ᠴᠢᠩᠭᠢᠰ ᠬᠠᠭᠠᠨ ᠤ ᠲᠤᠪᠴᠢ ᠨᠠᠮᠳᠠᠷ ︵ᠲᠤᠯᠤᠭ᠎ᠠ︶
ᠨᠡᠶᠢᠲᠡᠯᠡᠭᠰᠡᠨ ᠴᠠᠭ᠄
2019/11/14
1226 ᠤᠨ ᠳᠤ ᠴᠢᠩᠭᠢᠰ ᠬᠠᠭᠠᠨ ᠲᠠᠩᠭᠤᠳ ᠲᠤ ᠲᠠᠭᠢᠨᠳᠠ ᠮᠤᠷᠳᠠᠵᠤ᠂ ᠲᠠᠷᠠᠭ᠎ᠠ ᠵᠢᠯ ᠢᠨᠦ ᠲᠠᠩᠭᠤᠳ ᠤᠯᠤᠰ ᠢ ᠮᠦᠭᠦᠭᠡᠪᠡᠢ᠃ 1227 ᠤᠨ ᠤ ᠲᠠᠩᠭᠤᠳ ᠲᠤᠭᠠᠯᠠᠯ ᠤᠨ 7 ᠰᠠᠷ᠎ᠠ ᠶᠢᠨ 12 ᠤᠨ ᠡᠳᠤᠷ᠂ ᠴᠢᠩᠭᠢᠰ ᠬᠠᠭᠠᠨ ᠡᠪᠡᠳᠴᠢᠨ ᠢᠶᠠᠷ ᠪᠡᠶ᠎ᠡ ᠦᠩᠭᠡᠷᠡᠪᠡᠢ᠃ ᠴᠢᠩᠭᠢᠰ ᠬᠠᠭᠠᠨ ᠪᠡᠶ᠎ᠡ ᠦᠩᠭᠡᠷᠡᠭᠦ ᠶᠢᠨ ᠤᠷᠢᠳᠠ ᠰᠦᠩ ᠤᠯᠤᠰ  ᠯᠤᠭ᠎ᠠ ᠬᠠᠮᠳᠤᠷᠠᠵᠤ ᠠᠯᠳᠠᠨ ᠤᠯᠤᠰ ᠢ ᠮᠦᠭᠦᠭᠡᠭᠦ ᠲᠠᠶᠢᠨ ᠤ ᠪᠤᠳᠤᠯᠭ᠎ᠠ ᠶᠢ ᠲᠤᠷᠠᠳᠤᠨ ᠭᠡᠷᠢᠶᠡᠯᠡᠵᠦᠭᠦᠢ᠃ ᠴᠢᠩᠭᠢᠰ ᠬᠠᠭᠠᠨ ᠲᠦᠷᠪᠡᠨ ᠬᠠᠳᠤᠨ ᠲᠠᠢ᠂ ᠶᠡᠭᠡ ᠬᠠᠳᠤᠨ ᠪᠦᠷᠳᠡ ᠠᠴᠠ ᠲᠦᠷᠪᠡᠨ ᠭᠦᠪᠡᠭᠦᠨ ᠪᠦᠯᠦᠭᠡ᠄ ᠤᠤᠭᠠᠨ ᠭᠦᠤ ᠵᠤᠴᠢ᠂ ᠭᠢᠪᠴᠠᠭ ᠬᠠᠨᠯᠢᠭ ᠤᠨ ᠡᠭᠦᠳᠦᠭᠴᠢ︔ ᠤᠳᠠᠭ᠎ᠠ ᠠᠨᠤ ᠴᠠᠭᠠᠳᠠᠢ᠂ ᠴᠠᠭᠠᠳᠠᠢ ᠬᠠᠨᠯᠢᠭ ᠤᠨ ᠤᠯᠠᠨ ᠬᠠᠳ ᠤᠨ ᠲᠡᠭᠡᠳᠤᠰ︔ ᠭᠤᠳᠠᠭᠠᠷ ᠠᠨᠤ ᠦᠭᠡᠳᠡᠢ᠂ ᠶᠡᠭᠡ ᠮᠤᠩᠭᠤᠯ ᠤᠯᠤᠰ ᠪᠠ ᠬᠤᠶᠠᠳᠤᠭᠠᠷ ᠶᠡᠭᠡ ᠬᠠᠭᠠᠨ ︵ᠦᠨ ᠲᠠᠶᠢᠽᠦ᠋ᠩ︶︔ ᠲᠦᠳᠦᠭᠡᠷ ᠢᠨᠦ ᠲᠤᠯᠦᠢ᠂ ᠲᠡᠭᠦᠨ ᠤ ᠬᠤᠶᠢᠴᠢᠰ ᠶᠤᠸᠠᠨ ᠤᠯᠤᠰ ᠤᠨ ᠦᠶ᠎ᠡ ᠡᠾᠧ ᠵᠢᠶᠠᠨ ᠤᠩ ᠡᠷᠭᠦᠮᠵᠢᠯᠡᠭᠳᠡᠪᠡᠢ᠃ ᠴᠢᠩᠭᠢᠰ ᠬᠠᠭᠠᠨ ᠤᠯᠠᠨ ᠮᠤᠩᠭᠤᠯ ᠠᠶᠢᠮᠠᠭ ᠤᠭᠰᠠᠭᠠᠳᠠᠨ ᠢ ᠬᠤᠷᠢᠶᠠᠨ ᠲᠤᠭᠳᠠᠭᠠᠵᠤ᠂ ᠲᠡᠳᠭᠡᠨ ᠳᠤ ᠠᠯᠳᠠᠷ ᠭᠠᠪᠢᠶ᠎ᠠ ᠠᠨᠦ ᠮᠦᠩᠭᠡᠷᠡᠪᠡᠢ᠃ ᠰᠠᠷᠳᠠᠭᠴᠢᠨ ᠠᠶᠠᠨ ᠨᠢ ᠠᠽᠢᠶ᠎ᠠ ᠡᠸᠦ᠋ᠷᠦᠫᠠ  ᠶᠢᠨ ᠡᠭᠡ ᠬᠠᠭᠤᠷᠠᠢ ᠶᠢ ᠭᠦᠨᠳᠡᠯᠢᠰᠦᠭᠰᠡᠨ ᠮᠤᠩᠭᠤᠯ ᠤᠯᠤᠰ ᠤᠨ ᠴᠠᠭ ᠲᠤᠷ ᠡᠨᠡ ᠤᠷᠤᠨ ᠳᠤ ᠪᠠᠭᠳᠠᠭᠰᠠᠨ ᠤᠯᠠᠨ ᠤᠯᠤᠰ ᠦᠨᠳᠦᠰᠦᠳᠡᠨ ᠡᠩᠭᠡ ᠲᠦᠪᠰᠢᠨ ᠬᠤᠳᠠᠯᠠᠭᠠᠷ ᠵᠢᠷᠭᠠᠯᠠᠩ ᠢ ᠤᠯᠪᠠᠢ᠃ ᠴᠢᠩᠭᠢᠰ ᠬᠠᠭᠠᠨ ᠤ ᠴᠡᠷᠢᠭ ᠤᠨ ᠶᠠᠪᠤᠳᠠᠯ ᠤᠨ ᠴᠢᠳᠠᠪᠤᠷᠢ ᠭᠡᠳᠤᠶᠢᠳᠴᠤ᠂ ᠲᠠᠶᠢᠨ ᠤ ᠪᠤᠳᠤᠯᠭ᠎ᠠ ᠠᠨᠤ ᠬᠤᠯᠠᠭᠢ ᠯᠤᠭ᠎ᠠ ᠬᠤᠯᠪᠤᠭᠠᠯᠠᠨ ᠤᠶᠢᠷᠠᠭᠢ ᠶᠢ ᠴᠤᠭᠢᠵᠤ᠂ ᠴᠢᠳᠠᠬᠤ ᠪᠠᠷ ᠲᠠᠶᠢᠰᠤᠨ ᠢᠶᠠᠨ ᠴᠦᠭᠡᠳᠭᠡᠵᠤ ᠪᠠᠶᠢᠳᠠᠭ᠃ ᠴᠡᠷᠢᠭ ᠭᠡᠷᠡᠭᠯᠡᠭᠦ ᠳᠤ ᠪᠠᠨ ᠲᠠᠶᠢᠰᠤᠨ ᠤ ᠰᠤᠷᠠᠭ ᠠᠪᠬᠤ ᠶᠢ ᠠᠩᠬᠠᠷᠤᠨ᠂ ᠲᠤᠰ ᠲᠤᠰ ᠳᠤ ᠨᠢ ᠪᠦᠰᠡᠯᠡᠨ᠂ ᠬᠤᠯᠠ ᠠᠴᠠ ᠭᠡᠨᠡᠳᠡᠭᠦᠯᠦᠨ ᠲᠠᠭᠠᠷᠢᠬᠤ᠂ ᠬᠠᠭᠤᠷᠮᠠᠭ ᠢᠶᠠᠷ ᠲᠤᠳᠠᠭᠠᠵᠤ ᠲᠠᠶᠢᠰᠦᠨ ᠢ ᠦᠳᠦᠭᠡᠭᠦ᠂ ᠭᠦᠳᠡᠯᠭᠡᠭᠡᠨᠳᠤ ᠲᠠᠶᠢᠨ ᠭᠢᠭᠦ ᠵᠡᠷᠭᠡ ᠠᠷᠭ᠎ᠠ ᠶᠢ ᠭᠤᠤᠯᠳᠠᠭᠤᠯᠤᠨ ᠵᠠᠷᠤᠳᠠᠭ᠃ ᠲᠡᠤᠭᠡᠨ ᠪᠢᠴᠢᠭ ᠲᠡᠭᠡᠷ᠎ᠡ ︽ᠶᠤᠸᠠᠨ ᠤᠯᠤᠰ ᠤᠨ ᠲᠠᠶᠢᠽᠤ ᠭᠦᠨ ᠮᠡᠳᠡᠭᠴᠢ ᠪᠦᠭᠡᠳ ᠶᠡᠭᠡ ᠪᠤᠳᠤᠯᠭᠠᠳᠠᠢ᠂ ᠴᠡᠷᠢᠭ ᠭᠡᠷᠡᠭᠯᠡᠭᠦ ᠢᠨᠦ ᠬᠤᠪᠢᠯᠭᠠᠨ ᠮᠡᠳᠤ ᠮᠡᠷᠭᠡᠨ︾ ᠭᠡᠮᠡᠵᠦᠭᠦᠢ᠃ 13 ᠳ᠋ᠤᠭᠠᠷ ᠵᠠᠭᠤᠨ ᠤ ᠭᠤᠤᠯ ᠹᠸᠤᠳᠠᠯ ᠤᠨ ᠤᠯᠤᠰ ᠤᠳ ᠤᠨ ᠲᠦᠭᠰᠢᠭᠦᠷᠢ ᠭᠡᠴᠡᠭᠦᠳᠴᠤ᠂ ᠴᠢᠩᠭᠢᠰ ᠤᠨ ᠴᠡᠷᠢᠭᠯᠡᠯ ᠳᠤ ᠲᠦᠭᠦᠮ ᠪᠤᠯᠭᠠᠵᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号