| 1219 ᠤᠨ ᠳᠤ ᠴᠢᠩᠭᠢᠰ ᠬᠠᠭᠠᠨ ᠪᠡᠶ᠎ᠡ ᠪᠠᠷ 20 ᠲᠦᠮᠡᠨ ᠶᠡᠭᠡ ᠴᠡᠷᠢᠭ ᠲᠠᠶᠢᠴᠢᠯᠠᠨ ᠦᠷᠦᠨ᠎ᠡ ᠠᠬᠤ | ᠰᠠᠷᠳᠠᠭᠤᠯ ᠳᠤᠷ ᠴᠡᠷᠢᠭᠯᠡᠵᠦᠭᠦᠢ᠃ ᠮᠤᠩᠭᠤᠯᠴᠤᠳ ᠡᠭᠦᠨ ᠢ ᠰᠠᠷᠳᠠᠭᠴᠢᠨ ᠠᠶᠠᠨ ᠭᠡᠮᠡᠮᠦᠢ᠃ ᠰᠤᠯᠳᠠᠨ ᠮᠤᠬᠠᠮᠤᠳ | ᠤᠨ ᠨᠤᠶᠠᠯᠠᠯ ᠳᠠᠬᠢ ᠰᠠᠷᠳᠠᠭᠤᠯ ᠭᠡᠮᠡᠭᠴᠢ ᠪᠤᠯᠪᠠᠰᠤ ᠲᠡᠷᠡ ᠴᠠᠭ ᠲᠤᠷ ᠲᠦᠷ ᠴᠠᠭ ᠤᠨ ᠴᠡᠷᠢᠭ ᠵᠠᠰᠠᠭ ᠤᠨ | ᠬᠤᠯᠪᠤᠭᠠᠯᠠᠯ ᠮᠥᠨ᠂ ᠤᠯᠠᠨ ᠤᠭᠰᠠᠭᠠᠳᠠᠨ ᠠᠶᠢᠮᠠᠭ ᠲᠠᠢ ᠪᠠᠶᠢᠵᠤ᠂ ᠵᠦᠷᠢᠴᠡᠯ ᠪᠤᠳᠤᠯᠢᠶᠠᠨᠳᠠᠢ᠂ ᠤᠯᠤᠰ ᠲᠦᠷᠦ | ᠲᠤᠭᠳᠠᠭᠤᠨ ᠪᠤᠰᠤ ᠨᠢᠭᠡᠨ ᠤᠯᠤᠰ ᠪᠦᠯᠦᠭᠡ᠃ ᠤᠯᠤᠰ ᠤᠨ ᠰᠤᠯᠳᠡᠨ ᠠᠨᠦ ᠲᠦᠷᠦᠭᠰᠡᠨ ᠡᠭᠡ ᠲᠦᠷᠭᠡᠨ᠎ᠡ ᠬᠠᠳᠤᠨ | ᠂ ᠠᠰᠯᠠᠮ ᠤᠨ ᠱᠠᠰᠢᠨ ᠤ ᠲᠦᠷᠦᠭᠦᠤ ᠬᠠᠯᠢᠹ ᠨᠠᠷ ᠯᠤᠭ᠎ᠠ ᠡᠪᠯᠡᠷᠡᠰᠢ ᠦᠭᠡᠢ ᠵᠦᠷᠢᠴᠡᠯ ᠲᠠᠢ ᠪᠠᠶᠢᠯᠤᠭ᠎ᠠ᠃ ᠡᠯ᠎ᠡ | ᠭᠠᠵᠠᠷ ᠤᠨ ᠴᠡᠷᠢᠭ ᠤᠨ ᠤᠳᠤᠷᠢᠳᠤᠭᠴᠢᠳ ᠦᠪᠡᠷ ᠲᠤ ᠪᠠᠨ ᠡᠷᠭᠡ ᠮᠡᠳᠡᠵᠤ᠂ ᠲᠠᠶᠢᠨ ᠡᠭᠢᠯᠡᠮᠡᠭᠴᠡ ᠰᠤᠯᠳᠠᠨ | ᠵᠤᠷᠢᠭ ᠠᠯᠳᠠᠷᠠᠵᠤ ᠵᠢᠭᠤᠳᠠᠬᠤ ᠭᠤᠷᠢᠳᠠᠵᠤ᠂ ᠮᠤᠩᠭᠤᠯ ᠴᠡᠷᠢᠭ ᠨᠢᠭᠡ ᠦᠶ᠎ᠡ ᠲᠡᠭᠡᠷᠡᠮᠳᠡᠵᠤ ᠬᠠᠨᠪᠠᠰᠤ ᠦᠪᠡᠷᠳᠡᠭᠡᠨ | ᠪᠤᠴᠠᠬᠤ ᠪᠤᠢ ᠶᠠ ᠭᠡᠮᠡᠨ ᠰᠠᠨᠠᠵᠤ ᠪᠠᠶᠢᠯ᠎ᠠ᠃ ᠴᠢᠩᠭᠢᠰ ᠬᠠᠭᠠᠨ ᠭᠡᠳᠤᠨ ᠵᠠᠮ ᠪᠠᠷ ᠴᠡᠷᠢᠭ ᠤᠷᠤᠵᠤ᠂ ᠴᠢᠬᠤᠯᠠ | ᠪᠤᠭᠤᠮᠳᠠ ᠪᠠ ᠴᠠᠶᠢᠵᠠ ᠴᠤᠩᠵᠢ ᠶᠢ ᠭᠡᠰᠡᠭᠴᠢᠯᠡᠨ ᠰᠦᠨᠦᠭᠡᠭᠦ ᠶᠢᠨ ᠰᠠᠯᠳᠠ᠂ ᠶᠡᠭᠡᠪᠡᠷ ᠭᠢᠳᠤᠬᠤ᠂ ᠬᠤᠳᠠ | ᠪᠠᠯᠭᠠᠳ ᠢ ᠨᠤᠷᠠᠭᠠᠬᠤ ᠵᠡᠷᠭᠡ ᠬᠠᠳᠠᠭᠤᠬᠠᠨ ᠠᠷᠭ᠎ᠠ ᠵᠠᠷᠤᠵᠤ᠂ ᠲᠠᠶᠢᠰᠦᠨ ᠢᠶᠠᠨ ᠰᠦᠷᠳᠡᠭᠦᠯᠦᠭᠰᠡᠨ ᠠᠴᠠ ᠠᠷᠤ | ᠲᠠᠯ᠎ᠠ ᠶᠢᠨ ᠠᠮᠤᠷ ᠢ ᠪᠠᠳᠤᠯᠠᠵᠤ ᠴᠢᠳᠠᠭᠰᠠᠨ ᠪᠠᠶᠢᠪᠠ᠃ ᠮᠤᠩᠭᠤᠯᠴᠤᠳ ᠭᠦᠳᠡᠯᠦᠩᠭᠦᠢ ᠪᠠᠶᠢᠳᠠᠯ ᠳᠤ ᠤᠷᠤᠰᠢᠵᠤ᠂ | 1219 ᠤᠨ ᠳᠤ ᠤᠲᠷᠠᠷ ᠬᠤᠳᠠ ᠶᠢ ᠪᠦᠰᠡᠯᠡᠨ ᠲᠠᠷᠠᠭ᠎ᠠ ᠵᠢᠯ ᠳᠤᠷ ᠡᠪᠳᠡᠵᠦᠭᠦᠢ᠃ 1220 ᠤᠨ ᠳᠤ ᠴᠢᠩᠭᠢᠰ | ᠬᠠᠭᠠᠨ ᠪᠤᠬᠠᠷ᠂ ᠰᠠᠷᠳᠠᠭᠤᠯ ᠤᠨ ᠰᠢᠨ᠎ᠡ ᠨᠡᠶᠢᠰᠯᠡᠯ ᠰᠠᠮᠠᠷᠺᠠᠨᠳ᠋ ︵ᠤᠳᠤ ᠶᠢᠨ ᠦᠽᠪᠧᠺᠰᠲ᠋ᠠᠨ ᠤ ᠰᠠᠮᠠᠷᠺᠠᠨᠳ᠋︶ | ᠵᠡᠷᠭᠡ ᠬᠤᠳᠠᠳ ᠢ ᠡᠪᠳᠡᠭᠡᠳ ᠵᠤᠴᠢ᠂ ᠴᠠᠭᠠᠳᠠᠢ᠂ ᠦᠭᠡᠳᠡᠢ ᠨᠠᠷ ᠤᠨ ᠴᠡᠷᠢᠭ ᠨᠢ ᠰᠠᠷᠳᠠᠭᠤᠯ ᠤᠨ ᠨᠠᠶᠢᠰᠯᠠᠯ | ᠦᠷᠦᠩᠭᠡᠴᠢ ︵ᠤᠳᠤ ᠶᠢᠨ ᠦᠷᠭᠡᠨᠴᠢ︶ ᠶᠢ ᠡᠪᠳᠡᠵᠤ᠂ ᠲᠤᠯᠤᠢ ᠶᠢᠨ ᠴᠡᠷᠢᠭ ᠬᠤᠷᠤᠱᠠᠨ ᠤᠷᠤᠨ ᠦᠭᠡᠳᠡ | ᠤᠷᠤᠭᠰᠠᠨ ᠪᠠᠶᠢᠳᠠᠭ᠃ ᠵᠠᠪᠠ᠂ ᠰᠦᠪᠡᠭᠡᠳᠡᠢ ᠨᠠᠷ ᠴᠢᠩᠭᠢᠰ ᠬᠠᠭᠠᠨ ᠤ ᠮᠤᠬᠠᠮᠠᠳ ᠰᠤᠯᠳᠠᠨ ᠢ ᠲᠠᠯᠪᠢᠯ ᠦᠭᠡᠢ | ᠨᠡᠭᠡᠮᠵᠢᠯᠡᠨ ᠭᠦᠭᠡᠭᠡᠭᠰᠡᠭᠡᠷ ᠲᠤᠳᠤᠭᠠᠳᠤ ︵ᠺᠠᠰᠫᠢ︶ ᠲᠠᠩᠭᠢᠰ ᠤᠨ ᠦᠨᠦᠴᠢᠨ ᠠᠷᠠᠯ ᠳᠤ ᠤᠷᠤᠭᠤᠯᠤᠭᠰᠠᠨᠠ᠂ | ᠰᠤᠯᠳᠠᠨ ᠲᠡᠷᠡ ᠠᠷᠠᠯ ᠲᠡᠭᠡᠷ᠎ᠡ ᠨᠠᠰᠤᠨ ᠡᠴᠤᠳᠪᠡᠢ᠃ ᠵᠠᠪᠠ ᠨᠠᠷ ᠤᠨ ᠴᠡᠷᠢᠭ ᠦᠷᠭᠦᠯᠵᠢᠯᠡᠨ ᠪᠠᠷᠠᠭᠤᠨᠰᠢᠯᠠᠵᠤ᠂ | ᠺᠷᠢᠮ ᠤᠨ ᠬᠤᠶᠢᠭ ᠲᠤᠯᠤᠭᠰᠠᠨ ᠪᠠᠶᠢᠨ᠎ᠠ᠃ 1221 ᠤᠨ ᠳᠤ ᠲᠤᠯᠤᠢ ᠬᠤᠷᠤᠱᠠᠨ ᠤᠷᠤᠨ ᠢ ᠪᠦᠭᠦᠯᠢ ᠳᠤ ᠨᠢ | ᠡᠵᠡᠯᠡᠵᠦᠭᠦᠢ᠃ ᠴᠢᠩᠭᠢᠰ ᠬᠠᠭᠠᠨ ᠪᠡᠶ᠎ᠡ ᠪᠠᠷ ᠰᠢᠨ᠎ᠡ ᠰᠤᠯᠳᠠᠨ ᠵᠠᠯᠠᠯᠳᠢᠨ ᠢ ᠨᠡᠭᠡᠮᠵᠢᠯᠡᠨ ᠭᠦᠭᠡᠭᠡᠵᠤ᠂ ᠢᠨᠳᠤᠰ | ᠭᠤᠤᠯ ᠤᠷᠤᠵᠤ ᠪᠤᠴᠠᠪᠠᠢ᠃ 1222 ᠤᠨ ᠳᠤ ᠴᠢᠩᠭᠢᠰ ᠬᠠᠭᠠᠨ ᠦᠪᠡᠷᠤᠨ ᠡᠵᠡᠯᠡᠭᠰᠡᠨ ᠤᠷᠤᠨ ᠳᠤ ᠪᠠᠨ | ᠲᠠᠷᠤᠭᠠᠴᠢ ᠨᠤᠶᠠᠨ ᠲᠤᠮᠢᠯᠠᠵᠤ᠂ 1223 ᠤᠨ ᠳᠤ ᠰᠠᠮᠠᠷᠺᠠᠨᠳ᠋ ᠲᠤᠷ ᠡᠪᠤᠯᠵᠢᠭᠡᠳ᠂ ᠲᠠᠷᠠᠭ᠎ᠠ ᠵᠢᠯ ᠪᠤᠯᠬᠤᠶ᠎ᠠ | ᠨᠤᠳᠤᠭ ᠵᠦᠭ ᠢᠶᠠᠨ ᠡᠷᠭᠢᠵᠦᠭᠦᠢ᠃ | |