ᠪᠠᠳᠡᠢ ᠶᠢᠨ ᠵᠢᠷᠡᠡ ᠤ ︽ᠭᠤᠳᠤᠮᠵᠢ ᠶᠢᠨ ᠭᠤᠷᠪᠠᠨ ᠵᠢᠷᠠᠨ︾
ᠨᠡᠶᠢᠲᠡᠯᠡᠭᠰᠡᠨ ᠴᠠᠭ᠄
2019/11/14
      ᠪᠠᠳᠠᠢ ᠶᠢᠨ ᠵᠢᠷᠠᠨ ᠡᠯᠡᠰᠦᠨ ᠳᠤ ᠬᠦᠮᠦᠨ ᠳᠤ ᠲᠤᠩ ᠬᠤᠪᠤᠷ ᠲᠠᠭᠠᠷᠠᠯᠳᠤᠳᠠᠭ ᠨᠢᠭᠤᠴᠠ ᠶᠢᠨ ᠤᠷᠤᠨ ᠪᠤᠯᠤᠬᠰᠠᠨ ︽ᠭᠤᠳᠤᠮᠵᠢ ᠶᠢᠨ ᠭᠤᠷᠪᠠᠨ ᠵᠢᠷᠠᠨ︾ ᠬᠡᠳᠡᠭ ᠭᠠᠵᠠᠷ ᠤᠨ ᠲᠤᠬᠠᠢ ᠵᠤᠭᠤᠬ ᠨᠤᠳᠤᠭ ᠤᠨ ᠠᠷᠠᠳ ᠤᠨ ᠲᠤᠮᠳᠠ ᠡᠷᠳᠡ ᠠᠴᠠ ᠡᠳᠤᠭᠡ ᠪᠤᠯᠳᠠᠯ᠎ᠠ ᠤᠯᠠᠮᠵᠢᠯᠠᠬᠳᠠᠨ ᠶᠠᠷᠢᠬᠳᠠᠬᠰᠠᠭᠠᠷ ᠢᠷᠡᠪᠡ᠃ ᠨᠤᠳᠤᠭ ᠤᠨ ᠪᠤᠭᠤᠷᠤᠯᠴᠤᠤᠯ ᠤᠨ ᠬᠡᠯᠡᠬᠦ ᠪᠠᠷ ᠪᠤᠯ ᠡᠨᠡ ᠭᠠᠵᠠᠷ ᠨᠢ ᠨᠢᠬᠡᠨ ᠠᠭᠤᠳᠠᠮ ᠲᠤᠮᠤ ᠬᠤᠳᠤᠭᠤᠷ ᠭᠠᠵᠠᠷ ᠪᠠᠶᠢᠵᠤ᠂ ᠡᠷᠬᠢᠨ ᠲᠤᠭᠤᠷᠢᠨ ᠳᠠᠭᠠᠨ ᠲᠡᠭᠰᠢ ᠰᠢᠯᠤᠭᠤᠬᠠᠨ᠂ ᠭᠤᠤᠯ ᠲᠤᠮᠳᠠ ᠪᠠᠨ ᠨᠢᠬᠡ ᠦᠨᠳᠦᠷ ᠴᠠᠭᠠᠨ ᠴᠤᠬᠢᠶ᠎ᠠ ᠲᠠᠢ᠂ ᠡᠨᠡ ᠴᠤᠬᠢᠶ᠎ᠠ ᠨᠢ ᠬᠤᠳᠤᠭᠤᠷ ᠭᠠᠵᠠᠷ ᠠᠴᠠ ᠪᠠᠨ ᠴᠤᠬᠤᠢᠢᠵᠤ ᠪᠠᠶᠢᠬᠤ ᠪᠦᠬᠡᠳ ᠴᠤᠬᠢᠶ᠎ᠠ ᠶᠢᠨ ᠢᠶᠠᠨ ᠭᠤᠷᠪᠠᠨ  ᠲᠠᠯ᠎ᠠ ᠪᠠᠷ ᠪᠦᠷ ᠨᠠᠭᠤᠷ ᠲᠠᠢ᠂ ᠨᠠᠭᠤᠷ ᠤᠳ ᠤᠨ ᠬᠦᠪᠡᠭᠡ ᠲᠠᠭᠠᠤ ᠭᠠᠵᠠᠷ ᠢᠶᠠᠷ ᠨᠢ ᠰᠢᠷᠢᠬᠢ᠂ ᠬᠤᠯᠤᠰᠤ ᠵᠢᠴᠢ ᠵᠢᠭᠳᠡ ᠶᠢᠨ ᠮᠤᠳᠤ ᠪᠤᠯᠤᠨ ᠴᠢᠪᠠᠭ᠎ᠠ ᠶᠢᠨ ᠮᠠᠳᠤ ᠪᠠᠷ ᠭᠤᠤᠯᠯᠠᠬᠰᠠᠨ ᠶᠠᠩᠵᠤ ᠪᠦᠷᠢ ᠶᠢᠨ ᠵᠢᠮᠢᠰ ᠤᠨ ᠮᠤᠳᠤ᠂ ᠡᠪᠡᠰᠦ ᠤᠷᠭᠤᠮᠠᠯ ᠰᠠᠬᠤᠯᠢᠭ ᠤᠷᠭᠤᠵᠤ᠂ ᠲᠤᠳᠤᠷ᠎ᠠ ᠨᠢ ᠨᠤᠤᠰᠤ ᠨᠢ ᠲᠠᠭᠠᠬᠢᠷᠠᠵᠤ ᠴᠢᠷᠦᠭᠳᠡᠭᠰᠡᠨ ᠲᠡᠮᠡᠭᠡ᠂ ᠢᠮᠠᠭ᠎ᠠ᠂ ᠬᠤᠨᠢ᠂ ᠠᠳᠤᠭᠤ᠂ ᠦᠬᠡᠷ ᠵᠡᠷᠭᠡ ᠶᠢᠨ ᠲᠠᠪᠤᠨ ᠬᠤᠰᠢᠭᠤ ᠮᠠᠯ ᠲᠠᠢ ᠪᠦᠬᠡᠳ ᠠᠷᠭᠠᠯᠢ᠂ ᠬᠤᠯᠠᠨ᠂ ᠬᠠᠪᠳᠠᠭᠠᠢ ᠵᠡᠷᠭᠡ ᠶᠢᠨ ᠬᠦᠷᠦᠬᠡᠰᠦ ᠴᠤ ᠠᠷᠪᠢᠨ ᠪᠠᠶᠢᠳᠠᠭ ᠬᠡᠨ᠎ᠠ᠃       ᠭᠤᠳᠤᠮᠵᠢ ᠬᠡᠳᠡᠭ ᠨᠢ ᠲᠤᠰ ᠭᠠᠵᠠᠷ ᠢ ᠬᠦᠮᠦᠨ ᠪᠤᠯᠭᠠᠨ ᠡᠷᠢᠵᠤ ᠤᠯᠬᠤ ᠳᠤ ᠲᠤᠩ ᠪᠡᠷᠬᠡ᠂ ᠡᠷᠢᠵᠤ ᠬᠠᠶᠢᠬᠰᠠᠨ ᠬᠦᠮᠦᠰ ᠤᠨ ᠰᠡᠳᠬᠢᠯ ᠮᠤᠬᠤᠵᠤ ᠭᠤᠳᠤᠷᠠᠵᠤ ᠴᠦᠬᠦᠷᠡᠬᠦ ᠬᠡᠮᠵᠢᠶᠠᠨ ᠳᠤ ᠬᠦᠷᠳᠡᠭ ᠠᠴᠠ ᠭᠤᠳᠤᠮᠵᠢ ᠬᠡᠵᠤ ᠨᠠᠷᠠᠯᠠᠵᠤ᠂ ᠭᠤᠷᠪᠠᠨ ᠵᠢᠷᠠᠨ ᠬᠡᠳᠡᠭ ᠨᠢ ᠲᠤᠰ ᠭᠠᠵᠠᠷ ᠲᠤ ᠭᠤᠷᠪᠠᠨ ᠨᠠᠭᠤᠷ ᠲᠠᠢ ᠲᠤᠯᠠ ᠭᠤᠷᠪᠠᠨ ᠵᠢᠷᠠᠨ ᠬᠡᠵᠤ ᠨᠠᠷᠠᠯᠡᠭᠰᠡᠨ ᠶᠤᠮ ᠬᠡᠳᠡᠭ᠃ ᠡᠨᠡ ᠬᠦ ᠨᠢᠭᠤᠴᠠ ᠶᠢᠨ ᠤᠷᠤᠨ ᠳᠤ ᠬᠦᠮᠦᠨ ᠤᠴᠢᠵᠤ ᠪᠠᠶᠢᠬᠰᠠᠨ ᠪᠤᠳᠠᠳᠤ ᠶᠠᠷᠢᠶ᠎ᠠ ᠬᠡᠯᠡᠯᠬᠡ ᠠᠷᠪᠢᠨ ᠪᠠᠶᠢᠳᠠᠭ᠃ ᠬᠠᠭᠤᠴᠢᠨ ᠳᠤ ᠪᠠᠳᠠᠢ ᠶᠢᠨ ᠵᠢᠷᠠᠨ ᠤ ᠪᠠᠷᠠᠭᠤᠨ ᠢᠬᠡᠷ᠎ᠠ ᠬᠡᠳᠡᠭ ᠭᠠᠵᠠᠷ ᠲᠤ ᠬᠡᠳᠦᠨ ᠲᠡᠮᠡᠭᠡ ᠲᠠᠢ᠂ ᠭᠠᠭᠴᠠ ᠪᠠᠶ᠎ᠠ ᠡᠪᠦᠬᠡᠨ ᠰᠠᠭᠤᠵᠤ ᠪᠠᠶᠢᠵᠠᠢ᠃ ᠡᠨᠡ ᠡᠪᠦᠬᠡᠨ ᠤ ᠬᠡᠳᠦᠨ ᠲᠡᠮᠡᠭᠡ ᠨᠢ ᠨᠢᠬᠡ ᠵᠢᠯ ᠤᠨ ᠨᠠᠮᠤᠷ ᠠᠴᠠ ᠡᠬᠢᠯᠡᠨ᠂ ᠨᠠᠮᠤᠷ ᠪᠤᠯᠭᠠᠨ ᠪᠠᠶᠢᠷᠢᠨ ᠳᠠᠭᠠᠨ ᠬᠠᠷᠢᠵᠤ ᠢᠷᠡᠬᠦ ᠳᠡᠭᠡᠨ ᠪᠠᠶ᠎ᠠ ᠳᠡᠭᠡᠨ ᠵᠢᠭᠳᠡ ᠪᠤᠶᠤ ᠵᠢᠭᠳᠡ ᠶᠢᠨ ᠨᠤᠭᠤᠭᠠᠨ ᠨᠠᠪᠴᠢ ᠨᠠᠭᠠᠯᠳᠤᠭᠤᠯᠤᠨ ᠭᠠᠷᠴᠤ ᠢᠷᠡᠬᠦ ᠶᠢ ᠰᠤᠨᠢᠷᠬᠠᠨ ᠠᠩᠬᠠᠷᠤᠬᠰᠠᠭᠠᠷ ᠢᠷᠡᠵᠡᠢ᠃ ᠲᠠᠷᠠ ᠦᠶ᠎ᠠ ᠳᠤ ᠵᠢᠭᠳᠡ ᠶᠢᠨ ᠮᠤᠳᠤ ᠲᠠᠢ ᠭᠠᠵᠠᠷ ᠪᠠᠶᠢᠬᠤ ᠶᠢ ᠤᠯᠵᠤ ᠦᠵᠡᠭᠰᠡᠨ ᠦᠬᠡᠢ᠃ ᠬᠠᠷᠢᠨ ᠬᠦᠮᠦᠰ ᠲᠤ ᠪᠠᠷᠤᠬᠳᠠᠢ ᠳᠤ  ᠤᠯᠳᠠᠬᠳᠠᠳᠠᠭ ᠦᠬᠡᠢ ᠭᠤᠳᠤᠮᠵᠢ ᠶᠢᠨ ᠭᠤᠷᠪᠠᠨ ᠵᠢᠷᠠᠨ ᠬᠡᠳᠡᠭ ᠭᠠᠵᠠᠷ ᠲᠤ ᠵᠢᠭᠳᠡ ᠶᠢᠨ ᠮᠤᠳᠤ ᠲᠠᠢ ᠪᠠᠶᠢᠳᠠᠭ ᠢ ᠰᠤᠨᠤᠰᠴᠤ ᠪᠠᠶᠢᠵᠠᠢ᠃ ᠲᠠᠷᠠ ᠪᠠᠷ ᠨᠢᠬᠡᠨ ᠨᠠᠮᠤᠷ ᠪᠠᠶ᠎ᠠ ᠳᠡᠭᠡᠨ ᠵᠢᠭᠳᠡ ᠨᠠᠭᠠᠯᠳᠤᠭᠤᠯᠤᠨ ᠢᠷᠡᠭᠰᠡᠨ ᠲᠡᠮᠡᠬᠡᠨ ᠤ ᠪᠠᠨ ᠮᠦᠷ ᠢ ᠠᠯᠳᠠᠯ ᠦᠬᠡᠢ ᠬᠡᠳᠦᠨ ᠡᠳᠦᠷ ᠲᠠᠭᠠᠨ ᠶᠠᠪᠤᠨ ᠶᠠᠪᠤᠬᠰᠠᠭᠠᠷ ᠪᠠᠶᠢᠵᠤ᠂ ᠡᠨᠡ ᠵᠢᠷᠠᠨ ᠢ ᠤᠯᠵᠤ ᠠᠪᠴᠠᠢ︔ ᠡᠷᠳᠡ ᠦᠶ᠎ᠠ ᠳᠤ ᠪᠠᠳᠠᠢ ᠶᠢᠨ ᠵᠢᠷᠠᠨ ᠤ ᠬᠤᠶᠢᠳᠤ ᠬᠡᠰᠡᠭ ᠲᠤ ᠨᠤᠳᠤᠬᠰᠢᠬᠰᠠᠨ ᠲᠦᠮᠠᠨ ᠠᠩᠭ᠎ᠠ ᠬᠡᠳᠡᠭ ᠮᠢᠩᠭᠠᠨ ᠲᠡᠮᠡᠭᠡ ᠲᠠᠢ ᠪᠠᠶᠠᠨ ᠬᠦᠮᠦᠨ ᠵᠢᠭᠳᠡ ᠶᠢᠨ ᠨᠠᠪᠴᠢ ᠨᠠᠭᠠᠯᠳᠤᠭᠤᠯᠤᠨ ᠢᠷᠡᠭᠰᠡᠨ ᠲᠡᠮᠡᠬᠡᠳ ᠤᠨ ᠢᠶᠠᠨ ᠬᠤᠶᠢᠨ᠎ᠠ ᠠᠴᠠ ᠮᠦᠷ ᠮᠦᠰᠬᠢᠨ ᠶᠠᠪᠤᠵᠤ ᠭᠤᠳᠤᠮᠵᠢ ᠶᠢᠨ ᠭᠤᠷᠪᠠᠨ ᠵᠢᠷᠠᠨ ᠳᠤ ᠤᠷᠤᠬᠰᠠᠨ ᠬᠡᠳᠡᠭ︔ ᠮᠦᠨ ᠴᠤ ᠬᠠᠭᠤᠴᠢᠨ ᠳᠤ ᠤᠳᠤ ᠶᠢᠨ ᠡᠵᠡᠨ᠎ᠠ ᠬᠤᠰᠢᠭᠤᠨ ᠤ ᠭᠤᠷᠤᠨᠠᠢ ᠭᠤᠤᠯ ᠳᠤ ᠮᠠ ᠤᠪᠤᠭ ᠲᠠᠢ ᠬᠢᠳᠡᠳ ᠪᠠᠶᠠᠨ ᠬᠤᠳᠠᠯᠳᠤᠭᠠᠴᠢᠨ ᠪᠠᠶᠢᠵᠠᠢ᠃ ᠲᠠᠷᠠ ᠲᠤᠬᠠᠢ ᠶᠢᠨ ᠦᠶ᠎ᠠ ᠳᠤ ᠤᠳᠤ ᠶᠢᠨ ᠠᠯᠠᠱᠠ ᠪᠠᠷᠠᠭᠤᠨ ᠬᠤᠰᠢᠭᠤᠨ ᠤ ᠲᠠᠩᠰᠤᠭ᠂ ᠰᠢᠭᠤᠢ ᠵᠢᠴᠢ ᠡᠵᠡᠨ᠎ᠠ ᠶᠢᠨ ᠭᠤᠷᠤᠨᠠᠢ᠂ ᠦᠡᠭᠳᠦᠭᠤᠤᠯ ᠵᠡᠷᠭᠡ ᠨᠠᠷᠠᠳᠤ ᠴᠠᠭᠠᠨ ᠭᠤᠶᠤᠤ ᠭᠠᠷᠳᠠᠭ ᠭᠠᠵᠠᠷ ᠢᠶᠠᠷ ᠶᠠᠪᠤᠵᠤ᠂ ᠴᠠᠭᠠᠨ ᠭᠤᠶᠤᠤ ᠬᠤᠷᠢᠶᠠᠨ ᠠᠷᠠᠯᠵᠢᠶᠠᠯᠠᠵᠤ᠂ ᠤᠯᠤᠬᠰᠠᠨ ᠵᠤᠭᠤᠰ ᠢᠶᠠᠷ ᠢᠶᠠᠨ ᠲᠡᠮᠡᠭᠡ ᠬᠤᠳᠠᠯᠳᠤᠨ ᠠᠪᠴᠤ ᠦᠰᠭᠡᠳᠡᠭ ᠪᠠᠶᠢᠵᠠᠢ᠃ ᠦᠰᠭᠡᠭᠰᠡᠨ ᠲᠡᠮᠡᠭᠡ ᠨᠢ 3000 ᠳᠤ ᠬᠦᠷᠴᠤ ᠪᠠᠶᠠᠵᠢᠬᠰᠠᠨ ᠪᠠᠶᠢᠨ᠎ᠠ᠃ ᠡᠬᠦᠨ ᠠᠴᠠ ᠪᠤᠯᠵᠤ ᠲᠡᠬᠦᠨ ᠢ ᠨᠤᠳᠤᠭ ᠤᠨ ᠬᠦᠮᠦᠰ ᠼᠦᠡᠭ ᠷᠦᠡᠭ ᠮᠠ ᠵᠢᠶᠠ ᠬᠡᠵᠤ ᠲᠠᠭᠤᠳᠠᠳᠠᠭ ᠪᠤᠯᠤᠬᠰᠠᠨ ᠶᠤᠮ ᠬᠡᠳᠡᠭ᠃ ᠡᠨᠡ ᠼᠦᠡᠭ ᠷᠦᠡᠭ ᠮᠠ ᠵᠢᠶᠠ ᠤᠤᠯ ᠳᠠᠭᠠᠨ ᠰᠢᠭᠤᠢ᠂ ᠲᠠᠩᠰᠤᠭ᠂ ᠭᠤᠷᠤᠨᠠᠢ᠂ ᠦᠡᠭᠳᠦᠭᠤᠤᠯ ᠵᠡᠷᠭᠡ  ᠭᠠᠵᠠᠷ ᠢᠶᠠᠷ ᠴᠠᠭᠠᠨ ᠭᠤᠶᠤᠤ ᠠᠷᠠᠯᠵᠢᠶᠠᠯᠠᠵᠤ ᠶᠠᠪᠤᠬᠤ ᠲᠤᠮᠳᠠ ᠪᠠᠨ ᠭᠤᠳᠤᠮᠵᠢ ᠶᠢᠨ ᠭᠤᠷᠪᠠᠨ ᠵᠢᠷᠠᠨ ᠳᠤ ᠬᠡᠳᠦ ᠤᠳᠠᠭ᠎ᠠ ᠤᠷᠤᠵᠤ ᠭᠠᠷᠤᠬᠰᠠᠨ ᠬᠦᠮᠦᠨ ᠶᠤᠮ ᠬᠡᠳᠡᠭ᠃ ᠬᠦᠮᠦᠰ ᠡᠨᠡ ᠬᠦ ᠭᠤᠳᠤᠮᠵᠢ ᠶᠢᠨ ᠭᠤᠷᠪᠠᠨ ᠵᠢᠷᠠᠨ ᠳᠤ ᠤᠷᠤᠵᠤ ᠦᠵᠡᠭᠰᠡᠨ ᠲᠤᠬᠠᠢ ᠲᠡᠬᠡᠷᠡᠬᠢ ᠮᠠᠳᠤ ᠶᠢᠨ ᠪᠤᠳᠠᠳᠤ ᠬᠦᠮᠦᠨ᠂ ᠪᠤᠳᠠᠳᠤ ᠶᠠᠪᠤᠳᠠᠯ ᠤᠨ ᠵᠢᠱᠢᠶ᠎ᠠ ᠨᠦᠭᠦᠳ ᠨᠤᠳᠤᠭ ᠤᠨ ᠠᠷᠠᠳ ᠤᠨ ᠲᠤᠮᠳᠠ ᠤᠯᠠᠮᠵᠢᠯᠠᠬᠳᠠᠵᠤ᠂ ᠲᠤᠰ ᠭᠤᠳᠤᠮᠵᠢ ᠶᠢᠨ ᠭᠤᠷᠪᠠᠨ ᠵᠢᠷᠠᠨ ᠢ ᠤᠯᠠᠨ ᠢᠶᠠᠷ ᠢᠶᠠᠨ ᠬᠦᠳᠡᠯᠦᠯᠴᠡᠵᠤ ᠡᠷᠢᠵᠤ ᠤᠯᠬᠤ ᠠᠵᠢᠯᠯᠠᠭ᠎ᠠ ᠨᠢᠬᠡ ᠦᠶ᠎ᠠ ᠬᠦᠭᠵᠢᠶᠠᠨ ᠲᠠᠢ ᠶᠠᠪᠤᠬᠳᠠᠬᠰᠠᠨ ᠪᠠᠶᠢᠨ᠎ᠠ᠃       1953 ᠤᠨ ᠳᠤ ᠤᠤᠯ ᠤᠨ ᠠᠯᠠᠱᠠ ᠶᠢᠨ ᠡᠷᠪᠡᠬᠡᠢ ᠶᠢᠨ ᠪᠠᠭ ᠤᠨ ᠲᠠᠷᠤᠭ᠎ᠠ ᠴᠤᠶ᠋ᠢᠩ ᠬᠡᠳᠡᠭ ᠬᠦᠮᠦᠨ ᠨᠤᠳᠤᠭ ᠤᠨ ᠨᠢᠬᠡ ᠬᠡᠰᠡᠭ ᠬᠦᠮᠦᠰ ᠢ ᠵᠤᠬᠢᠶᠠᠨ ᠪᠠᠶᠢᠭᠤᠯᠵᠤ᠂ ᠲᠤᠰ ᠭᠤᠳᠤᠮᠵᠢ ᠶᠢᠨ ᠵᠢᠷᠠᠨ ᠢ ᠰᠠᠷ᠎ᠠ ᠰᠢᠬᠠᠮ ᠡᠷᠢᠵᠤ ᠬᠠᠶᠢᠭᠠᠳ ᠤᠯᠵᠤ ᠴᠢᠳᠠᠬᠰᠠᠨ ᠦᠬᠡᠢ᠃ 1954 ᠤᠨ ᠠᠴᠠ 1959 ᠤᠨ ᠬᠦᠷᠳᠡᠯ᠎ᠠ ᠦᠪᠦᠷ ᠮᠤᠩᠭᠤᠯ ᠂ ᠭᠠᠨᠰᠤ ᠶᠢᠨ ᠭᠠᠵᠠᠷ ᠰᠢᠨᠵᠢᠯᠡᠭᠡ ᠶᠢᠨ ᠠᠩᠬᠢ ᠶᠢᠨ ᠬᠢᠨ ᠭᠤᠷᠪᠠ ᠤᠳᠠᠭ᠎ᠠ ᠨᠢᠰᠬᠡᠯ ᠢᠶᠠᠷ ᠡᠷᠢᠵᠤ᠂ 1959 ᠤᠨ ᠤ 12 ᠰᠠᠷ᠎ᠠ ᠶᠢᠨ 10 ᠤ ᠡᠳᠦᠷ ᠲᠤᠰ ᠭᠤᠳᠤᠮᠵᠢ ᠶᠢᠨ ᠭᠤᠷᠪᠠᠨ ᠵᠢᠷᠠᠨ ᠢ ᠨᠢᠰᠬᠡᠯ ᠲᠡᠬᠡᠷ᠎ᠠ ᠠᠴᠠ ᠤᠯᠵᠤ ᠦᠵᠡᠬᠡᠳ᠂ ᠨᠢᠰᠬᠡᠯ ᠲᠡᠬᠡᠷ᠎ᠠ ᠠᠴᠠ 90 ᠲᠤᠭ ᠢ ᠲᠤᠰ ᠵᠢᠷᠠᠨ ᠤ ᠤᠷᠴᠢᠮ 4 — 5 ᠺᠢᠯᠤᠮᠧᠲᠷ ᠭᠠᠵᠠᠷ ᠬᠠᠶᠠᠬᠰᠠᠨ ᠤ ᠲᠠᠷᠠᠭ᠎ᠠ ᠨᠤᠳᠤᠭ ᠤᠨ ᠬᠦᠮᠦᠰ ᠢᠶᠠᠷ ᠵᠠᠮᠴᠢᠯᠠᠭᠤᠯᠵᠤ᠂ 20 ᠲᠡᠮᠡᠭᠡ ᠪᠠᠷ ᠬᠤᠶᠠᠷ ᠵᠠᠮ ᠬᠤᠪᠢᠶᠠᠨ ᠬᠤᠷᠢᠭᠠᠳ ᠡᠳᠦᠷ ᠡᠷᠢᠭᠰᠡᠨ ᠪᠤᠯᠪᠠᠴᠤ᠂ ᠨᠢᠰᠬᠡᠯ ᠠᠴᠠ ᠬᠠᠶᠠᠬᠰᠠᠨ ᠭᠤᠤᠯ ᠲᠤᠭ ᠢᠶᠠᠨ ᠴᠤ ᠤᠯᠵᠤ ᠴᠢᠳᠠᠬᠰᠠᠨ ᠦᠬᠡᠢ ᠬᠤᠭᠤᠰᠤᠨ ᠪᠤᠴᠠᠵᠤ ᠢᠷᠡᠭᠰᠡᠨ ᠪᠠᠶᠢᠨ᠎ᠠ᠃ ᠡᠨᠡ ᠬᠦ ᠪᠠᠶᠢᠭᠠᠯᠢ ᠶᠢᠨ ᠦᠡᠭᠬᠡ ᠦᠵᠡᠮᠵᠢ ᠪᠦᠷᠢᠳᠦᠭᠰᠡᠨ ᠰᠡᠬᠢᠭᠤᠯᠰᠤᠨ ᠤ ᠨᠢᠭᠤᠴᠠ ᠶᠢᠨ ᠤᠷᠤᠨ ᠰᠢᠭ᠋ ᠭᠠᠵᠠᠷ ᠢ 1953 ᠤᠨ ᠠᠴᠠ 1966 ᠤᠨ ᠬᠦᠷᠳᠡᠯ᠎ᠠ ᠬᠦᠮᠦᠰ ᠡᠷᠢᠵᠤ ᠬᠠᠶᠢᠭᠠᠳ ᠪᠤᠳᠠᠳᠤ ᠭᠠᠵᠠᠷ ᠢ ᠨᠢ ᠤᠯᠵᠤ ᠴᠢᠳᠠᠬᠰᠠᠨ ᠦᠬᠡᠢ ᠳᠡᠭᠡᠨ ᠶᠤᠰᠤᠳᠠᠢ ᠯᠡ ᠴᠦᠬᠦᠷᠡᠵᠤ ᠭᠤᠳᠤᠷᠠᠬᠤ ᠬᠡᠮᠵᠢᠶᠠᠨ ᠳᠤ ᠬᠦᠷᠦᠭᠰᠡᠨ ᠪᠠᠶᠢᠨ᠎ᠠ᠃ ᠬᠡᠳᠦ᠋ᠢᠪᠡᠷ ᠭᠠᠵᠠᠷ ᠢᠶᠠᠷ ᠡᠷᠢᠪᠡᠯ ᠶᠠᠭᠤ ᠴᠤ ᠤᠯᠳᠠᠬᠤ ᠶᠠᠭᠤᠮ᠎ᠠ ᠦᠬᠡᠢ ᠪᠤᠯᠪᠠᠴᠤ ᠠᠭᠠᠷ ᠲᠡᠬᠡᠬᠦᠷ ᠨᠢᠰᠬᠡᠯ ᠢᠶᠠᠷ ᠲᠤᠰ ᠭᠠᠵᠠᠷ ᠢ ᠬᠡᠳᠦ ᠤᠳᠠᠭ᠎ᠠ ᠤᠯᠤᠨ ᠦᠵᠡᠵᠤ᠂ ᠥᠵᠡᠭᠰᠡᠨ ᠭᠠᠵᠠᠷ ᠤᠨ ᠪᠠᠶᠢᠳᠠᠯ ᠨᠢ ᠲᠡᠬᠡᠷᠡᠬᠢ ᠮᠠᠳᠤ ᠶᠢᠨ ᠠᠷᠠᠳ ᠤᠨ ᠶᠠᠷᠢᠶ᠎ᠠ ᠲᠠᠢ ᠪᠠᠷᠤᠭ ᠠᠳᠠᠯᠢᠬᠠᠨ ᠬᠠᠷᠠᠬᠳᠠᠵᠤ ᠪᠠᠶᠢᠳᠠᠭ ᠬᠡᠵᠤ ᠡᠷᠢᠵᠤ ᠶᠠᠪᠤᠬᠰᠠᠨ ᠬᠦᠮᠦᠰ ᠨᠢ ᠬᠡᠯᠡᠵᠤ ᠪᠠᠶᠢᠬᠰᠠᠨ ᠬᠡᠳᠡᠭ᠃ ᠲᠤᠰ ᠭᠤᠳᠤᠮᠵᠢ ᠶᠢᠨ ᠭᠤᠷᠪᠠᠨ ᠵᠢᠷᠠᠨ ᠤ ᠪᠤᠳᠠᠳᠠᠢ ᠪᠠᠶᠢᠭ᠎ᠠ ᠭᠠᠵᠠᠷ ᠤᠨ ᠪᠠᠶᠢᠷᠢᠰᠢᠯ ᠢ ᠨᠤᠳᠤᠭ ᠤᠨ  ᠠᠷᠠᠳ ᠤᠨ ᠬᠡᠯᠡᠬᠦ ᠪᠠᠷ ᠪᠤᠯ᠂ ᠤᠳᠤ ᠶᠢᠨ ᠡᠵᠡᠨ᠎ᠠ ᠬᠤᠰᠢᠭᠤᠨ ᠤ ᠭᠤᠷᠤᠨᠠᠢ᠂ ᠦᠡᠭᠳᠦᠭᠤᠤᠯ ᠪᠤᠯᠤᠨ ᠠᠯᠠᠱᠠ ᠪᠠᠷᠠᠭᠤᠨ ᠬᠤᠰᠢᠭᠤᠨ ᠤ ᠰᠢᠭᠤᠢ᠂ ᠲᠠᠩᠰᠤᠭ ᠵᠡᠷᠭᠡ ᠭᠠᠵᠠᠷ ᠤᠷᠤᠨ ᠤ ᠬᠢᠯᠢ ᠵᠠᠭᠠᠭ ᠤᠨ ᠠᠭᠤᠯᠵᠠᠷ ᠪᠤᠯᠤᠬᠰᠠᠨ ᠪᠠᠳᠠᠢ ᠶᠢᠨ ᠵᠢᠷᠠᠨ ᠤ ᠲᠤᠮᠳᠠ ᠬᠤᠶᠢᠳᠤ ᠬᠡᠰᠡᠭ᠂ ᠲᠠᠷᠤᠢ ᠭᠤᠷᠤᠨᠠᠢ ᠶᠢᠨ ᠡᠤ ᠲᠤᠬᠤᠢ ᠶᠢᠨ ᠰᠦᠮ᠎ᠠ ᠶᠢᠨ ᠡᠮᠦᠨᠡᠬᠢ ᠬᠤᠶᠠᠷ ᠨᠠᠮᠤᠭ ᠠᠴᠠ ᠠᠰ ᠵᠡᠬᠦᠨ ᠵᠦᠭ ᠲᠤ 180 — 200 ᠺᠢᠯᠤᠮᠧᠲᠷ ᠭᠠᠵᠠᠷ᠂ ᠭᠤᠶᠢᠽᠠ ᠪᠤᠯᠤᠨ ᠦᠡᠭᠳᠦᠭᠤᠤᠯ ᠤᠨ ᠲᠤᠮᠳᠠ ᠬᠡᠰᠡᠭ ᠲᠤ ᠪᠠᠶᠢᠭ᠎ᠠ ᠪᠠᠭ᠎ᠠ ᠵᠠᠭ ᠤᠨ ᠤᠪᠤᠭ᠎ᠠ ᠠᠴᠠ ᠠᠰ ᠡᠮᠦᠨ᠎ᠠ ᠵᠦᠭ ᠲᠤ 100 — 120 ᠺᠢᠯᠤᠮᠧᠲᠷ ᠭᠠᠵᠠᠷ ᠲᠤ ᠪᠠᠶᠢᠷᠢᠰᠢᠵᠤ ᠪᠤᠢ ᠪᠤᠶᠤ ᠰᠢᠭᠤᠢ ᠶᠢᠨ ᠴᠠᠭᠠᠨ ᠴᠢᠯᠠᠭᠤᠳᠤ ᠠᠴᠠ ᠵᠡᠬᠦᠨ ᠬᠤᠶᠢᠰᠢ᠂ ᠲᠠᠩᠰᠤᠭ ᠤᠨ ᠪᠤᠷᠤᠯᠵᠢ ᠶᠢᠨ ᠨᠢᠷᠤᠭᠤᠨ ᠠᠴᠠ ᠪᠠᠷᠠᠭᠤᠨ ᠬᠤᠶᠢᠰᠢ ᠪᠠᠶᠢᠭ᠎ᠠ ᠭᠠᠵᠠᠷ ᠲᠤ ᠪᠠᠶᠢᠷᠢᠰᠢᠵᠤ ᠪᠠᠶᠢᠳᠠᠭ ᠬᠡᠵᠤ ᠬᠡᠯᠡᠳᠡᠭ᠃ ᠶᠠᠭᠤ ᠪᠤᠯᠤᠬᠰᠠᠨ ᠴᠤ ᠡᠨᠡ ᠬᠦ ᠨᠢᠭᠤᠴᠠ ᠰᠠᠬᠢᠭᠤᠯᠰᠤᠨ ᠤ ᠤᠷᠤᠨ ᠰᠢᠭ᠋ ᠭᠠᠵᠠᠷ ᠢ ᠠᠯᠢ ᠡᠷᠳᠡ ᠠᠴᠠ ᠬᠦᠮᠤᠰ ᠤᠨ ᠲᠤᠮᠳᠠ ᠶᠠᠷᠢᠶ᠎ᠠ ᠬᠡᠯᠡᠯᠴᠡᠭᠡ᠂ ᠡᠷᠢᠯ ᠬᠦᠰᠡᠯ ᠨᠢ ᠪᠤᠯᠵᠤ ᠡᠳᠦᠬᠡ ᠪᠤᠯᠳᠠᠯ᠎ᠠ ᠲᠡᠬᠦᠨ ᠤ ᠨᠢᠭᠤᠴᠠ ᠤᠨᠢᠰᠤᠭ᠎ᠠ ᠶᠢ ᠲᠠᠶᠢᠯᠵᠤ ᠲᠠᠶᠢᠯᠦᠬᠡᠳᠦᠢ᠃  ᠰ᠊ · ᠰᠤᠶᠤᠯᠳᠤ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号