ᠡᠷᠪᠡᠭᠡᠢ ᠶᠢᠨ ᠠᠭᠤᠯᠠ ᠪᠣᠯᠣᠨ ᠪᠣᠭᠳᠠ ᠣᠪᠣᠭ᠎ᠠ ᠶᠢᠨ ᠢᠷᠡᠯᠳᠡ
ᠨᠡᠶᠢᠲᠡᠯᠡᠭᠰᠡᠨ ᠴᠠᠭ᠄
2019/11/14
ᠡᠷᠳᠡ ᠣᠷᠢᠳᠣ ᠶᠢᠨ ᠴᠠᠭ ᠲᠤ᠂ ᠭᠡᠰᠡᠷ ᠪᠣᠭᠳᠠ ᠭᠡᠰᠦ᠋ᠨᠳᠦᠮᠪᠤ ᠶᠢᠨ ᠦᠯᠭᠡᠨ ᠳᠠᠬᠢ ᠰᠡᠷᠪᠡᠩ ᠤᠨ ᠱᠣᠷᠤᠩ ᠬᠠᠷ᠎ᠠ ᠪᠤᠯᠤᠨ ᠠᠯᠳᠠᠨ ᠭᠠᠳᠠᠰᠣ ᠠᠴᠠ ᠵᠡᠯ᠎ᠡ ᠳᠠᠳᠠᠵᠣ᠂ ᠭᠡᠬᠦᠣ᠂ ᠦᠨᠢᠶ᠎ᠡ ᠪᠠᠨ ᠣᠶᠠᠵᠣ ᠪᠠᠶᠢᠵᠣ ᠭᠡᠨ᠎ᠡ᠂ ᠳᠡᠭᠡᠭᠡᠳ ᠡᠨᠡ ᠭᠠᠰᠢᠭᠤᠨ ᠭᠡᠳᠡᠭ ᠶᠠᠭ ᠡᠨᠡ ᠬᠤᠶᠠᠷ ᠠᠭᠤᠯᠠ ᠶᠢᠨ ᠳᠣᠮᠳᠠ ᠨᠢ ᠪᠠᠶᠢᠳᠠᠭ ᠶᠤᠮ ᠪᠠᠶᠢᠨ᠎ᠠ᠂ ᠢᠩᠭᠢᠭᠡᠳ᠂ ᠣᠶᠠᠭᠠᠳᠠᠢ ᠠᠳᠣᠭᠤᠳ ᠨᠢ ᠪᠠᠭᠠᠵᠤ ᠰᠢᠭᠡᠵᠤ ᠪᠠᠶᠢᠭᠠᠳ ᠱᠠᠯᠪᠠᠭ ᠭᠠᠷᠤᠭᠰᠠᠨ ᠠᠴᠠ ᠬᠤᠵᠢᠷᠳᠠᠢ ᠭᠠᠰᠢᠭᠤᠨ ᠵᠠᠳᠠᠭᠠᠢ ᠪᠣᠯᠠᠭ ᠪᠣᠯᠣᠨ ᠦᠯᠡᠳᠡᠵᠡᠢ ᠭᠡᠨ᠎ᠡ᠃ ᠡᠷᠪᠡᠭᠡᠢ ᠶᠢᠨ ᠠᠭᠤᠯᠠ ᠶᠢᠨ ᠡᠮᠣᠨ᠎ᠡ ᠦᠵᠦᠬᠦᠷ ᠠᠴᠠ ᠪᠠᠷᠠᠭᠤᠨ ᠵᠠᠬ᠎ᠠ ᠬᠦᠷᠳᠡᠯ᠎ᠡ᠂ ᠰᠠᠶᠢᠨ ᠣᠨᠤᠭ᠎ᠠ ᠪᠠᠷ ᠭᠤᠷᠪᠠᠨ ᠡᠳᠣᠷ ᠶᠠᠪᠤᠳᠠᠭ ᠪᠠᠶᠢᠵᠡᠢ᠃ ᠠᠭᠤᠯᠠ ᠶᠢᠨ ᠣᠷᠦᠢ ᠠᠴᠠ ᠠᠷᠣ ᠬᠤᠷᠮᠣᠢ ᠶᠢᠨ ᠪᠡᠯ ᠬᠦᠷᠳᠡᠯ᠎ᠡ ᠪᠠᠷᠠᠭᠤᠨ ᠵᠠᠬ᠎ᠠ ᠠᠴᠠ ᠡᠮᠣᠨ᠎ᠡ ᠦᠵᠦᠬᠦᠷ ᠬᠦᠷᠳᠡᠯ᠎ᠡ ᠮᠠᠰᠢ ᠠᠷᠪᠢᠨ ᠬᠦᠨᠳᠡᠯᠢᠳᠦᠭᠰᠡᠨ ᠬᠦᠳᠦᠯ ᠪᠠᠶᠢᠳᠠᠭ᠃ ᠡᠷᠳᠡ ᠣᠷᠢᠳᠣ ᠶᠢᠨ ᠴᠠᠭ ᠲᠤ᠂ ᠭᠡᠰᠡᠷ ᠪᠣᠭᠳᠠ ᠡ᠊ᠨᠳᠡ ᠪᠠᠶᠢᠬᠤ ᠦᠶᠡᠰ ᠲᠤ᠂ ᠨᠢᠭᠡ ᠰᠦᠷᠡᠭᠡᠢ ᠠᠪᠤᠷᠭᠤ ᠮᠤᠭᠠᠢ ᠡᠨᠡ ᠠᠭᠤᠯᠠᠨ ᠳᠤ ᠱᠦᠭᠯᠡᠵᠤ᠂ ᠬᠦᠮᠦᠨ ᠠᠮᠢᠳᠠᠨ ᠮᠠᠯ ᠳᠡᠮᠡᠭᠡ ᠶᠢ ᠰᠣᠷᠤᠵᠤ ᠢᠳᠡᠭᠡᠳ ᠪᠣᠯᠬᠤ ᠪᠠᠨ ᠪᠠᠶᠢᠵᠡᠢ᠃ ᠨᠢᠭᠡ ᠡᠳᠣᠷ ᠭᠡᠰᠡᠷ ᠪᠣᠭᠳᠠ ᠠᠩ ᠳᠤ ᠭᠠᠷᠤᠭᠠᠳ ᠶᠠᠪᠤᠵᠤ ᠪᠠᠶᠢᠳᠠᠯ᠎ᠠ ᠡᠨᠡᠬᠦ ᠠᠪᠤᠷᠭᠤ ᠮᠣᠭᠠᠢ ᠡᠨᠡ ᠠᠭᠤᠯᠠ ᠶᠢᠨ ᠳᠣᠮᠳᠠ ᠭᠡᠰᠡᠭ ᠢᠶᠠᠷ ᠬᠦᠨᠳᠡᠩᠨᠡᠵᠤ᠂ ᠰᠡᠬᠦᠯ ᠨᠢ ᠡᠮᠤᠨ᠎ᠡ ᠦᠵᠦᠬᠦᠷ ᠲᠤ᠂ ᠳᠣᠯᠣᠭᠠᠢ ᠨᠢ ᠪᠠᠷᠠᠭᠤᠨ ᠵᠠᠬ᠎ᠠ ᠳᠤ ᠦᠷᠬᠦᠯᠵᠢᠯᠡᠨ ᠪᠠᠶᠢᠵᠡᠢ᠃ ᠳᠡᠭᠡᠭᠡᠳ ᠭᠡᠰᠡᠷ ᠪᠣᠭᠳᠠ᠂ ᠳᠠᠯᠠᠨ ᠳᠡᠭᠡ ᠶᠢᠨ ᠡᠪᠡᠷ ᠢ ᠵᠠᠯᠭᠠᠵᠤ ᠬᠢᠭᠰᠡᠨ᠂ ᠳᠠᠯᠠᠨ ᠠᠯᠳᠠ ᠳᠠᠯᠠᠭᠠᠷ ᠰᠢᠷ᠎ᠠ ᠨᠣᠮᠣ ᠪᠠᠨ ᠳᠣᠯᠣᠭᠠᠨ ᠡᠳᠣᠷ ᠡᠪᠰᠢᠶᠡᠯᠭᠡᠵᠤ᠂ ᠭᠤᠷᠪᠠᠨ ᠡᠳᠣᠷ ᠣᠨᠢᠯᠠᠵᠣ ᠪᠠᠶᠢᠭᠠᠳ ᠬᠠᠷᠪᠤᠵᠤ ᠭᠡᠨ᠎ᠡ᠃ ᠳᠡᠭᠡᠭᠰᠡᠨ ᠴᠢᠨᠢ᠂ ᠬᠠᠷᠪᠤᠭᠠᠳ ᠭᠠᠷᠭᠠᠭᠰᠠᠨ ᠳᠡᠷᠡᠬᠦ ᠶᠢᠰᠣᠨ ᠭᠠᠩ ᠤᠨ ᠨᠡᠶᠢᠯᠡᠮᠡᠯ ᠬᠢᠴᠡ ᠲᠠᠢ᠂ ᠳᠣᠯᠣᠭᠠᠨ ᠳᠣᠯᠤᠭ᠎ᠠ ᠳᠦᠴᠢᠨ ᠶᠢᠰᠣᠨ ᠡᠳᠣᠷ ᠤᠨ ᠳᠠᠪᠳᠠᠯᠳᠠ ᠲᠠᠢ ᠰᠣᠮᠣ ᠨᠢ ᠡᠷᠪᠡᠭᠡᠢ ᠶᠢᠨ ᠠᠭᠤᠯᠠ ᠶᠢ ᠭᠤᠷᠪᠠ ᠡᠷᠬᠢᠭᠡᠳ᠂ ᠭᠤᠷᠪᠠᠯᠵᠢᠨ ᠦᠵᠦᠬᠦᠷ ᠨᠢ ᠴᠢᠪ ᠭᠡᠮᠡᠨ ᠠᠪᠤᠷᠭᠤ ᠮᠣᠭᠠᠢ ᠶᠢᠨ ᠠᠮᠠ ᠪᠠᠷ ᠣᠷᠣᠵᠣ ᠰᠡᠬᠦᠯ ᠤᠨ ᠦᠵᠦᠬᠦᠷ ᠢᠶᠠᠷ ᠰᠢᠪᠳᠣᠯᠣᠨ ᠭᠠᠷᠴᠣ ᠭᠡᠨ᠎ᠡ᠃ ᠳᠡᠭᠡᠭᠡᠳ ᠡᠨᠡᠬᠦ ᠠᠪᠤᠷᠭᠤ ᠮᠣᠭᠠᠢ ᠡᠨᠡ ᠠᠭᠤᠯᠠ ᠶᠢᠨ ᠠᠷᠤ ᠦᠯᠭᠡ ᠶᠢ ᠭᠤᠷᠪᠠᠨ ᠡᠳᠣᠷ ᠭᠤᠷᠪᠡ ᠡᠷᠬᠢᠵᠤ ᠴᠣᠪᠣᠭᠰᠠᠭᠠᠷ ᠪᠠᠶᠢᠵᠤ ᠪᠣᠭᠳᠠ ᠶᠢᠨ ᠠᠭᠤᠯᠠᠨ ᠳᠤ ᠰᠠᠪᠠᠵᠣ ᠣᠨᠠᠭᠠᠳ᠂ ᠰᠡᠬᠦᠯ ᠨᠢ ᠭᠡᠰᠦ᠋ᠨᠳᠦᠮᠪᠤ ᠶᠢᠨ ᠣᠷᠦᠢ ᠳᠤ ᠰᠢᠪᠬᠤᠷᠤᠨ ᠳᠣᠰᠴᠣ ᠭᠡᠨ᠎ᠡ᠃ ᠡᠬᠦᠨ ᠠᠴᠠ ᠬᠤᠶᠢᠰᠢ᠂ ᠡᠷᠪᠡᠭᠡᠢ ᠶᠢᠨ ᠠᠭᠤᠯᠠ ᠶᠢᠨ ᠠᠷᠤ ᠳᠠᠬᠢ ᠠᠭᠤᠯᠠᠨ ᠳᠣᠮᠳᠠᠭᠤᠷ ᠨᠢ ᠠᠰ ᠰᠢᠯᠤᠭᠤᠨ ᠬᠦᠳᠦᠯ ᠭᠠᠷᠤᠭᠰᠠᠨ ᠨᠢ ᠡᠨᠡ ᠪᠠᠶᠢᠵᠡᠢ᠃ ᠭᠡᠰᠡᠷ ᠬᠠᠭᠠᠨ ᠠᠪᠤᠷᠭᠤ ᠮᠣᠭᠠᠢ ᠶᠢ ᠬᠠᠷᠪᠤᠬᠤ ᠭᠡᠵᠤ ᠪᠠᠶᠢᠬᠤ ᠬᠤᠭᠤᠷᠣᠨᠳᠣ ᠨᠢ ᠣᠨᠣᠳᠠᠭ ᠮᠣᠷᠢ ᠨᠢ ᠴᠣᠯᠪᠣᠭᠤᠷ ᠢᠶᠠᠨ ᠴᠢᠷᠦᠭᠡᠳ ᠠᠭᠤᠯᠠ ᠶᠢᠨ ᠪᠡᠯ ᠲᠠᠭᠠᠨ ᠠᠰ ᠣᠷᠣᠭᠰᠢ ᠪᠠᠨ ᠶᠠᠪᠤᠵᠤ ᠪᠣᠭᠳᠠ ᠶᠢᠨ ᠦᠨᠳᠦᠷ ᠲᠤ ᠭᠠᠷᠴᠣ᠂ ᠲᠡᠷᠡ ᠠᠭᠤᠯᠠᠨ ᠳᠤ ᠰᠢᠩᠭᠡᠵᠤ ᠭᠡᠨ᠎ᠡ᠂ ᠳᠡᠭᠡᠭᠡᠳ ᠠᠭᠤᠯᠠ ᠶᠢᠨ ᠪᠡᠯ ᠳᠠᠭᠠᠭᠠᠳ ᠪᠠᠰᠠ ᠨᠢᠭᠡ ᠣᠯᠠᠨ ᠬᠦᠳᠦᠯ ᠭᠠᠷᠤᠭᠰᠠᠨ ᠤ ᠣᠴᠢᠷ ᠨᠢ ᠡᠨᠡ ᠪᠠᠶᠢᠵᠡᠢ᠃ ᠳᠡᠬᠦᠨ ᠠᠴᠠ ᠬᠤᠶᠢᠰᠢ ᠣᠯᠣᠰ ᠤᠳ ᠡᠨᠡ ᠠᠭᠤᠯᠠ ᠶᠢ ᠪᠣᠭᠳᠠ ᠶᠢᠨ ᠠᠭᠤᠯᠠ ᠭᠡᠵᠤ ᠨᠡᠷᠡᠯᠡᠭᠡᠳ᠂ ᠠᠭᠤᠯᠠ ᠶᠢᠨ ᠬᠤᠷᠮᠣᠢ ᠳᠤᠨᠢ ᠣᠪᠣᠭ᠎ᠠ ᠪᠣᠰᠬᠠᠨ ᠵᠢᠯ ᠠᠯᠳᠠᠯ ᠦᠭᠡᠢ ᠳᠠᠬᠢᠵᠤ᠂ ᠬᠤᠰᠢᠭᠤ ᠬᠤᠳᠠᠯᠠ ᠪᠠᠷ ᠢᠶᠠᠨ ᠠᠮᠣᠷᠵᠢᠨ ᠵᠢᠷᠭᠠᠵᠤ ᠭᠡᠨ᠎ᠡ᠃ ᠵᠠ᠂ ᠡᠨᠡ ᠪᠣᠯ ᠡᠷᠪᠡᠭᠡᠢ ᠶᠢᠨ ᠠᠭᠤᠯᠠ ᠪᠣᠯᠣᠨ ᠪᠣᠭᠳᠠ ᠣᠪᠣᠭ᠎ᠠ ᠶᠢᠨ ᠢᠷᠡᠯᠳᠡ ᠨᠢ ᠡᠶᠢᠮᠤ ᠪᠠᠶᠢᠵᠡᠢ᠃ ᠪᠣᠭᠳᠠ ᠭᠡᠳᠡᠭ ᠨᠢ ᠭᠡᠰᠡᠷ ᠪᠣᠭᠳᠠ ᠠᠴᠠ ᠡᠬᠦᠰᠦᠯ ᠲᠠᠢ ᠦᠭᠡ ᠪᠠᠶᠢᠭᠰᠠᠨ ᠠᠵᠣᠭᠤ᠃
 
ᠢᠷᠡᠯᠲᠡ᠄ ᠠᠯᠠᠱᠠ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号