ᠴᠢᠩᠭᠢᠰ ᠬᠠᠭᠠᠨ ᠤ ᠲᠤᠪᠴᠢ ᠨᠠᠮᠳᠠᠷ ︵ᠲᠠᠪᠤ︶
ᠨᠡᠶᠢᠲᠡᠯᠡᠭᠰᠡᠨ ᠴᠠᠭ᠄
2019/11/14
ᠴᠢᠩᠭᠢᠰ ᠶᠡᠭᠡ ᠤᠷᠤ ᠰᠠᠭᠤᠭᠰᠠᠨ ᠤ ᠲᠠᠷᠠᠭ᠎ᠠ ᠠᠯᠳᠠᠨ ᠤᠯᠤᠰ ᠲᠤ ᠠᠯᠪᠠ ᠲᠤᠰᠢᠶᠠᠵᠤ ᠪᠠᠶᠢᠭᠰᠠᠨ ᠶᠠᠪᠤᠳᠠᠯ ᠪᠤᠢ᠃ ᠨᠢᠭᠡ ᠤᠳᠠᠭ᠎ᠠ ᠪᠡᠶ᠎ᠡ ᠪᠠᠷ ᠵᠢᠩᠵᠧᠤ ︵ᠤᠳᠤ ᠶᠢᠨ ᠦᠪᠤᠷ ᠮᠤᠩᠭᠤᠯ ᠤᠨ ᠲᠦᠷᠪᠡᠳ ᠬᠤᠰᠢᠭᠤᠨ ᠤ ᠴᠧᠩ ᠪᠦ᠋ ᠽᠢ︶ ᠤᠷᠤᠵᠤ ᠤᠨ ᠤ ᠡᠷᠭᠦᠴᠡ ᠪᠠᠷᠢᠵᠤ᠂ ᠸᠧᠢ ᠱᠠᠤ ᠤᠩ ᠲᠠᠢ ᠲᠠᠨᠢᠯᠴᠠᠵᠤᠬᠤᠢ᠃ ᠬᠤᠶᠢᠳᠤᠭᠢ ᠨᠢ ᠠᠯᠳᠠᠨ ᠤᠯᠤᠰ ᠤᠨ ᠬᠠᠭᠠᠨ ᠪᠤᠯᠤᠭᠰᠠᠨ ᠳᠤ ᠴᠢᠩᠭᠢᠰ᠄ ︽ᠪᠢ ᠰᠠᠨᠠᠪᠠᠰᠤ ᠭᠢᠳᠠᠳ ᠤᠷᠤᠨ ᠤ ᠬᠠᠭᠠᠨ ᠭᠡᠮᠡᠭᠴᠢ ᠲᠡᠭᠷᠢ  ᠶᠢᠨ ᠭᠦᠮᠦᠨ ᠭᠡᠮᠡᠭᠳᠡᠯᠦᠭᠡ᠂ ᠡᠳᠤᠭᠡ ᠡᠨᠡ ᠮᠡᠳᠤᠰ ᠪᠡᠷᠳᠡᠭᠴᠢᠨ ᠪᠤᠯᠪᠠ ᠤᠤ︖︾ ᠭᠡᠮᠡᠭᠡᠳ᠂ ᠠᠯᠳᠠᠨ ᠤᠯᠤᠰ  ᠯᠤᠭ᠎ᠠ ᠬᠠᠷᠢᠯᠴᠠᠬᠤ ᠶᠢ ᠲᠠᠰᠤᠯᠪᠠᠢ᠃ 1211 ᠤᠨ ᠳᠤ ᠴᠢᠩᠭᠢᠰ ᠬᠠᠭᠠᠨ ᠡᠮᠦᠨᠡᠰᠢ ᠤᠷᠤᠵᠤ ᠶᠡᠭᠡ ᠴᠡᠷᠢᠭ ᠢᠶᠠᠷ ᠠᠯᠳᠠᠨ ᠤᠯᠤᠰ ᠢ ᠲᠠᠭᠠᠷᠢᠵᠤᠬᠤᠢ᠃ ᠲᠡᠷᠡ ᠴᠠᠭ ᠲᠤᠷ ᠠᠯᠳᠠᠨ ᠤᠯᠤᠰ ᠤᠨ ᠨᠡᠶᠢᠭᠡᠮ ᠲᠠᠶᠠᠭᠠᠷ ᠲᠦᠭᠰᠢᠭᠦᠷᠢ ᠶᠢᠨ ᠲᠤᠮᠳᠠ ᠪᠠᠶᠢᠵᠤ᠂ ᠤᠯᠤᠰ ᠲᠦᠷᠦ ᠢᠯᠵᠡᠷᠡᠵᠤ᠂ ᠠᠵᠤ ᠠᠬᠤᠢ ᠲᠤᠷᠤᠶᠢᠳᠠᠨ᠂ ᠠᠩᠭᠢ ᠶᠢᠨ ᠪᠠ ᠤᠭᠰᠠᠭᠠᠳᠠᠨ ᠤ ᠵᠦᠷᠢᠴᠡᠯ ᠰᠢᠷᠦᠭᠦᠰᠴᠤ ᠪᠠᠶᠢᠭᠰᠠᠨ ᠤ ᠤᠴᠢᠷ᠎ᠠ ᠮᠤᠩᠭᠤᠯᠴᠤᠳ ᠤᠨ ᠴᠡᠷᠢᠭᠯᠡᠯ ᠳᠤ ᠬᠠᠷᠢᠭᠤᠴᠠᠬᠤ ᠠᠷᠭ᠎ᠠ ᠦᠭᠡᠢ ᠪᠠᠶᠢᠯ᠎ᠠ᠃ ᠦᠨᠡᠭᠡᠨ ᠲᠠᠪᠠᠭᠠᠨ ᠳᠤᠷ ᠤᠷᠢᠶᠠᠯᠳᠤᠨ ᠠᠭᠰᠠᠨ ᠠᠯᠳᠠᠨ ᠤᠯᠤᠰ ᠤᠨ 40 ᠲᠦᠮᠡᠨ ᠴᠡᠷᠢᠭ ᠢᠨᠦ ᠭᠠᠭᠴᠠ ᠲᠠᠭᠠᠷᠢᠯᠳᠠ ᠳᠤ ᠰᠠᠷᠨᠢᠪᠠᠢ᠃ ᠦᠨᠡᠭᠡᠨ ᠲᠠᠪᠠᠭᠠᠨ ᠳᠤ ᠰᠢᠢᠳᠪᠤᠷᠢᠳᠤ ᠲᠠᠶᠢᠨ ᠶᠠᠪᠤᠭᠳᠠᠵᠤ ᠴᠢᠩᠭᠢᠰ ᠬᠠᠭᠠᠨ ᠠᠷᠭ᠎ᠠ ᠪᠠᠷ ᠠᠯᠳᠠᠨ ᠤᠯᠤᠰ ᠤᠨ ᠭᠤᠤᠯ ᠭᠦᠴᠦᠨ ᠢ ᠰᠦᠨᠦᠭᠡᠵᠤ᠂ 1213 ᠤᠨ ᠤ ᠵᠢᠨᠱᠠᠨ ᠤ ᠲᠠᠶᠢᠨ  ᠳᠤᠷ ᠠᠯᠳᠠᠨ ᠤᠯᠤᠰ ᠭᠦᠴᠦ ᠪᠠᠨ ᠰᠢᠪᠬᠠᠨ ᠲᠠᠭᠤᠰᠬᠠᠪᠠᠢ᠃ ᠮᠤᠩᠭᠤᠯ ᠴᠡᠷᠢᠭ ᠭᠤᠷᠪᠠᠨ ᠵᠠᠮ ᠬᠤᠪᠢᠶᠠᠨ ᠽᠢᠵᠢᠩᠭᠤᠸᠠᠨ ᠪᠤᠭᠤᠮᠳᠠ ᠪᠠᠷ ᠡᠮᠦᠨᠡᠰᠢ ᠪᠠᠭᠤᠵᠤ᠂ ᠭᠢᠳᠠᠳ ᠤᠨ ᠤᠮᠠᠷᠠᠳᠤ ᠶᠢ ᠱᠦᠭᠦᠷᠳᠡᠵᠤ᠂ ᠡᠳ᠋ ᠡᠷᠳᠡᠨᠢᠰ ᠪᠠ ᠤᠯᠠᠨ ᠲᠠᠷᠬᠠᠳ ᠢ ᠤᠯᠵᠠᠯᠠᠵᠤᠬᠤᠢ᠃ ᠠᠯᠳᠠᠨ ᠤᠯᠤᠰ ᠠᠷᠭ᠎ᠠ ᠪᠤᠰᠤ 1214 ᠤᠨ ᠳᠤ ᠴᠢᠩᠭᠢᠰ ᠬᠠᠭᠠᠨ ᠳᠤ ᠴᠢ ᠭᠦᠸᠧ ᠭᠦᠩᠵᠤ ᠶᠦᠭᠡᠨ ᠭᠦᠷᠭᠡᠭᠡᠳ᠂ ᠪᠠᠰᠠ ᠮᠤᠩᠭᠤᠯ ᠳᠤ ᠤᠯᠠᠨ ᠠᠯᠳᠠᠨ ᠮᠦᠩᠭᠦᠨ ᠤ ᠪᠠᠷᠢᠴᠠᠭ᠎ᠠ ᠡᠷᠭᠦᠪᠡᠢ᠃ ᠴᠢᠩᠭᠢᠰ ᠬᠠᠭᠠᠨ ᠴᠠᠪᠴᠢᠶᠠᠯ ᠪᠤᠭᠤᠮᠳᠠ ᠪᠠᠷ ᠤᠮᠠᠷᠠᠰᠢ ᠪᠤᠴᠠᠪᠠᠢ᠃ ᠠᠯᠳᠠᠨ ᠤᠯᠤᠰ ᠤᠨ ᠰᠢᠤᠸᠠᠨᠽᠦ᠋ᠩ ᠬᠠᠭᠠᠨ ᠵᠦᠩᠳᠤ ︵ᠤᠳᠤ ᠶᠢᠨ ᠪᠡᠭᠡᠵᠢᠩ︶ ᠠᠴᠠ ᠲᠤᠳᠠᠭᠠᠵᠤ᠂ ᠡᠮᠦᠨᠡᠳᠤ ᠨᠡᠶᠢᠰᠯᠡᠯ ︵ᠤᠳᠤ ᠶᠢᠨ ᠡᠾᠧᠨᠠᠨ ᠤ ᠺᠠᠶᠢᠹᠧᠩ︶ ᠳᠤ ᠪᠠᠨ ᠤᠴᠢᠵᠤᠬᠤᠢ᠃ 1215 ᠤᠨ ᠳᠤ ᠮᠤᠩᠭᠤᠯ ᠴᠡᠷᠢᠭ ᠵᠦᠩᠳᠤ ᠶᠢ ᠡᠵᠡᠯᠡᠵᠤ᠂ ᠯᠢᠶᠤᠤᠰᠢ ᠤᠷᠤᠨ ᠳᠤᠷ ᠠᠯᠳᠠᠨ ᠤᠯᠤᠰ ᠤᠨ ᠴᠡᠷᠢᠭ ᠢ ᠢᠯᠠᠭᠰᠠᠨ ᠪᠦᠭᠡᠳ ᠤᠮᠠᠷᠠᠳᠤ ᠨᠡᠶᠢᠰᠯᠡᠯ ᠢ ᠢᠨᠦ ᠴᠦ ᠡᠵᠡᠯᠡᠨ ᠠᠪᠴᠤᠬᠤᠢ᠃ ᠤᠮᠠᠷᠠᠳᠤ ᠤᠷᠤᠨ᠂ ᠵᠡᠭᠦᠨ ᠬᠤᠶᠢᠳᠤ ᠤᠷᠤᠨ ᠤ ᠭᠠᠵᠠᠷ ᠤᠨ ᠡᠵᠡᠳ ᠵᠠᠯᠭᠠᠭ᠎ᠠ ᠪᠠᠷ ᠮᠤᠩᠭᠤᠯ ᠳᠤ ᠲᠠᠭᠠᠵᠤ᠂ ᠭᠡᠳᠡᠷᠭᠦ ᠪᠠᠨ ᠠᠯᠳᠠᠨ ᠤᠯᠤᠰ ᠲᠠᠢ ᠲᠠᠶᠢᠳᠤᠭᠰᠠᠨ ᠪᠠᠶᠢᠨ᠎ᠠ᠃ 1217 ᠤᠨ ᠳᠤ ᠴᠢᠩᠭᠢᠰ ᠬᠠᠭᠠᠨ ᠮᠤᠬᠤᠯᠠᠢ ᠶᠢ ᠲᠠᠶᠢᠰᠢ ᠭᠦ᠋ᠢ ᠤᠩ ᠡᠷᠭᠦᠮᠵᠢᠯᠡᠵᠤ᠂ ᠠᠯᠳᠠᠨ ᠤᠯᠤᠰ ᠤᠨ ᠲᠠᠶᠢᠨ ᠤ ᠶᠠᠪᠤᠳᠠᠯ ᠢ ᠲᠤᠰᠢᠶᠠᠭᠠᠳ᠂ ᠦᠪᠡᠷ ᠲᠤ ᠪᠠᠨ ᠪᠠᠷᠠᠭᠤᠨᠰᠢ ᠴᠡᠷᠢᠭᠯᠡᠭᠦ ᠪᠠᠷ ᠪᠤᠯᠪᠠᠢ᠃ 1218 ᠤᠨ ᠳᠤ ᠶᠡᠭᠡ ᠵᠠᠩᠵᠤᠨ ᠵᠠᠪᠠ  ᠶᠢ ᠲᠤᠮᠢᠯᠠᠵᠤ᠂ ᠨᠠᠢᠮᠠᠨ ᠤ ᠬᠠᠭᠠᠨ ᠭᠦᠪᠡᠭᠦᠨ ᠭᠦᠴᠦᠯᠦᠭ ᠲᠤ ᠤᠩ ᠤᠷᠤ ᠪᠠᠨ ᠪᠤᠯᠢᠶᠠᠭᠳᠠᠭᠰᠠᠨ ᠬᠠᠷ᠎ᠠ ᠭᠢᠳᠡᠨ  ᠢ ᠮᠦᠭᠦᠭᠡᠭᠰᠡᠨ ᠪᠢᠯᠡ᠃ ᠲᠡᠭᠦᠨᠴᠡ ᠰᠢᠨ᠎ᠡ ᠪᠠᠷ ᠮᠠᠨᠳᠤᠭᠰᠠᠨ ᠰᠠᠡᠳᠠᠭᠤᠯ ︵ᠬᠤᠷᠧᠽᠮ︶ ᠤᠩᠳᠤ ᠲᠦᠷᠦ ᠶᠢᠨ ᠨᠤᠶᠠᠷᠬᠠᠯ ᠲᠤᠤᠷᠠᠭᠢ ᠲᠤᠮᠳᠠᠳᠤ ᠠᠽᠢᠶ᠎ᠠ ᠶᠢᠨ ᠤᠷᠤᠨ ᠨᠢ ᠭᠠᠳᠠᠭᠰᠢ ᠲᠦᠷᠢᠵᠤ ᠪᠠᠶᠢᠭᠰᠠᠨ ᠮᠤᠩᠭᠤᠯ ᠲᠠᠢ ᠰᠢᠭᠤᠳ ᠵᠠᠭᠠᠭᠯᠠᠭᠰᠠᠨ ᠪᠠᠶᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号