ᠯᠠᠪᠷᠤᠩ ᠭᠡᠶᠢᠳ
ᠨᠡᠶᠢᠲᠡᠯᠡᠭᠰᠡᠨ ᠴᠠᠭ᠄
2019/11/14
ᠯᠠᠪᠷᠤᠩ ᠭᠡᠶᠢᠳ ᠨᠢ ᠭᠠᠨᠰᠤ ᠮᠤᠵᠢ ᠶᠢᠨ ᠰᠢᠶᠠ ᠾᠧ ᠰᠢᠶᠡᠨ ᠳᠤ ᠪᠠᠶᠢᠷᠢᠰᠢᠵᠤ ᠪᠤᠢ᠃ ᠲᠤᠰ ᠭᠡᠶᠢᠳ ᠢ ᠬᠤᠱᠤᠳ ᠠᠶᠢᠮᠠᠭ ᠤᠨ ᠬᠠᠳᠤᠨ ᠭᠤᠤᠯ ᠤᠨ ᠡᠮᠦᠨᠡᠳᠤ ᠲᠡᠷᠢᠭᠦᠨ ᠬᠤᠰᠢᠭᠤᠨ ᠤ ᠾᠧᠨᠠᠨ ᠴᠢᠨ ᠸᠠᠩ ᠴᠠᠭᠠᠨᠳᠠᠨᠵᠢᠨ ᠪᠦᠳᠦᠭᠡᠨ ᠪᠠᠶᠢᠭᠤᠯᠤᠭᠰᠠᠨ ᠶᠤᠮ᠃ ᠡᠨᠡ ᠭᠡᠶᠢᠳ ᠤᠨ ᠦᠨᠳᠦᠰᠦᠨ ᠦᠭᠯᠢᠭᠡ ᠶᠢᠨ ᠡᠵᠡᠨ ᠪᠤᠯ ᠾᠧᠨᠠᠨ ᠮᠤᠩᠭᠤᠯ ᠴᠢᠨ ᠸᠠᠩ ᠤᠨ ᠬᠤᠰᠢᠭᠤ ᠪᠤᠯᠤᠨ᠎ᠠ᠃ 1701 ᠤᠨ ︵ᠡᠩᠭᠡ ᠠᠮᠤᠭᠤᠯᠠᠩ ᠤᠨ ᠲᠦᠴᠢᠳᠦᠭᠡᠷ ᠤᠨ︶ ᠳᠤ ᠴᠠᠭᠠᠨᠳᠠᠨᠵᠢᠨ ᠪᠡᠭᠡᠵᠢᠩ ᠤᠷᠤᠵᠤ ᠬᠠᠭᠠᠨ ᠢ ᠪᠠᠷᠠᠯᠠᠵᠤ ᠪᠡᠶᠢᠯᠡ ᠡᠷᠭᠦᠮᠵᠢᠯᠡᠭᠳᠡᠪᠡ᠃ ᠱᠠᠰᠢᠨ ᠤ ᠲᠠᠯ᠎ᠠ  ᠪᠠᠷ ᠴᠠᠭᠠᠨᠳᠠᠨᠵᠢᠨ ᠦᠪᠡᠷ ᠤᠨ ᠵᠠᠭᠢᠷᠦᠯ ᠳᠠᠬᠢ ᠭᠡᠯᠦᠭᠪᠡ ᠶᠢᠨ ᠪᠦᠯᠦᠭ ᠤᠨ ᠨᠢᠭᠡ ᠭᠡᠶᠢᠳ ᠪᠠᠶᠢᠭᠤᠯᠬᠤ ᠪᠠᠷ ᠤᠷᠤᠯᠳᠤᠵᠠᠢ᠃ ᠢᠩᠭᠢᠭᠡᠳ ᠲᠤᠰ ᠵᠢᠯ ᠲᠡᠷᠡ ᠠᠱᠤᠤ · ᠭᠡᠯᠡᠭᠴᠢᠩᠯᠧ ᠵᠡᠷᠭᠡ ᠭᠦᠮᠦᠰ ᠢ ᠲᠦᠪᠡᠳ ᠲᠤ ᠶᠠᠪᠤᠭᠤᠯᠤᠨ ᠠᠯᠳᠠᠷᠳᠤ ᠭᠡᠭᠡᠨ ᠡᠷᠢᠭᠦᠯᠵᠡᠢ᠃ ᠲᠡᠳᠡ ᠬᠠᠶᠢᠭᠰᠠᠭᠠᠷ ᠶᠠᠪᠤᠭᠠᠳ ᠱᠠᠳᠪᠠᠨ ᠠᠭᠸᠠᠩᠽᠤᠩᠷᠤᠢ ︵ᠰᠢᠶᠠ ᠾᠧ ᠭᠠᠵᠠᠷ ᠲᠤ ᠲᠦᠷᠦᠭᠰᠡᠨ︶ ᠢ ᠤᠯᠵᠤ᠂ ᠲᠡᠭᠦᠨ ᠢ ᠨᠤᠳᠤᠭ ᠲᠠᠭᠠᠨ ᠬᠠᠷᠢᠵᠤ ᠰᠦᠮ᠎ᠡ ᠪᠠᠶᠢᠭᠤᠯᠤᠭᠳᠤᠨ ᠭᠡᠵᠤ ᠭᠡᠯᠡᠭᠰᠡᠨ ᠳᠤ ᠠᠭᠸᠠᠩᠽᠤᠩᠷᠤᠢ ᠵᠦᠪᠰᠢᠶᠡᠷᠡᠭᠰᠡᠨ ᠦᠭᠡᠢ᠃ 1702 ᠤᠨ ᠳᠤ ᠴᠠᠭᠠᠨᠳᠠᠨᠵᠢᠨ ᠮᠦᠷᠭᠦᠯ ᠭᠢᠭᠦ ᠪᠠᠷ ᠲᠦᠪᠡᠳ ᠲᠤ ᠤᠴᠢᠭᠠᠳ ᠲᠡᠭᠦᠨ ᠢ ᠨᠤᠳᠤᠭ ᠲᠠᠭᠠᠨ ᠬᠠᠷᠢᠵᠤ ᠰᠦᠮ᠎ᠡ ᠭᠡᠶᠢᠳ ᠪᠠᠶᠢᠭᠤᠯᠤᠭᠳᠤᠨ ᠭᠡᠵᠤ ᠲᠡᠭᠢᠨ ᠨᠢᠭᠡᠨ ᠤᠳᠠᠭ᠎ᠠ ᠭᠡᠯᠡᠭᠰᠡᠨ ᠳᠤ ᠲᠡᠷᠡ ᠪᠠᠰᠠ ᠯᠠ ᠵᠦᠪᠰᠢᠶᠡᠷᠡᠭᠰᠡᠨ ᠦᠭᠡᠢ᠃ ᠤᠳᠠᠯ ᠦᠭᠡᠢ ᠲᠦᠪᠡᠳ ᠤᠨ ᠲᠦᠷᠦ ᠱᠠᠰᠢᠨ ᠤ ᠪᠠᠶᠢᠳᠠᠯ ᠳᠤ ᠭᠡᠨᠡᠳᠳᠡ ᠶᠢᠨ ᠬᠤᠪᠢᠷᠠᠯᠳᠠ ᠭᠠᠷᠴᠤ᠂ ᠲᠧᠰᠢᠷᠢᠳ ᠰᠠᠩᠵᠠᠶᠢᠵᠠᠮᠰᠤ ᠠᠯᠠᠭᠳᠠᠵᠤ᠂ ᠵᠢᠷᠭᠤᠳᠤᠭᠠᠷ ᠲᠦᠷᠢ ᠶᠢᠨ ᠲᠠᠯᠠᠢ ᠯᠠᠮᠠ ᠽᠠᠩᠶᠠᠩᠵᠠᠮᠰᠤ ᠴᠦᠯᠡᠭᠳᠡᠵᠡᠢ᠃ ᠠᠭᠸᠠᠩᠽᠤᠩᠷᠤᠢ ᠲᠤᠬᠠᠢ ᠶᠢᠨ ᠦᠶ᠎ᠡ  ᠳᠤ ᠲᠦᠷᠦ ᠱᠠᠰᠢᠨ ᠤ ᠲᠡᠭᠡᠳᠤ ᠲᠠᠪᠬᠤᠷᠭᠠᠳᠠᠨ ᠤ ᠲᠤᠳᠤᠷ᠎ᠠ ᠶᠠᠪᠤᠭᠰᠠᠨ ᠪᠤᠯᠬᠤᠷ ᠡᠨᠡ ᠭᠦ ᠲᠡᠮᠡᠴᠡᠯ ᠳᠤ ᠲᠠᠭᠠᠷᠢᠭᠳᠠᠵᠤ ᠡᠳᠤᠢ ᠲᠡᠳᠤᠢ ᠵᠢᠮᠠᠯᠠᠯ ᠪᠤᠷᠤᠭᠤᠰᠢᠶᠠᠯ ᠳᠤ ᠤᠴᠠᠷᠠᠪᠠ᠂ ᠪᠠᠰᠠ ᠲᠡᠭᠡᠷ᠎ᠡ ᠨᠢ ᠨᠠᠰᠤ ᠠᠭᠢᠵᠤ ᠨᠤᠳᠤᠭ ᠤᠰᠤ ᠪᠠᠨ ᠰᠠᠨᠠᠵᠤ ᠪᠠᠶᠢᠪᠠ᠃ 1709 ᠤᠨ ᠤ 6 ᠰᠠᠷ᠎ᠠ ᠳᠤ ᠲᠡᠷᠡ ᠲᠦᠪᠡᠳ ᠠᠴᠠ ᠰᠢᠶᠠ ᠾᠧ ᠵᠦᠭ ᠮᠤᠷᠳᠠᠪᠠ᠃ ᠴᠠᠭᠠᠨᠳᠠᠨᠵᠢᠨ ᠤᠤᠭᠠᠨ ᠭᠦᠪᠡᠭᠦᠨ ᠭᠢᠨᠳᠤᠨᠸᠠᠩᠵᠢᠯ ᠢ ᠭᠤᠷᠪᠠᠨ ᠮᠤᠷᠢᠳᠤ ᠴᠡᠷᠢᠭ ᠲᠠᠢ ᠲᠤᠮᠢᠯᠠᠵᠤ᠂ 9 ᠰᠠᠷ᠎ᠠ ᠳᠤ ᠾᠧᠨᠠᠨ ᠤ ᠮᠤᠩᠭᠤᠯ ᠬᠤᠰᠢᠭᠤᠨ ᠳᠤ ᠭᠦᠷᠴᠤ ᠢᠷᠡᠵᠡᠢ᠃ ᠴᠠᠭᠠᠨᠳᠠᠨᠵᠢᠨ ᠰᠦᠷ ᠭᠦᠨᠳᠦᠳᠠᠢ ᠤᠭᠳᠤᠨ ᠠᠪᠬᠤ ᠶᠤᠰᠤᠯᠠᠯ ᠭᠢᠵᠤ᠂ ᠨᠢᠭᠡᠨ ᠠᠯᠳᠠᠨ ᠮᠠᠨᠳᠠ᠂ 500 ᠦᠭᠡᠷ ᠮᠤᠷᠢ᠂ 4000 ᠭᠠᠷᠤᠢ ᠬᠤᠨᠢ᠂ 500 ᠭᠭᠢᠪ ᠲᠤᠷᠭ᠎ᠠ ᠪᠤᠯᠤᠨ ᠡᠳ᠋ ᠡᠷᠳᠡᠨᠢᠰ ᠤᠯᠠᠨ ᠵᠦᠢᠯ ᠢ ᠪᠡᠯᠭᠡᠯᠡᠨ ᠪᠠᠷᠢᠴᠠ ᠪᠤᠯᠭᠠᠵᠠᠢ᠃ 1709 ᠤᠨ ᠪᠤᠯ ᠽᠦᠩᠺᠠᠸ᠎ᠠ ᠪᠤᠭᠳᠠ ᠭᠠᠯᠳᠠᠨ ᠭᠡᠶᠢᠳ ᠢ ᠪᠠᠶᠢᠭᠤᠯᠤᠭᠰᠠᠨ 300 ᠵᠢᠯ ᠤᠨ ᠤᠢ ᠲᠤᠯᠠ ᠵᠠᠮᠢᠶᠠᠨ ᠠᠭᠸᠠᠩᠽᠤᠩᠷᠤᠢ ᠭᠡᠳᠤᠨ ᠱᠠᠪᠢ ᠳᠠᠭᠠᠨ ᠵᠠᠷᠯᠢᠭ ᠪᠠᠭᠤᠯᠭᠠᠨ ᠠᠭᠤᠯᠠ ᠶᠢᠨ ᠬᠤᠷᠮᠤᠢ ᠳᠤ ᠦᠯᠵᠡᠢ ᠠᠷᠢᠭᠤᠨ ᠪᠠᠶᠢᠷᠢ ᠰᠤᠩᠭᠤᠨ ᠦᠯᠵᠡᠢ ᠤᠷᠤᠰᠢᠬᠤ ᠶᠤᠰᠤᠯᠠᠯ ᠭᠢᠵᠡᠢ᠃ ᠲᠡᠶᠢᠮᠦ ᠠᠴᠠ ᠶᠡᠷᠤ ᠳᠡᠭᠡᠨ 1709 ᠤᠨ ᠢ ᠯᠠᠪᠷᠤᠩ ᠭᠡᠶᠢᠳ ᠢ ᠪᠠᠶᠢᠭᠤᠯᠵᠤ ᠡᠭᠢᠯᠡᠭᠰᠡᠨ ᠴᠠᠭ ᠭᠡᠵᠤ ᠦᠵᠡᠳᠡᠭ ᠶᠤᠮ᠃ 1710 ᠤᠨ ᠳᠤ ᠵᠠᠮᠢᠶᠠᠩ ᠴᠠᠭᠠᠨᠳᠠᠨᠵᠢᠨ ᠡᠴᠢᠭᠡ ᠭᠦᠪᠡᠭᠦᠨ ᠬᠤᠶᠠᠷ ᠤᠨ ᠲᠠᠭᠠᠭᠤᠯᠭ᠎ᠠ ᠪᠠᠷ ᠷᠠᠰᠢᠵᠢ ᠶᠢ ᠰᠦᠮ᠎ᠡ ᠪᠠᠶᠢᠭᠤᠯᠬᠤ ᠤᠷᠤᠨ ᠭᠡᠵᠤ ᠰᠢᠨᠵᠢᠨ ᠲᠤᠭᠳᠠᠭᠠᠵᠠᠢ ᠃ ᠴᠠᠭᠠᠨᠳᠠᠨᠵᠢᠨ 80 ᠭᠠᠷᠤᠢ ᠬᠤᠸᠠᠷᠠᠭ ᠪᠠᠭᠳᠠᠳᠠᠭ ᠲᠦᠷᠪᠡᠯᠵᠢᠨ ᠭᠡᠯᠪᠡᠷᠢᠳᠡᠢ ᠮᠤᠩᠭᠤᠯ ᠭᠡᠷ ᠭᠠᠷᠭᠠᠨ ᠦᠭᠴᠦ᠂ ᠲᠦᠷ ᠴᠠᠭ ᠤᠨ ᠲᠤᠭᠠᠩ ᠪᠤᠯᠭᠠᠵᠠᠢ᠃ ᠴᠠᠭᠠᠨᠳᠠᠨᠵᠢᠨ ᠬᠠᠳᠤᠨ ᠨᠠᠵᠠᠵᠤᠮ᠎ᠠ ᠨᠠᠷ ᠲᠤᠰ ᠲᠤᠰ 100 ᠬᠤᠸᠠᠷᠠᠭ ᠡᠷᠭᠦᠭᠰᠡᠨ ᠪᠠᠶᠢᠨ᠎ᠠ᠃ ᠬᠠᠮᠪᠤ ᠨᠤᠮ ᠤᠨ ᠬᠠᠭᠠᠨ ᠲᠠᠶᠢᠵᠢ ᠨᠠᠷ ᠴᠦ ᠡᠳᠤᠢ ᠲᠡᠳᠤᠢ ᠬᠤᠸᠠᠷᠠᠭ ᠡᠷᠭᠦᠵᠡᠢ᠃ ᠢᠩᠭᠢᠭᠡᠳ ᠪᠦᠭᠦᠳᠡ 300 ᠬᠤᠸᠠᠷᠠᠭ ᠲᠠᠢ ᠪᠤᠯᠵᠤ᠂ ᠭᠡᠪᠭᠦᠢ᠂ ᠤᠮᠵᠠᠳ ᠲᠤᠮᠢᠯᠠᠵᠤ᠂ ᠬᠤᠷᠠᠯ ᠨᠤᠮ ᠰᠦᠭᠯᠡᠭᠰᠡᠨ ᠪᠠᠶᠢᠨ᠎ᠠ᠃ 1711 ᠤᠨ ᠳᠤ᠂ ᠴᠠᠭᠠᠨᠳᠠᠨᠵᠢᠨ ᠵᠠᠷᠯᠢᠭ ᠪᠠᠭᠤᠯᠭᠠᠨ ᠺᠠᠵᠠ ᠶᠢᠨ ᠵᠢᠷᠭᠤᠭᠠᠨ ᠤᠪᠤᠭᠳᠠᠨ ᠢᠶᠠᠷ ᠮᠤᠳᠤᠨ ᠮᠠᠲ᠋ᠧᠷᠢᠶᠠᠯ ᠵᠦᠭᠡᠭᠡᠯᠭᠡᠵᠤ᠂ ᠴᠢᠤᠺᠠᠨ᠂ ᠰᠠᠬᠠᠮᠤᠵᠠ᠂ ᠷᠤᠩᠴᠤᠴᠢᠨ ᠮᠡᠳᠤ ᠠᠷᠪᠠᠨ ᠨᠠᠢᠮᠠᠨ ᠲᠤᠮᠤ ᠠᠶᠢᠮᠠᠭ ᠠᠴᠠ ᠤᠯᠠᠭᠠᠴᠢ ᠴᠤᠭᠯᠠᠭᠤᠯᠵᠤ᠂ ᠠᠷᠪᠠᠨ ᠨᠠᠢᠮᠠᠨ ᠲᠤᠯᠭᠠᠭᠤᠷᠢ ᠲᠠᠢ ᠲᠤᠮᠤ ᠲᠤᠭᠠᠩ ᠪᠤᠯᠬᠤ ᠲᠤᠳᠤᠭᠠᠳᠤ ᠬᠠᠷᠰᠢ ᠪᠠᠶᠢᠭᠤᠯᠵᠠᠢ᠃ ᠴᠠᠭᠠᠨᠳᠠᠨᠵᠢᠨ ᠪᠠᠰᠠ ᠤᠳᠤ ᠶᠢᠨ ᠭᠦᠭᠡᠨᠠᠭᠤᠷ ᠤᠨ ᠾᠧᠨᠠᠨ ᠤ ᠮᠤᠩᠭᠤᠯ ᠦᠪᠡᠷᠳᠡᠭᠡᠨ ᠵᠠᠰᠠᠬᠤ ᠰᠢᠶᠡᠨ ᠭᠢᠭᠡᠳ ᠤᠳᠤ ᠶᠢᠨ ᠰᠧᠴᠤᠸᠠᠨ ᠤ ᠿᠤᠷᠭᠡᠢ ᠰᠢᠶᠡᠨ ᠤ 500 ᠡᠷᠦᠭᠡ ᠶᠢ ᠱᠠᠰᠢᠨ ᠤ ᠢᠷᠭᠡᠨ ᠪᠤᠯᠭᠠᠨ ᠦᠭᠴᠤ᠂ ᠪᠠᠰᠠ ᠡᠳᠤᠢ ᠲᠡᠳᠤᠢ ᠭᠠᠵᠠᠷ ᠢ ᠰᠦᠮ᠎ᠡ ᠶᠢᠨ ᠲᠠᠷᠢᠶᠠᠯᠠᠩ ᠤᠨ ᠭᠠᠵᠠᠷ ᠪᠤᠯᠭᠠᠨ ᠪᠠᠷᠢᠪᠠ᠃ 1720 ᠤᠨ ᠳᠤ᠂ ᠴᠠᠭᠠᠨᠳᠠᠨᠵᠢᠨ ᠤ ᠭᠤᠶᠤᠴᠢᠯᠠᠯᠳᠠ ᠪᠠᠷ ᠡᠩᠭᠡ ᠠᠮᠤᠭᠤᠯᠠᠩ ᠬᠠᠭᠠᠨ ᠵᠠᠮᠢᠶᠠᠨ ᠠᠭᠸᠠᠩᠽᠤᠩᠷᠤᠢ ᠳᠤ ︽ᠨᠤᠮ ᠢ ᠲᠡᠳᠭᠦᠭᠴᠢ ᠲᠢᠶᠠᠨᠴᠢ ᠪᠠᠭᠰᠢ ᠪᠠᠨᠳᠢᠳᠠ ᠡᠷᠳᠡᠨᠢ ᠨᠤᠮ ᠤᠨ ᠬᠠᠭᠠᠨ︾ ᠭᠡᠳᠡᠭ ᠴᠤᠯᠠ ᠦᠭᠴᠠᠢ᠃ ᠬᠠᠭᠠᠨ ᠠᠴᠠ ᠠᠯᠳᠠᠨ ᠲᠠᠮᠠᠭ᠎ᠠ ᠪᠢᠴᠢᠭ ᠬᠠᠶᠢᠷᠠᠯᠠᠵᠤ᠂ ᠠᠯᠳᠠᠨ ᠰᠢᠷ᠎ᠠ ᠭᠦᠷᠮ᠎ᠡ ᠡᠮᠦᠰᠴᠤ ᠪᠤᠯᠤᠨ᠎ᠠ ᠭᠡᠵᠤ ᠵᠦᠪᠰᠢᠶᠡᠷᠡᠵᠡᠢ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号