ᠪᠤᠷᠤᠬᠤᠯ
ᠨᠡᠶᠢᠲᠡᠯᠡᠭᠰᠡᠨ ᠴᠠᠭ᠄
2019/11/18
1195 ᠤᠨ ᠳᠤ᠂ ᠴᠢᠩᠭᠢᠰ ᠬᠠᠭᠠᠨ ᠲᠠᠷᠭᠡᠳᠤ ᠶᠢᠨ ᠠᠮᠠᠰᠠᠷ ᠭᠡᠳᠡᠭ ᠭᠠᠵᠠᠷ ᠵᠦᠷᠭᠢᠨ ᠠᠶᠢᠮᠠᠭ ᠢ ᠪᠠᠶᠢᠯᠳᠤᠵᠤ ᠲᠠᠶᠢᠯᠤᠭᠡᠳ ᠲᠠᠳᠠᠨ ᠤ ᠨᠤᠶᠠᠨ ᠰᠠᠴᠠ ᠪᠠᠭᠢ᠂ ᠲᠠᠶᠢᠴᠤ ᠬᠤᠶᠠᠷ ᠢ ᠪᠠᠷᠢᠵᠤ ᠠᠯᠠᠬᠤ ᠦᠶ᠎ᠠ ᠳᠤ᠂ ᠵᠠᠯᠠᠶᠢᠷ ᠤᠨ ᠵᠠᠪᠡᠭᠡ ᠨᠠᠷ ᠵᠦᠷᠭᠢᠨ ᠤ ᠡᠵᠡᠮᠰᠢᠯ ᠤᠷᠤᠨ ᠢᠶᠠᠷ ᠦᠡᠭᠭᠡᠷᠡᠭᠦ ᠳᠤ᠂ ᠬᠤᠤᠵᠢᠨ ᠤᠪᠤᠭᠳᠠᠨ ᠤ ᠪᠠᠭᠤᠴᠠᠨ ᠲᠠᠭᠡᠷ᠎ᠠ ᠠᠴᠠ ᠨᠢᠭᠡᠨ ᠵᠢᠭᠠᠯ ᠭᠦᠤ ᠶᠢ ᠤᠯᠵᠤ ᠠᠪᠴᠢᠷᠠᠭᠠᠳ ᠴᠢᠩᠭᠢᠰ ᠬᠠᠭᠠᠨ ᠦᠭᠡᠯᠤᠨ ᠡᠭᠡ ᠳᠤ ᠦᠭᠴᠤ ᠲᠠᠵᠢᠭᠡᠯᠭᠡᠪᠡ᠃ ᠡᠨᠡ ᠪᠤᠯ ᠲᠠᠷᠤᠢ ᠪᠤᠷᠤᠬᠤᠯ ᠪᠤᠯᠤᠨ᠎ᠠ᠃ ᠦᠭᠡᠯᠤᠨ ᠡᠭᠡ ᠶᠢᠨ ᠲᠠᠵᠢᠭᠡᠭᠰᠡᠨ ᠲᠦᠷᠪᠠᠳᠤᠭᠡᠷ ᠭᠦᠪᠡᠭᠦᠨ ᠪᠦᠭᠡᠳ ᠴᠢᠩᠭᠢᠰ ᠬᠠᠭᠠᠨ ᠤ ᠲᠦᠷᠪᠠᠳᠤᠭᠡᠷ ᠵᠢᠷᠤᠮ ᠤᠨ ᠲᠠᠭᠦᠤ ᠨᠢ ᠪᠤᠯᠬᠤ ᠶᠤᠮ᠃ ᠪᠤᠷᠤᠬᠤᠯ ᠬᠠᠷᠠᠬᠠᠨ ᠪᠠᠭ᠎ᠠ ᠨᠠᠰᠤᠨ ᠠᠴᠠ ᠪᠠᠨ ᠴᠢᠩᠭᠢᠰ ᠬᠠᠭᠠᠨ ᠳᠤ ᠦᠢᠯᠠᠴᠢᠯᠠᠨ ᠵᠢᠳᠭᠦᠵᠤ᠂ ᠦᠭᠡᠯᠠᠢ ᠪᠤᠯᠤᠭᠠᠳ ᠬᠠᠷᠪᠤᠵᠤ ᠨᠠᠮᠨᠠᠬᠤ ᠳᠤ ᠮᠡᠷᠭᠡᠰᠢᠨ᠂ ᠲᠠᠶᠢᠨ ᠪᠠᠶᠢᠯᠳᠤᠭᠠᠨ ᠳᠤ ᠰᠢᠯᠭᠠᠷᠠᠭᠠᠳ᠂ ᠪᠤᠭᠤᠷᠴᠤ᠂ ᠮᠤᠬᠤᠯᠠᠢ᠂ ᠴᠢᠯᠠᠭᠤᠨ ᠨᠠᠷ ᠲᠠᠢ ᠮᠦᠷᠤ ᠵᠡᠷᠭᠡᠴᠡᠨ᠂ ᠴᠢᠩᠭᠢᠰ ᠬᠠᠭᠠᠨ ᠤ ᠲᠦᠷᠪᠠᠨ ᠭᠦᠯᠦᠭ ᠤᠨ ᠨᠢᠭᠡ ᠨᠢ ᠪᠤᠯᠵᠠᠢ᠃ 1203 ᠤᠨ ᠳᠤ᠂ ᠴᠢᠩᠭᠢᠰ ᠬᠠᠭᠠᠨ ᠭᠡᠷᠡᠶᠢᠳ ᠤᠨ ᠸᠠᠩ ᠬᠠᠨ ᠲᠠᠢ ᠮᠠᠭᠤ ᠦᠨᠳᠤᠷ ᠭᠡᠳᠡᠭ ᠭᠠᠵᠠᠷ ᠲᠤ ᠲᠠᠶᠢᠯᠠᠯᠳᠤᠬᠤ ᠳᠤ ᠨᠠᠯᠢᠶᠠᠳ ᠶᠡᠭᠡ ᠬᠤᠭᠢᠷᠠᠯ ᠠᠮᠰᠠᠵᠠᠢ᠃ ᠡᠭᠦᠨ ᠳᠤ ᠴᠢᠩᠭᠢᠰ ᠬᠠᠭᠠᠨ ᠤ ᠭᠤᠷᠪᠠᠳᠤᠭᠠᠷ ᠭᠦᠪᠡᠭᠦᠨ ᠦᠭᠡᠳᠠᠢ ᠭᠦᠨᠳᠤ ᠰᠢᠷᠬᠠᠳᠤᠵᠤ᠂ ᠪᠤᠷᠤᠬᠤᠯ ᠠᠮᠢ ᠶᠢ ᠨᠢ ᠠᠪᠤᠷᠠᠭᠰᠠᠨ ᠶᠤᠮ᠃ ᠬᠤᠵᠢᠮ ᠨᠢ ᠪᠤᠷᠤᠬᠤᠯ ᠪᠠᠰᠠ ᠤᠷᠢᠳ ᠬᠤᠵᠢᠳ ᠵᠡᠵᠡᠭᠡᠷ ᠦᠨᠳᠤᠷ ᠤᠨ ᠪᠠᠶᠢᠯᠳᠤᠭᠠᠨ᠂ ᠨᠠᠬᠤ ᠬᠤᠨ ᠤ ᠪᠠᠶᠢᠯᠳᠤᠭᠠᠨ ᠳᠤ ᠤᠷᠤᠯᠴᠠᠵᠤ ᠶᠠᠪᠤᠭᠠᠳ ᠮᠠᠰᠢ ᠶᠡᠭᠡ ᠭᠠᠪᠢᠶ᠎ᠠ ᠪᠠᠶᠢᠭᠤᠯᠵᠠᠢ᠃ 1201 ᠤᠨ ᠳᠤ᠂ ᠴᠢᠩᠭᠢᠰ ᠬᠠᠭᠠᠨ ᠲᠠᠶᠢᠴᠢᠭᠤᠳ ᠠᠶᠢᠮᠠᠭ ᠢ ᠲᠦᠪᠰᠢᠳᠭᠡᠭᠦ ᠦᠶ᠎ᠠ ᠳᠤ᠂ ᠪᠤᠷᠤᠬᠤᠯ ᠲᠠᠭᠠᠵᠤ ᠮᠤᠷᠳᠠᠭᠠᠳ᠂ ᠰᠢᠷᠤᠭᠦᠨ ᠳᠤᠯᠤᠯᠳᠤᠭᠠᠨ ᠤ ᠳᠤᠮᠳᠠ ᠪᠠᠮᠪᠠᠢ ᠪᠠᠨ ᠪᠠᠷᠢᠨ᠂ ᠰᠤᠮᠤᠳᠠᠨ ᠢᠷᠡᠭᠦ ᠰᠤᠮᠤ ᠶᠢ ᠬᠠᠯᠬᠠᠯᠠᠨ᠂ ᠴᠢᠩᠭᠢᠰ ᠬᠠᠭᠠᠨ ᠢ ᠬᠠᠮᠠᠭᠠᠯᠠᠵᠤ ᠶᠠᠪᠤᠪᠠ᠃ ᠡᠨᠡ ᠤᠳᠠᠭ᠎ᠠ ᠲᠠᠷᠡ ᠲᠠᠶᠢᠰᠤᠨ ᠤ ᠰᠤᠮᠤᠨ ᠳᠤ ᠤᠨᠤᠭᠳᠠᠵᠤ᠂ ᠳᠤᠯᠤᠭᠠᠢ ᠪᠠᠨ ᠰᠢᠷᠬᠠᠳᠤᠭᠤᠯᠵᠤ᠂ ᠮᠤᠷᠢᠨ ᠠᠴᠠ ᠪᠠᠨ ᠤᠨᠠᠭᠰᠠᠨ ᠪᠤᠯᠪᠠᠴᠤ ᠤᠬᠤᠰᠭᠢᠨ ᠪᠤᠰᠴᠤ ᠵᠤᠭᠰᠤᠨ᠂ ᠨᠤᠮᠤ ᠪᠠᠨ ᠲᠠᠶᠠᠭ ᠪᠤᠯᠭᠠᠨ ᠳᠤᠯᠵᠤ᠂ ᠪᠠᠮᠪᠠᠢ ᠪᠠᠨ ᠠᠯᠳᠠᠯ ᠦᠭᠡᠢ ᠪᠠᠷᠢᠵᠤ᠂ ᠨᠢᠰᠴᠤ ᠢᠷᠡᠭᠦ ᠰᠤᠮᠤ ᠶᠢ ᠳᠤᠰᠤᠨ ᠠᠪᠴᠤ ᠪᠠᠶᠢᠯ᠎ᠠ᠃ ᠲᠠᠷᠡ ᠭᠦᠮᠤᠭᠡᠢ ᠪᠠᠨ ᠵᠠᠭᠤᠨ᠂ ᠮᠤᠷᠢᠨ ᠤ ᠪᠠᠨ ᠪᠤᠷᠤᠭᠤ ᠲᠠᠯ᠎ᠠ ᠠᠴᠠ ᠨᠢ ᠮᠤᠷᠳᠠᠭᠠᠳ᠂ ᠮᠦᠨ ᠯᠠ ᠪᠠᠮᠪᠠᠢ ᠪᠠᠨ ᠲᠠᠯᠪᠢᠬᠤ ᠦᠭᠡᠢ ᠪᠠᠷᠢᠵᠤ᠂ ᠡᠪᠡᠳᠭᠦ ᠪᠠᠨ ᠲᠠᠰᠪᠤᠷᠢᠯᠠᠨ ᠴᠢᠰᠤ ᠨᠦᠵᠢ ᠶᠢ ᠬᠠᠶᠢᠬᠤᠷᠤᠯ ᠦᠭᠡᠢ ᠪᠠᠶᠢᠯᠳᠤᠵᠤ ᠠᠯᠠᠯᠳᠤᠭᠰᠠᠨ ᠳᠤ᠂ ᠬᠠᠯᠳᠠᠵᠤ ᠢᠷᠡᠭᠰᠡᠨ ᠲᠠᠶᠢᠰᠤᠨ ᠠᠯᠠᠭᠳᠠᠭᠰᠠᠨ ᠨᠦᠭᠦᠳ ᠤᠨ ᠢᠶᠠᠨ ᠭᠡᠭᠦᠷ ᠢ ᠴᠢᠷᠴᠤ ᠳᠤᠳᠠᠭᠠᠪᠠ᠃ ᠪᠤᠷᠤᠬᠤᠯ ᠠᠷᠤ ᠠᠴᠠ ᠨᠢ ᠨᠡᠭᠡᠵᠤ ᠭᠦᠷᠤᠭᠡᠳ ᠬᠤᠨᠢᠨ ᠰᠦᠷᠦᠭ ᠲᠤ ᠤᠷᠤᠭᠰᠠᠨ ᠴᠢᠨ᠋ᠸ᠎ᠠ ᠮᠠᠳᠤ ᠨᠢᠭᠡᠳ ᠨᠢᠭᠡ ᠪᠠᠷ ᠴᠠᠪᠴᠢᠨ ᠨᠠᠯᠢᠶᠠᠳ ᠤᠯᠠᠨ ᠲᠠᠶᠢᠰᠤᠨ ᠢ ᠰᠦᠨᠤᠭᠡᠵᠠᠢ᠃ 1206 ᠤᠨ ᠳᠤ᠂ ᠴᠢᠩᠭᠢᠰ ᠬᠠᠭᠠᠨ ᠬᠠᠮᠤᠭ ᠮᠤᠩᠭᠤᠯ ᠤᠨ ᠬᠠᠭᠠᠨ ᠢᠶᠠᠷ ᠡᠷᠭᠦᠮᠵᠢᠯᠡᠭᠳᠡᠭᠦ ᠦᠶ᠎ᠠ ᠭᠠᠪᠢᠶᠠᠳᠠᠨ ᠢ ᠱᠠᠩᠨᠠᠬᠤ ᠳᠤ ᠪᠤᠷᠤᠬᠤᠯ ᠢ ᠠᠷᠪᠠᠨ ᠲᠦᠷᠪᠠᠳᠤᠭᠡᠷ ᠮᠢᠩᠭᠠᠨ ᠤ ᠨᠤᠶᠠᠨ ᠪᠤᠯᠭᠠᠨ ᠡᠷᠭᠦᠮᠵᠢᠯᠠᠵᠠᠢ᠃ ᠲᠠᠭᠡᠭᠡᠳ ᠪᠤᠷᠤᠬᠤᠯ ᠢ ᠮᠠᠭᠳᠠᠭᠰᠠᠨ ᠨᠢ᠄ ︽ᠬᠠᠷᠪᠤᠬᠤ ᠰᠤᠮᠤᠨ ᠳᠤ ᠬᠠᠯᠬᠠᠪᠴᠢ ᠪᠤᠯᠤᠭᠰᠠᠨ ᠰᠤᠮᠤᠳᠠᠬᠤ ᠰᠤᠮᠤᠨ ᠳᠤ ᠰᠠᠷᠠᠪᠴᠢ ᠪᠤᠯᠤᠭᠰᠠᠨ ᠳᠤᠯᠤᠭᠠᠢ ᠪᠠᠨ ᠰᠢᠷᠬᠠᠳᠤᠬᠤ ᠳᠤ ᠳᠤᠬᠤᠮ ᠢᠶᠠᠨ ᠡᠰᠠ ᠠᠯᠳᠠᠭᠰᠠᠨ ᠭᠦᠴᠤ ᠲᠤᠷᠪᠢᠳᠠᠢ ᠰᠠᠶᠢᠨ ᠡᠷ᠎ᠠ ᠭᠦᠮᠦᠨ ᠤ ᠰᠠᠶᠢᠨ ᠪᠤᠷᠤᠬᠤᠯ ᠮᠢᠨᠢ︾ ᠭᠡᠵᠤ ᠮᠠᠭᠳᠠᠵᠠᠢ᠃ ᠤᠷᠢᠳᠤ ᠴᠢᠩᠭᠢᠰ ᠬᠠᠭᠠᠨ ᠲᠦᠷᠪᠠᠨ ᠲᠠᠲ᠋ᠠᠷ ᠢ ᠤᠰᠠᠳᠬᠠᠬᠤ ᠳᠤ᠂ ᠲᠠᠲ᠋ᠠᠷ ᠤᠨ ᠬᠠᠷᠭᠢᠯ ᠰᠢᠷ᠎ᠠ ᠭᠡᠳᠡᠭ ᠭᠦᠮᠦᠨ ᠳᠤᠳᠠᠭᠠᠵᠤ ᠂ ᠦᠯᠤᠰᠴᠤ ᠤᠮᠳᠠᠭᠠᠰᠬᠤ ᠳᠤ ᠪᠠᠨ ᠦᠭᠡᠯᠤᠨ ᠡᠭᠡ ᠶᠢᠨ ᠳᠤ ᠢᠷᠡᠭᠡᠳ ᠭᠤᠶᠤᠭᠰᠠᠨ ᠳᠤ᠂ ᠦᠭᠡᠯᠤᠨ ᠦᠵᠢᠨ ᠲᠠᠭᠦᠨ ᠤ ᠲᠠᠶᠢᠰᠤᠨ ᠪᠤᠯᠬᠤ ᠶᠢ ᠮᠠᠳᠡᠭᠦ ᠦᠭᠡᠢ ᠳᠤᠯᠠ ᠦᠷᠭᠦᠭᠡ ᠶᠢᠨ ᠢᠶᠠᠨ ᠪᠠᠷᠠᠭᠤᠨ ᠲᠠᠯ᠎ᠠ ᠳᠤ ᠰᠠᠭᠤᠯᠭᠠᠵᠠᠢ᠃ ᠶᠠᠭ ᠡᠨᠡ ᠦᠶ ᠎ᠠ ᠳᠤ ᠲᠠᠪᠤᠨ ᠨᠠᠰᠤᠳᠠᠢ ᠳᠤᠯᠤᠢ ᠭᠠᠳᠠᠨ᠎ᠠ ᠠᠴᠠ ᠤᠷᠤᠵᠤ ᠢᠷᠡᠭᠰᠡᠨ ᠳᠤ ᠬᠠᠷᠭᠢᠯ ᠰᠢᠷ᠎ᠠ ᠳᠤᠯᠤᠢ ᠶᠢ ᠰᠤᠭᠤᠪᠴᠢᠯᠠᠨ ᠠᠪᠴᠤ ᠭᠢᠳᠤᠭ᠎ᠠ ᠪᠠᠨ ᠰᠤᠭᠤᠯᠪᠠ᠃ ᠦᠭᠡᠯᠤᠨ ᠤᠢᠵᠢᠨ ᠪᠠᠴᠢᠮᠳᠠᠨ ᠰᠠᠨᠳᠤᠷᠴᠤ᠄ ︽ᠬᠤᠯᠠᠭᠠᠢ ᠭᠦᠤ ᠶᠢ ᠮᠢᠨᠢ ᠠᠯᠠᠬᠤ ᠭᠡᠵᠤ ᠪᠠᠶᠢᠨ᠎ᠠ︾ ᠭᠡᠵᠤ ᠶᠡᠭᠡ ᠲᠠᠭᠤᠨ ᠢᠶᠠᠷ ᠪᠠᠷᠭᠢᠷᠠᠪᠠ᠃ ᠦᠷᠭᠦᠭᠡᠨ ᠤ ᠵᠠᠭᠦᠨ ᠲᠠᠯ᠎ᠠ ᠳᠤ ᠰᠠᠭᠤᠵᠤ ᠪᠠᠶᠢᠬᠰᠠᠨ ᠪᠤᠷᠤᠬᠤᠯ ᠤᠨ ᠡᠭᠡᠨᠠᠷ ᠠᠯᠳᠠᠨᠢ ᠦᠵᠡᠭᠡᠳ ᠭᠦᠶᠤᠨ ᠪᠤᠰᠴᠤ ᠤᠴᠢᠭᠠᠳ ᠬᠠᠷᠭᠢᠯ ᠰᠢᠷ᠎ᠠ ᠶᠢᠨ ᠭᠡᠵᠢᠭᠡ ᠠᠴᠠ ᠴᠢᠩᠭᠠᠭᠠᠵᠤ᠂ ᠭᠢᠳᠤᠭ᠎ᠠ ᠶᠢ ᠨᠢ ᠪᠤᠯᠢᠶᠠᠪᠠ᠃ ᠭᠠᠳᠠᠨ᠎ᠠ ᠵᠠᠳᠠᠢ᠂ ᠵᠠᠯᠮ᠎ᠠ ᠬᠤᠶᠠᠷ ᠦᠷᠭᠦᠭᠡ ᠶᠢᠨ ᠠᠷᠤ ᠳᠤ ᠦᠭᠡᠷ ᠠᠯᠠᠵᠤ ᠪᠠᠶᠢᠯ᠎ᠠ᠃ ᠲᠠᠳᠠ ᠨᠠᠷ ᠠᠯᠳᠠᠨᠢ ᠶᠢᠨ ᠬᠠᠰᠭᠢᠷᠬᠤ ᠳᠠᠭᠤᠨ ᠢ ᠰᠤᠨᠤᠰᠤᠭᠠᠳ ᠭᠢᠳᠤᠭ᠎ᠠ᠂ ᠰᠦᠭᠡ ᠪᠠᠨ ᠪᠠᠷᠢᠨ ᠭᠦᠷᠴᠤ ᠢᠷᠡᠭᠡᠳ ᠲᠠᠷᠡ ᠳᠤᠤᠷ᠎ᠠ ᠨᠢ ᠬᠠᠷᠭᠢᠯ ᠰᠢᠷ᠎ᠠ ᠶᠢ ᠴᠠᠪᠴᠢᠨ ᠠᠯᠠᠪᠠ᠃ ᠭᠤᠷᠪᠠᠭᠤᠯᠠ ᠪᠠᠨ ᠦᠭᠡᠯᠤᠨ ᠦᠵᠢᠨ ᠤ ᠲᠠᠷᠭᠡᠳᠠ ᠢᠷᠡᠭᠡᠳ ᠳᠤᠯᠤᠢ ᠶᠢ ᠠᠪᠤᠷᠠᠭᠰᠠᠨ ᠭᠠᠪᠢᠶ᠎ᠠ ᠶᠢ ᠲᠠᠮᠠᠴᠡᠵᠡᠭᠡᠪᠡ᠃ ᠵᠠᠳᠠᠢ᠂ ᠵᠠᠯᠮ᠎ᠠ᠄ ︽ᠪᠢᠳᠠ ᠬᠤᠶᠠᠷ ᠲᠦᠷᠭᠡᠪᠴᠢᠯᠠᠨ ᠦᠷᠤᠭᠡᠨ ᠳᠤ ᠤᠷᠤᠵᠤ ᠢᠷᠡᠭᠰᠡᠨ ᠦᠭᠡᠢ ᠪᠤᠯ ᠭᠠᠭᠴᠠ ᠡᠭᠡᠨᠠᠷ ᠭᠦᠮᠦᠨ ᠴᠢ ᠶᠠᠭᠠᠭᠢᠵᠤ ᠴᠢᠳᠠᠬᠤ ᠪᠢᠯᠠ᠃ ᠳᠤᠯᠤᠢ ᠭᠡᠵᠢᠶᠠᠨ ᠤ ᠠᠯᠠᠭᠳᠠᠪᠠ︾ ᠭᠡᠪᠡ᠃ ᠠᠯᠳᠠᠨᠢ᠄ ︽ᠲᠠ ᠨᠠᠷ ᠮᠢᠨᠤ ᠪᠠᠷᠭᠢᠷᠠᠬᠤ ᠶᠢ ᠰᠤᠨᠤᠰᠤᠭᠰᠠᠨ ᠦᠭᠡᠢ ᠪᠤᠯ ᠶᠠᠭᠠᠭᠢᠵᠤ ᠢᠷᠡᠵᠤ ᠠᠪᠤᠷᠠᠬᠤ ᠪᠤᠢ︖ ᠪᠢ ᠭᠡᠵᠢᠭᠡ ᠠᠴᠠ ᠨᠢ ᠴᠢᠩᠭᠠᠭᠠᠵᠤ᠂ ᠭᠢᠳᠤᠭ᠎ᠠ ᠪᠠᠷᠢᠭᠰᠠᠨ ᠭᠠᠷ ᠲᠠᠢ ᠨᠢ ᠠᠪᠤᠯᠴᠠᠭᠰᠠᠨ ᠦᠭᠡᠢ ᠪᠤᠯ ᠲᠠᠨ ᠤ ᠬᠤᠶᠠᠷ ᠢᠷᠡᠪᠡᠴᠤ ᠶᠠᠮᠠᠷ ᠳᠤᠰᠠ ᠪᠤᠯᠬᠤ ᠪᠤᠢ︖ ᠳᠤᠯᠤᠢ ᠭᠡᠵᠢᠶᠠᠨ ᠤ ᠠᠯᠠᠭᠳᠠᠴᠢᠬᠠᠭᠰᠠᠨ ᠪᠠᠶᠢᠬᠤ ᠶᠤᠮ︕︾ ᠭᠡᠵᠤ ᠪᠤᠯᠢᠶᠠᠯᠳᠤᠨ ᠪᠠᠶᠢᠳᠠᠯ᠎ᠠ ᠴᠢᠩᠭᠢᠰ ᠬᠠᠭᠠᠨ ᠭᠦᠷᠴᠤ ᠢᠷᠡᠭᠡᠳ᠄ ︽ᠠᠯᠳᠠᠨᠢ ᠶᠢᠨ ᠭᠡᠯᠡᠭᠦ ᠨᠢ ᠳᠤᠩ ᠵᠦᠢᠳᠠᠢ᠂ ᠳᠤᠯᠤᠢ ᠶᠢ ᠠᠪᠤᠷᠠᠭᠰᠠᠨ ᠲᠠᠷᠢᠭᠦᠨ ᠭᠠᠪᠢᠶ᠎ᠠ ᠶᠢ ᠠᠯᠳᠠᠨᠢ ᠳᠤ ᠦᠭᠭᠦ ᠶᠤᠰᠤᠳᠠᠢ᠂ ᠪᠤᠷᠤᠬᠤᠯ ᠤᠨ ᠭᠡᠷᠭᠡᠢ᠂ ᠡᠷ᠎ᠠ ᠨᠦᠭᠦᠷ ᠲᠤ ᠪᠠᠨ ᠦᠷᠤᠭᠡᠰᠤᠨ ᠠᠷᠠᠯ ᠪᠤᠯᠵᠤ ᠳᠤᠰᠠᠯᠠᠨ ᠶᠠᠪᠤᠭᠰᠠᠨ ᠤ ᠲᠠᠭᠡᠷ᠎ᠠ ᠳᠤᠯᠤᠢ ᠶᠢᠨ ᠠᠮᠢ ᠶᠢ ᠠᠪᠤᠷᠠᠵᠤ ᠶᠡᠭᠡ ᠳᠤᠰᠠ ᠶᠢ ᠭᠦᠷᠭᠡᠪᠡ᠃ ᠭᠡᠷᠡᠶᠢᠳ ᠢ ᠲᠦᠪᠰᠢᠳᠭᠡᠭᠦ ᠲᠠᠶᠢᠨ ᠳᠤ ᠪᠤᠷᠤᠬᠤᠯ ᠬᠤᠳᠬᠤᠯᠳᠤᠨ ᠪᠠᠶᠢᠯᠳᠤᠵᠤ ᠰᠢᠷᠬᠠᠳᠤᠭᠰᠠᠨ ᠦᠭᠡᠳᠠᠢ ᠶᠢ ᠠᠪᠤᠷᠠᠨ ᠠᠪᠴᠤ ᠢᠷᠡᠭᠰᠡᠨ ᠪᠢᠯᠠ᠃ ᠡᠭᠡ ᠶᠢᠨ ᠮᠢᠨᠢ ᠵᠤᠪᠠᠨ ᠵᠦᠳᠠᠵᠤ ᠪᠠᠶᠢᠭᠠᠳ ᠲᠠᠵᠢᠭᠡᠭᠰᠡᠨ ᠠᠴᠢ ᠶᠢ ᠬᠤᠶᠠᠷ ᠭᠦᠪᠡᠭᠦᠨ ᠤ ᠴᠢᠨᠢ ᠠᠮᠢ ᠶᠢ ᠠᠪᠤᠷᠠᠵᠤ ᠬᠠᠷᠢᠭᠤᠯᠪᠠ᠃ ᠪᠤᠷᠤᠬᠤᠯ ᠨᠠᠳᠠ ᠲᠠᠢ ᠨᠦᠭᠦᠷᠯᠡᠭᠡᠳ ᠤᠷᠤᠭᠰᠢᠯᠠᠨ ᠵᠢᠳᠭᠦᠵᠤ ᠦᠢᠯᠠᠴᠢᠯᠠᠵᠤ ᠶᠠᠪᠤᠵᠠᠢ᠃ ᠡᠶᠢᠮᠤ ᠠᠴᠠ ᠶᠢᠰᠤᠨ ᠤᠳᠠᠭ᠎ᠠ ᠤᠰᠤᠯ ᠭᠠᠷᠭᠠᠭᠰᠠᠨ ᠴᠤ ᠶᠠᠯᠠᠯᠠᠬᠤ ᠦᠭᠡᠢ ᠪᠤᠯᠭᠠᠶ᠎ᠠ︕︾ ᠭᠡᠵᠠᠢ᠃ 1215 ᠤᠨ ᠳᠤ᠂ ᠤᠢ ᠶᠢᠨ ᠢᠷᠭᠡᠨ ᠤ ᠬᠤᠷᠢ ᠲᠦᠮᠠᠤᠨ ᠤᠷᠪᠠᠵᠤ᠂ ᠬᠤᠷᠢ ᠲᠦᠮᠠᠳ ᠤᠨ ᠲᠠᠭᠡᠷ᠎ᠠ ᠲᠦᠮᠠᠨ ᠤ ᠨᠤᠶᠠᠨ ᠢᠶᠠᠷ ᠳᠤᠮᠢᠯᠠᠭᠰᠠᠨ ᠬᠤᠷᠴᠢ ᠶᠢ ᠪᠠᠷᠢᠪᠴᠢᠯᠠᠨ ᠠᠪᠴᠤ ᠬᠤᠷᠢᠭᠰᠠᠨ ᠳᠤ᠂ ᠴᠢᠩᠭᠢᠰ ᠬᠠᠭᠠᠨ ᠶᠡᠭᠡᠳᠠ ᠭᠢᠯᠢᠩᠨᠠᠵᠤ᠂ ᠪᠤᠷᠤᠬᠤᠯ ᠢ ᠤᠴᠢᠭᠤᠯᠵᠤ ᠤᠷᠪᠠᠯᠭᠠᠨ ᠢ ᠲᠠᠷᠤᠩᠭᠤᠢᠢᠯᠠᠬᠤ ᠪᠠᠷ ᠵᠠᠷᠯᠢᠭ ᠪᠤᠯᠪᠠ᠃ ᠪᠤᠷᠤᠬᠤᠯ ᠬᠤᠷᠢ ᠲᠦᠮᠠᠳ ᠤᠨ ᠭᠢᠵᠠᠭᠠᠷ ᠲᠤ ᠭᠦᠷᠤᠭᠡᠳ ᠲᠠᠷᠭᠡᠳᠠᠭᠢ ᠭᠤᠷᠪᠠᠨ ᠭᠦᠮᠤᠨ ᠢ ᠲᠠᠭᠠᠭᠤᠯᠵᠤ᠂ ᠶᠡᠭᠡ ᠴᠡᠷᠢᠭ ᠠᠴᠠ ᠪᠠᠨ ᠰᠠᠯᠤᠨ ᠵᠠᠮ ᠬᠠᠶᠢᠬᠤ ᠪᠠᠷ ᠮᠤᠷᠳᠠᠵᠠᠢ᠃ ᠲᠠᠷᠡ ᠦᠶᠡᠰ ᠲᠤ᠂ ᠲᠡᠭᠷᠢ ᠶᠠᠭ ᠬᠠᠷᠠᠩᠭᠤᠢ ᠪᠤᠯᠵᠤ ᠪᠠᠶᠢᠭᠰᠠᠨ ᠳᠤᠯᠠ ᠪᠤᠷᠤᠬᠤᠯ ᠨᠠᠷ ᠢ ᠪᠠᠯᠠᠷ ᠤᠢ ᠶᠢᠨ ᠭᠦᠨ ᠳᠤ ᠤᠷᠤᠮᠠᠭᠴᠠ᠂ ᠬᠤᠷᠢ ᠲᠦᠮᠠᠳ ᠤᠨ ᠬᠠᠷᠠᠭᠤᠯ ᠤᠨ ᠭᠦᠮᠦᠰ ᠲᠠᠳᠠᠨ ᠤ ᠠᠷᠤ ᠳᠤ ᠭᠠᠷᠴᠤ ᠪᠦᠰᠠᠯᠠᠨ ᠠᠪᠴᠤ ᠪᠤᠴᠠᠬᠤ ᠵᠠᠮ ᠢ ᠨᠢ ᠲᠠᠰᠤᠯᠤᠭᠠᠳ ᠪᠤᠷᠤᠬᠤᠯ ᠨᠠᠷ ᠢ ᠪᠠᠷᠢᠪᠴᠢᠯᠠᠨ ᠠᠪᠴᠤ ᠠᠯᠠᠪᠠ᠃ ᠪᠤᠷᠤᠬᠤᠯ ᠪᠤᠯ ᠴᠢᠩᠭᠢᠰ ᠬᠠᠭᠠᠨ ᠤ ᠲᠦᠷᠪᠠᠨ ᠭᠦᠯᠦᠭ ᠤᠨ ᠳᠤᠳᠤᠷᠠᠭᠢ ᠬᠠᠮᠤᠭ ᠤᠨ ᠵᠠᠯᠠᠭᠤ ᠨᠢ ᠪᠤᠯᠤᠨ᠎ᠠ᠃ ᠴᠢᠩᠭᠢᠰ ᠬᠠᠭᠠᠨ ᠪᠠᠶᠢᠯᠳᠤᠭᠠᠨ ᠳᠤ ᠤᠷᠤᠯᠴᠠᠬᠤ ᠪᠤᠯᠭᠠᠨ ᠳᠤ ᠪᠤᠷᠤᠬᠤᠯ ᠪᠠᠮᠪᠠᠢ ᠪᠠᠨ ᠪᠠᠷᠢᠨ ᠬᠠᠮᠠᠭᠠᠯᠠᠵᠤ ᠶᠠᠪᠤᠳᠠᠭ᠃ ᠡᠶᠢᠮᠤ ᠠᠴᠠ ᠴᠢᠩᠭᠢᠰ ᠬᠠᠭᠠᠨ ᠪᠤᠷᠤᠬᠤᠯ ᠢ ᠦᠪᠠᠷ ᠤᠨ ᠲᠦᠷᠦᠭᠰᠡᠨ ᠲᠠᠭᠦᠤ ᠨᠠᠷ ᠲᠠᠢ ᠪᠠᠨ ᠠᠳᠠᠯᠢ ᠬᠠᠶᠢᠷᠠᠯᠠᠳᠠᠭ ᠪᠠᠶᠢᠵᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号