ᠡᠷᠪᠡᠭᠡᠢ ᠶᠢᠨ ᠠᠭᠤᠯᠨ ᠶᠢᠨ ᠳᠤᠮᠤᠭ
ᠨᠡᠶᠢᠲᠡᠯᠡᠭᠰᠡᠨ ᠴᠠᠭ᠄
2019/11/14
ᠡᠷᠳᠡ ᠤᠷᠢᠳᠤ ᠶᠢᠨ ᠴᠠᠭ ᠲᠤ᠂ ᠭᠡᠰᠠᠷ ᠪᠤᠭᠳᠠ ᠭᠡᠰᠦ᠋ᠨᠳᠤᠮᠪᠤ ᠶᠢᠨ ᠦᠯᠭᠡᠨ ᠳᠠᠬᠢ ᠰᠠᠷᠪᠠᠨᠭ᠌ ᠤᠨ ᠱᠤᠷᠤᠩ ᠬᠠᠷ᠎ᠠ ᠪᠤᠯᠤᠨ ᠠᠯᠳᠠᠨ ᠭᠠᠳᠠᠰᠤ ᠠᠴᠠ ᠵᠠᠯ᠎ᠠ ᠲᠠᠳᠠᠵᠤ᠂ ᠭᠡᠭᠦᠤ᠂ ᠦᠨᠢᠶ᠎ᠠ ᠪᠠᠨ ᠤᠶᠠᠵᠤ ᠪᠠᠶᠢᠵᠤ ᠭᠡᠨ᠎ᠠ᠂ ᠲᠠᠭᠡᠭᠡᠳ ᠡᠨᠡ ᠭᠠᠰᠢᠭᠤᠨ ᠭᠡᠳᠡᠭ ᠶᠠᠭ ᠡᠨᠡ ᠬᠤᠶᠠᠷ ᠠᠭᠤᠯᠠ ᠶᠢᠨ ᠳᠤᠮᠳᠠ ᠨᠢ ᠪᠠᠶᠢᠳᠠᠭ ᠶᠤᠮ ᠪᠠᠶᠢᠨ᠎ᠠ᠂ ᠢᠡᠭᠭᠢᠭᠡᠳ ᠤᠶᠠᠭᠠᠳᠠᠢ ᠠᠳᠤᠭᠤᠳ ᠨᠢ ᠪᠠᠭᠠᠵᠤ ᠰᠢᠭᠡᠵᠤ ᠪᠠᠶᠢᠭᠠᠳ ᠱᠠᠯᠪᠠᠭ ᠭᠠᠷᠤᠭᠰᠠᠨ ᠠᠴᠠ ᠬᠤᠵᠢᠷᠳᠠᠢ ᠭᠠᠰᠢᠭᠤᠨ ᠵᠠᠳᠠᠭᠠᠢ ᠪᠤᠯᠠᠭ ᠪᠤᠯᠤᠨ ᠦᠯᠡᠳᠡᠵᠤ ᠭᠡᠨ᠎ᠠ᠃ ᠡᠷᠪᠡᠭᠡᠢ ᠶᠢᠨ ᠠᠭᠤᠯᠠ ᠶᠢᠨ ᠡᠮᠤᠨ᠎ᠠ ᠦᠵᠤᠭᠦᠷ ᠠᠴᠠ ᠪᠠᠷᠠᠭᠤᠨ ᠵᠠᠬ᠎ᠠ ᠭᠦᠷᠳᠡᠯ᠎ᠠ᠂ ᠰᠠᠶᠢᠨ ᠤᠨᠤᠭ᠎ᠠ ᠪᠠᠷ ᠭᠤᠷᠪᠠᠨ ᠡᠳᠤᠷ ᠶᠠᠪᠤᠳᠠᠭ ᠪᠠᠶᠢᠵᠠᠢ᠃ ᠠᠭᠤᠯᠠ ᠶᠢᠨ ᠤᠷᠤᠢ ᠠᠴᠠ ᠠᠷᠤ ᠬᠤᠷᠮᠤᠢ ᠶᠢᠨ ᠪᠠᠯ ᠭᠦᠷᠳᠡᠯ᠎ᠠ ᠪᠠᠷᠠᠭᠤᠨ ᠵᠠᠬ᠎ᠠ ᠠᠴᠠ ᠡᠮᠤᠨ᠎ᠠ ᠦᠵᠤᠭᠦᠷ ᠭᠦᠷᠳᠡᠯ᠎ᠠ ᠮᠠᠰᠢ ᠠᠷᠪᠢᠨ ᠭᠦᠨᠳᠠᠯᠢᠳᠦᠭᠰᠡᠨ ᠭᠦᠳᠤᠯ ᠪᠠᠶᠢᠳᠠᠭ ᠃ ᠡᠷᠳᠡ ᠤᠷᠢᠳᠤ ᠶᠢᠨ ᠴᠠᠭ ᠲᠤ᠂ ᠭᠡᠰᠠᠷ ᠪᠤᠭᠳᠠ ᠠᠳᠡ ᠪᠠᠶᠢᠬᠤ ᠦᠶᠡᠰ ᠲᠤ᠂ ᠨᠢᠭᠡ ᠰᠦᠷᠡᠭᠡᠢ ᠠᠪᠤᠷᠭᠤ ᠮᠤᠭᠠᠢ ᠡᠨᠡ ᠠᠭᠤᠯᠠᠨ ᠳᠤ ᠱᠦᠭᠯᠡᠵᠤ᠂ ᠭᠦᠮᠦᠨ ᠠᠮᠢᠳᠠᠨ ᠮᠠᠯ ᠲᠠᠮᠡᠭᠡ ᠶᠢ ᠰᠤᠷᠤᠵᠤ ᠢᠳᠡᠭᠡᠳ ᠪᠤᠯᠬᠤ ᠪᠠᠨ ᠪᠠᠶᠢᠵᠠᠢ᠃ ᠨᠢᠭᠡ ᠡᠳᠤᠷ ᠭᠡᠰᠠᠷ ᠪᠤᠭᠳᠠ ᠠᠡᠭ ᠳᠤ ᠭᠠᠷᠤᠭᠠᠳ ᠶᠠᠪᠤᠵᠤ ᠪᠠᠶᠢᠳᠠᠯ᠎ᠠ ᠡᠨᠡ ᠭᠦ ᠠᠪᠤᠷᠭᠤ ᠮᠤᠭᠠᠢ ᠡᠨᠡ ᠠᠭᠤᠯᠠ ᠶᠢᠨ ᠳᠤᠮᠳᠠ ᠭᠡᠰᠡᠭ ᠢᠶᠠᠷ ᠭᠦᠨᠳᠡᠭᠡᠨᠡᠵᠤ᠂ ᠰᠠᠭᠦᠯ ᠨᠢ ᠡᠮᠤᠨ᠎ᠠ ᠦᠵᠤᠭᠦᠷ ᠲᠤ᠂ ᠳᠤᠯᠤᠭᠠᠢ ᠨᠢ ᠪᠠᠷᠠᠭᠤᠨ ᠵᠠᠬ᠎ᠠ ᠳᠤ ᠦᠷᠭᠦᠯᠵᠢᠯᠠᠨ ᠪᠠᠶᠢᠵᠠᠢ᠃ ᠲᠠᠭᠡᠭᠡᠳ ᠭᠡᠰᠠᠷ ᠪᠤᠭᠳᠠ᠂ ᠲᠠᠯᠠᠨ ᠲᠡᠭᠡ ᠶᠢᠨ ᠡᠪᠠᠷ ᠢ ᠵᠠᠯᠭᠠᠵᠤ ᠭᠢᠭᠰᠡᠨ᠂ ᠲᠠᠯᠠᠨ ᠠᠯᠳᠠ ᠲᠠᠯᠠᠭᠠᠷ ᠰᠢᠷ᠎ᠠ ᠨᠤᠮᠤ ᠪᠠᠨ ᠳᠤᠯᠤᠭᠠᠨ ᠡᠳᠤᠷ ᠡᠪᠰᠢᠶᠠᠯᠭᠡᠵᠤ᠂ ᠭᠤᠷᠪᠠᠨ ᠡᠳᠤᠷ ᠤᠨᠢᠯᠠᠵᠤ ᠪᠠᠶᠢᠭᠠᠳ ᠬᠠᠷᠪᠤᠵᠤ ᠭᠡᠨ᠎ᠠ᠃ ᠲᠠᠭᠡᠭᠰᠡᠨ ᠴᠢᠨᠢ᠂ ᠬᠠᠷᠪᠤᠭᠠᠳ ᠭᠠᠷᠭᠠᠭᠰᠠᠨ ᠲᠠᠷᠡ ᠭᠦ ᠶᠢᠰᠤᠨ ᠭᠠᠨᠭ᠌ ᠤᠨ ᠨᠠᠶᠢᠯᠠᠮᠠᠯ ᠭᠢᠴᠠ ᠲᠠᠢ᠂ ᠳᠤᠯᠤᠭᠠᠨ ᠳᠤᠯᠤᠭ᠎ᠠ ᠲᠦᠴᠢ ᠶᠢᠰᠤᠨ ᠡᠳᠤᠷ ᠤᠨ ᠲᠠᠪᠳᠠᠯᠳᠠ ᠲᠠᠢ ᠰᠤᠮᠤ ᠨᠢ ᠡᠷᠪᠡᠭᠡᠢ ᠶᠢᠨ ᠠᠭᠤᠯᠠ ᠶᠢ ᠭᠤᠷᠪᠠ ᠡᠷᠭᠢᠭᠡᠳ᠂ ᠭᠤᠷᠪᠠᠯᠵᠢᠨ ᠦᠵᠤᠭᠦᠷ ᠨᠢ ᠴᠢᠪ ᠭᠡᠮᠡᠨ ᠠᠪᠤᠷᠭᠤ ᠮᠤᠭᠠᠢ ᠶᠢᠨ ᠠᠮᠠ ᠪᠠᠷ ᠤᠷᠤᠵᠤ ᠰᠠᠭᠦᠯ ᠤᠨ ᠦᠵᠤᠭᠦᠷ ᠢᠶᠠᠷ ᠰᠢᠪᠳᠤᠯᠤᠨ ᠭᠠᠷᠴᠤ ᠭᠡᠨ᠎ᠠ᠃ ᠲᠠᠭᠡᠭᠡᠳ ᠡᠨᠡ ᠭᠦ ᠠᠪᠤᠷᠭᠤ ᠮᠤᠭᠠᠢ ᠡᠨᠡ ᠠᠭᠤᠯᠠ ᠶᠢᠨ ᠠᠷᠤ ᠦᠯᠭᠡ ᠶᠢ ᠭᠤᠷᠪᠠᠨ ᠡᠳᠤᠷ ᠭᠤᠷᠪᠠ ᠡᠷᠭᠢᠵᠤ ᠴᠤᠪᠤᠭᠰᠠᠭᠠᠷ ᠪᠠᠶᠢᠵᠤ ᠪᠤᠭᠳᠠ ᠶᠢᠨ ᠠᠭᠤᠯᠠᠨ ᠳᠤ ᠰᠠᠪᠠᠵᠤ ᠤᠨᠠᠭᠠᠳ᠂ ᠰᠠᠭᠦᠯ ᠨᠢ ᠭᠡᠰᠦ᠋ᠨᠳᠤᠮᠪᠤ ᠶᠢᠨ ᠤᠷᠤᠢ ᠳᠤ ᠰᠢᠪᠬᠤᠷᠤᠨ ᠳᠤᠰᠴᠤ ᠭᠡᠨ᠎ᠠ᠃ ᠡᠭᠦᠨ ᠠᠴᠠ ᠬᠤᠶᠢᠰᠢ᠂ ᠡᠷᠪᠡᠭᠡᠢ ᠶᠢᠨ ᠠᠭᠤᠯᠠ ᠶᠢᠨ ᠠᠷᠤ ᠳᠠᠬᠢ ᠠᠭᠤᠯᠠᠨ ᠳᠤᠮᠳᠠᠭᠤᠷ ᠨᠢ ᠠᠰ ᠰᠢᠯᠤᠭᠤᠨ ᠭᠦᠳᠤᠯ ᠭᠠᠷᠤᠭᠰᠠᠨ ᠨᠢ ᠡᠨᠡ ᠪᠠᠶᠢᠵᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号