ᠭᠦᠮᠪᠦᠮ ᠭᠡᠶᠢᠳ
ᠨᠡᠶᠢᠲᠡᠯᠡᠭᠰᠡᠨ ᠴᠠᠭ᠄
2019/11/14
ᠭᠦᠮᠪᠤᠮ ᠭᠡᠶᠢᠳ ᠪᠤᠯ ᠲᠦᠪᠡᠳ ᠤᠨ ᠪᠤᠷᠬᠠᠨ ᠱᠠᠰᠢᠨ ᠤ ᠭᠡᠯᠦᠭᠪᠠ ᠶᠢᠨ ᠪᠦᠯᠦᠭ ᠢ ᠡᠭᠦᠳᠦᠭᠴᠢ ᠪᠤᠭᠳᠠ ᠽᠦᠩᠺᠠᠸ᠎ᠠ ᠶᠢ ᠲᠤᠷᠠᠰᠬᠠᠬᠤ ᠶᠢᠨ ᠲᠦᠯᠦᠭᠡ ᠪᠠᠶᠢᠭᠤᠯᠤᠭᠰᠠᠨ ᠭᠡᠶᠢᠳ ᠪᠤᠯᠤᠨ᠎ᠠ᠃ ᠤᠯᠠᠮᠵᠢᠯᠠᠯ ᠶᠠᠷᠢᠶᠠᠨ ᠳᠤ ᠪᠤᠭᠳᠠ ᠽᠦᠩᠺᠠᠸ᠎ᠠ ᠶᠢ ᠮᠡᠨᠳᠦᠯᠡᠭᠰᠡᠨ ᠲᠠᠷᠤᠢ ᠭᠦᠷᠦᠭᠡᠰᠦᠨ ᠤ ᠴᠢᠰᠤ ᠲᠤᠰᠤᠯᠠᠭᠰᠠᠨ ᠭᠠᠵᠠᠷ ᠠᠴᠠ ᠨᠢᠭᠡᠨ ᠰᠠᠭᠤᠷᠢ ᠴᠠᠭᠠᠨ ᠽᠠᠨᠳᠠᠨ ᠮᠤᠳᠤ ᠤᠷᠭᠤᠨ ᠭᠠᠷᠴᠤ᠂ ᠪᠠᠳᠤ ᠪᠠᠭᠢ ᠦᠨᠳᠦᠰᠦᠯᠡᠨ ᠰᠠᠭᠤᠷᠢᠯᠠᠵᠤ ᠰᠠᠯᠠᠭ᠎ᠠ ᠨᠠᠮᠠᠭ᠎ᠠ  ᠪᠠᠷ ᠰᠠᠬᠤᠯᠢᠭ ᠰᠠᠶᠢᠬᠠᠨ ᠮᠤᠳᠤ ᠪᠤᠯᠤᠭᠰᠠᠨ ᠪᠠᠶᠢᠨ᠎ᠠ᠃ 1378 ᠤᠨ ᠳᠤ ᠪᠤᠭᠳᠠ ᠽᠦᠩᠺᠸ᠎ᠠ ᠶᠢ 22 ᠨᠠᠰᠤᠳᠠᠢ ᠦᠶ᠎ᠡ ᠳᠤ ᠡᠵᠢ ᠨᠢ ᠲᠦᠪᠡᠳ ᠲᠤ ᠤᠴᠢᠭᠠᠳ ᠨᠢᠭᠡᠨᠳᠡ ᠵᠢᠷᠭᠤᠭᠠᠨ ᠵᠢᠯ ᠪᠤᠯᠤᠭᠰᠠᠨ ᠭᠦᠤ ᠪᠠᠨ ᠰᠠᠨᠠᠭᠠᠳ ᠨᠢᠭᠡ ᠠᠳᠬᠤ ᠪᠤᠭᠤᠷᠤᠯ ᠦᠰᠦ ᠪᠠᠨ ᠵᠠᠭᠢᠳᠠᠯ ᠲᠠᠢ ᠬᠠᠮᠳᠤ ᠭᠦᠤ ᠳᠡᠭᠡᠨ ᠢᠯᠡᠭᠡᠵᠤ ᠡᠵᠢ ᠪᠠᠨ ᠦᠵᠡᠭᠦ ᠪᠠᠷ ᠢᠷ᠎ᠡ ᠭᠡᠵᠡᠢ ᠃ ᠪᠤᠭᠳᠠ ᠽᠦᠩᠺᠠᠸ᠎ᠠ ᠨᠤᠮ ᠰᠤᠳᠤᠷ ᠢ ᠨᠢᠭᠡᠨ ᠰᠡᠳᠭᠢᠯ ᠢᠶᠠᠷ ᠰᠤᠷᠤᠯᠴᠠᠬᠤ ᠶᠢᠨ ᠲᠦᠯᠦᠭᠡ ᠬᠠᠷᠢᠬᠤ ᠦᠭᠡᠢ ᠭᠡᠵᠤ ᠵᠤᠷᠢᠭ ᠰᠢᠭᠤᠳᠴᠠᠢ᠃ ᠲᠡᠷᠡ᠂ ᠡᠵᠢ ᠪᠤᠯᠤᠨ ᠡᠭᠡᠴᠢ ᠳᠡᠭᠡᠨ ᠬᠠᠮᠠᠷ ᠠᠴᠠ ᠪᠠᠨ ᠭᠠᠷᠤᠭᠰᠠᠨ ᠴᠢᠰᠦ ᠪᠠᠷ ᠵᠢᠷᠤᠭᠰᠠᠨ ᠦᠪᠡᠷ ᠤᠨ ᠭᠦᠷᠦᠭ ᠵᠢᠷᠤᠭ ᠪᠤᠯᠤᠨ ᠠᠷᠰᠯᠠᠨ ᠲᠠᠭᠤᠳᠤ ᠪᠤᠷᠬᠠᠨ ᠤ ᠭᠦᠷᠦᠭ ᠢ ᠲᠤᠰ ᠲᠤᠰ ᠨᠢᠭᠡᠨ ᠬᠤᠪᠢ ᠵᠢᠷᠤᠵᠤ᠂ ᠵᠠᠭᠢᠳᠠᠯ ᠤᠨ ᠬᠠᠮᠳᠤ ᠢᠯᠡᠭᠡᠵᠡᠢ᠃ ᠵᠠᠭᠢᠳᠠᠯ ᠳᠠᠭᠠᠨ᠄ ︽ᠭᠡᠷᠪᠡ ᠮᠢᠨᠦ ᠲᠦᠷᠦᠭᠰᠡᠨ ᠭᠠᠵᠠᠷ ᠲᠤ ᠠᠷᠰᠯᠠᠨ ᠲᠠᠭᠤᠳᠤ ᠪᠤᠮᠠᠨ ᠪᠤᠷᠬᠠᠨ ᠪᠤᠯᠤᠨ ᠪᠤᠳᠢ ᠮᠤᠳᠤ ᠪᠠᠷ ᠭᠤᠤᠯ ᠪᠤᠯᠭᠠᠨ ᠨᠢᠭᠡᠨ ᠰᠤᠪᠤᠷᠭ᠎ᠠ ᠪᠠᠶᠢᠭᠤᠯᠪᠠᠰᠤ᠂ ᠲᠠᠷᠤᠢ ᠨᠠᠳᠠ ᠶᠢ ᠦᠵᠡᠭᠰᠡᠨ ᠲᠠᠢ ᠠᠳᠠᠯᠢ︾ ᠭᠡᠮᠡᠪᠡᠢ᠃ ᠪᠤᠭᠳᠠ ᠶᠢᠨ ᠮᠡᠨᠳᠦᠯᠡᠭᠰᠡᠨ ᠭᠠᠵᠠᠷ ᠤᠷᠭᠤᠭᠰᠠᠨ ᠪᠤᠳᠢ ᠮᠤᠳᠤᠨ ᠳᠤ ᠪᠤᠮᠠᠨ ᠨᠠᠪᠴᠢ ᠭᠠᠷᠴᠤ᠂ ᠨᠠᠪᠴᠢ ᠪᠦᠷᠢ ᠲᠡᠭᠡᠷ᠎ᠡ ᠨᠢ ᠨᠢᠭᠡᠨ ᠠᠷᠰᠯᠠᠨ ᠲᠠᠭᠤᠳᠤ ᠪᠤᠷᠬᠠᠨ ᠤ ᠭᠦᠷᠦᠭ ᠢᠯᠡᠷᠡᠨ ᠭᠠᠷᠴᠠᠢ᠃ 1379 ᠤᠨ ᠳᠤ ᠪᠤᠭᠳᠠ ᠶᠢᠨ ᠡᠵᠢ ᠨᠢ ᠵᠠᠭᠢᠳᠠᠯ ᠤᠨ ᠶᠤᠰᠤ ᠪᠠᠷ ᠤᠯᠠᠨ ᠰᠦᠰᠦᠭᠳᠡᠨ ᠨᠠᠷ  ᠢ ᠴᠤᠭᠯᠠᠭᠤᠯᠵᠤ᠂ ᠪᠤᠳᠢ ᠮᠤᠳᠤ ᠪᠠᠷ ᠭᠤᠤᠯ ᠪᠤᠯᠭᠠᠵᠤ ᠡᠷᠭᠢᠨ ᠲᠤᠭᠤᠷᠢᠨ ᠢ ᠴᠢᠯᠠᠭᠤ ᠪᠠᠷ ᠪᠠᠭᠢᠯᠡᠨ ᠨᠢᠭᠡᠨ ᠰᠤᠪᠤᠷᠭ᠎ᠠ ᠪᠤᠰᠬᠠᠭᠠᠳ ᠡᠭᠦᠨ ᠢᠶᠠᠷ ᠪᠤᠭᠳᠠ ᠽᠦᠩᠺᠠᠸ᠎ᠠ ᠶᠢᠨ ᠮᠡᠨᠳᠦᠯᠡᠭᠰᠡᠨ ᠢ ᠲᠤᠷᠠᠰᠬᠠᠨ ᠲᠡᠮᠳᠡᠭᠯᠡᠵᠡᠢ᠃ ᠡᠨᠡ  ᠨᠢ ᠲᠠᠷᠤᠢ ᠭᠦᠮᠪᠤᠮ ᠭᠡᠶᠢᠳ ᠤᠨ ᠢᠷᠡᠯᠳᠡ ᠪᠤᠯᠤᠨ᠎ᠠ᠃ 1577 ᠤᠨ ᠳᠤ ᠷᠢᠨᠴᠢᠨᠽᠤᠩᠵᠠᠢ ᠭᠡᠳᠡᠭ ᠯᠠᠮᠠ ᠪᠠᠷ ᠰᠤᠪᠤᠷᠭ᠎ᠠ ᠶᠢᠨ ᠬᠠᠵᠠᠭᠤ ᠳᠤ ᠨᠢᠭᠡᠨ ᠨᠢᠭᠡᠨ ᠪᠠᠭ᠎ᠠ ᠲᠤᠭᠠᠩ ᠪᠠᠶᠢᠭᠤᠯᠵᠤ᠂ ᠮᠠᠶᠢᠳᠠᠷᠢ ᠪᠤᠷᠬᠠᠨ ᠤ 12 ᠨᠠᠰᠤᠨ ᠤ ᠭᠦᠷᠦᠭ ᠢ ᠪᠦᠳᠦᠭᠡᠭᠡᠳ ᠡᠨᠡ ᠭᠦ ᠪᠤᠷᠬᠠᠨ ᠤ ᠲᠤᠭᠠᠩ ᠶᠢᠨ ︽ᠭᠦᠮᠪᠦᠮᠰᠠᠮᠪᠠᠯᠡᠭ︾ ᠭᠡᠵᠤ ᠨᠡᠷᠡᠯᠡᠵᠡᠢ᠃ ᠲᠡᠷᠡ ᠨᠢ ︽ᠪᠤᠮᠠᠨ ᠭᠦᠷᠦᠭ︾ ᠭᠡᠰᠡᠨ ᠦᠭᠡ ᠪᠤᠯᠤᠨ᠎ᠠ᠃ ᠭᠦᠮᠪᠦᠮ ᠭᠡᠶᠢᠳ ᠭᠡᠳᠡᠭ ᠨᠢ ᠲᠤᠰ ᠲᠤᠭᠠᠩ ᠤᠨ ᠨᠡᠷ᠎ᠡ ᠠᠴᠠ ᠢᠷᠡᠯᠳᠡᠢ ᠭᠡᠳᠡᠭ᠃ ᠤᠯᠠᠩᠭᠢ ᠡᠷᠳᠡᠮᠳᠡᠳ 1577 ᠤᠨ ᠢ ᠭᠦᠮᠪᠦᠮ ᠭᠡᠶᠢᠳ ᠢ ᠵᠢᠩᠭᠢᠨᠢ ᠪᠠᠷ ᠪᠠᠶᠢᠭᠤᠯᠤᠭᠰᠠᠨ ᠤᠨ ᠭᠡᠵᠤ ᠦᠵᠡᠵᠤ ᠪᠠᠶᠢᠳᠠᠭ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号