳᠠᠯ ᠤᠨ ᠲᠠᠷᠤᠭ᠎ᠠ ᠲᠠᠯᠪᠢᠵᠤᠬᠤᠢ᠃ ᠬᠠᠭᠠᠨ ᠡᠷᠭᠡ ᠶᠦᠭᠡᠨ ᠪᠠᠭᠢᠵᠢᠭᠦᠯᠭᠦ ᠶᠢᠨ ᠲᠤᠰᠠᠳᠠ ᠬᠠᠮᠤᠭ ᠠᠩᠬᠠᠨ᠎ᠠ 150 ᠨᠡᠷ᠎ᠡ ᠪᠦᠭᠦᠢ ᠭᠡᠰᠢᠭᠳᠡᠨ ᠴᠡᠷᠢᠭ ᠢ ᠲᠦᠮᠡᠨ ᠨᠡᠷ᠎ᠡ ᠪᠤᠯᠳᠠᠯ᠎ᠠ ᠦᠷᠭᠡᠳᠭᠡᠵᠤ ᠮᠢᠩᠭᠠᠨ᠂ ᠵᠠᠭᠤᠨ᠂ ᠠᠷᠪᠠᠨ ᠤ ᠨᠤᠶᠠᠳ ᠤᠨ ᠭᠡᠤᠭᠡᠳ ᠲᠡᠭᠦᠤ ᠨᠠᠷ ᠢ ᠡᠯᠰᠡᠨ ᠭᠡᠰᠢᠭᠳᠡᠨ ᠲᠠᠯᠪᠢᠵᠤ᠂ ᠡᠭᠦᠪᠡᠷ ᠪᠦᠭᠦ ᠤᠯᠤᠰ ᠶᠤᠭᠠᠨ ᠡᠷᠭᠡᠰᠢᠶᠡᠵᠤᠭᠦᠢ᠃ ᠪᠠᠰᠠ ᠵᠠᠷᠭᠤᠴᠢ ᠲᠤᠮᠢᠯᠠᠵᠤ ᠪᠦᠭᠦ ᠤᠯᠤᠰ ᠤᠨ ᠭᠦᠮᠦᠨ ᠠᠮᠠ ᠂ ᠭᠡᠷᠡᠭᠦᠯ ᠪᠠᠷᠢᠭᠤᠯ ᠵᠡᠷᠭᠡ ᠵᠠᠰᠠᠭ ᠵᠠᠰᠠᠭᠯᠠᠬᠤ ᠶᠠᠪᠤᠳᠠᠯ ᠢ ᠬᠠᠮᠢᠶᠠᠷᠠᠭᠤᠯᠪᠠᠢ᠃ ᠴᠢᠩᠭᠢᠰ ᠤᠨ ᠬᠠᠭᠠᠨ ᠤ ᠶᠡᠭᠡ ᠤᠷᠳᠤᠨ ᠭᠡᠮᠡᠭᠴᠢ ᠪᠤᠯᠪᠠᠰᠤ ᠲᠡᠯ᠎ᠡ ᠨᠤᠳᠤᠭ ᠤᠨ ᠢᠵᠠᠭᠤᠷᠳᠠᠨ ᠤ ᠤᠷᠳᠤᠨ ᠠᠴᠠ ᠭᠦᠭᠵᠢᠵᠤ ᠢᠷᠡᠭᠰᠡᠨ ᠴᠡᠷᠢᠭ ᠵᠠᠰᠠᠭ ᠤᠨ ᠹᠧᠤᠳᠠᠯ ᠤᠨ ᠲᠦᠷᠦ ᠶᠢᠨ ᠲᠤᠪᠴᠢ ᠮᠥᠨ᠃ ᠶᠡᠭᠡ ᠮᠤᠩᠭᠤᠯ ᠤᠯᠤᠰ ᠪᠠᠶᠢᠭᠤᠯᠤᠭᠳᠠᠭᠰᠠᠨ ᠤ ᠤᠳᠠᠭ᠎ᠠ ᠳᠤᠷ ᠮᠠᠰᠢ ᠤᠯᠠᠨ ᠠᠶᠢᠮᠠᠭ ᠤᠨ ᠢᠷᠭᠡᠳ ᠮᠢᠩᠭᠠᠨ ᠮᠢᠩᠭᠠᠯᠠᠭᠳᠠᠵᠤ᠂ ᠲᠡᠳᠡᠨ ᠤ ᠨᠢᠭᠡᠳᠦᠯ ᠤᠨ ᠤᠬᠠᠮᠰᠠᠷ ᠲᠡᠭᠡᠭᠰᠢᠯᠡᠭᠰᠡᠨ ᠠᠴᠠ ᠮᠤᠩᠭᠤᠯ ᠭᠡᠮᠡᠭᠦ ᠤᠭᠰᠠᠭᠠᠳᠠᠨ ᠤ ᠬᠠᠮᠢᠶᠠᠷᠤᠯ ᠪᠦᠷᠢᠯᠳᠤᠪᠠᠢ᠃ ᠡᠭᠦᠨ ᠳᠤ ᠴᠢᠩᠭᠢᠰ ᠬᠠᠭᠠᠨ ᠢᠳᠡᠪᠭᠢ ᠦᠢᠯᠡᠳᠦᠯ ᠭᠠᠷᠭᠠᠭᠰᠠᠨ ᠠᠵᠤᠭᠤ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号