ᠬᠦᠮᠦᠨ ᠠᠬ᠎ᠠ ᠲᠠᠢ ᠲᠡᠪᠡᠯ ᠵᠠᠬ᠎ᠠ ᠲᠠᠢ
ᠨᠡᠶᠢᠲᠡᠯᠡᠭᠰᠡᠨ ᠴᠠᠭ᠄
2019/11/18
᠁ ᠠᠯᠤᠩᠭᠤᠸ᠎ᠠ ᠡᠬᠡ ᠶᠢᠨ ᠲᠤᠮᠤᠭ ᠲᠡᠭᠦᠨ ᠢ ᠬᠤᠷᠸ᠎ᠠ ᠶᠢ ᠤᠷᠬᠢᠬᠤ ᠶᠢᠨ ᠲᠤᠭᠠᠯᠠᠩ ᠢᠶᠠᠷ ᠴᠤᠴᠠᠷᠠᠭᠰᠠᠨ ᠪᠦᠯᠦᠭᠡ᠃ ᠡᠬᠡ ᠠᠴᠠ ᠪᠠᠨ ᠬᠤᠶᠢᠰᠢ ᠠᠬ᠎ᠠ ᠲᠡᠭᠦᠦ ᠲᠠᠪᠤᠭᠤᠯᠠ᠂ ᠠᠳᠤᠭᠤ ᠮᠠᠯ ᠢᠶᠠᠨ ᠬᠤᠪᠢᠶᠠᠬᠤ ᠪᠤᠯᠤᠭᠠᠳ ᠪᠣᠳᠤᠨᠴᠠᠷ ᠮᠤᠩᠬᠠᠭ ᠢ ᠶᠠᠳᠠᠭᠤ ᠬᠡᠮᠡᠨ ᠤᠷᠤᠭ ᠲᠤ ᠦᠯᠦ ᠲᠤᠭᠠᠴᠠᠵᠤ ᠬᠤᠪᠢ ᠡᠰᠡ ᠦᠭᠪᠡ᠃ ᠪᠣᠳᠤᠨᠴᠠᠷ ᠤᠷᠤᠭ ᠲᠤ ᠡᠰᠡ ᠲᠤᠭᠠᠴᠠᠭᠳᠠᠨ ᠭᠤᠮᠤᠷᠬᠠᠭᠠᠳ ︽ᠦᠬᠦᠪᠡᠰᠦ ᠦᠬᠦᠶ᠎ᠡ᠂ ᠠᠮᠢᠳᠤᠷᠠᠪᠠᠰᠤ ᠠᠮᠢᠳᠤᠷᠠᠶ᠎ᠠ︾ ᠬᠡᠮᠡᠨ ᠤᠨᠤᠨ ᠮᠦᠷᠡᠨ ᠢ ᠵᠤᠷᠢᠵᠤ ᠤᠳᠤᠭᠰᠠᠨ ᠲᠡᠦᠬᠡ ᠲᠠᠢ᠃ ᠬᠠᠷᠢᠨ ᠮᠤᠩᠭᠤᠯᠴᠤᠳ ᠤᠨ ᠲᠤᠬᠠᠢ ᠰᠤᠳᠤᠯᠵᠤ ᠪᠢᠴᠢᠭᠰᠡᠨ ᠤᠯᠠᠨ ᠦᠭᠦᠯᠡᠯ ᠨᠤᠮ ᠤᠨ ᠲᠤᠮᠳᠠ ᠠᠴᠠ ᠶᠠᠫᠤᠨ ᠡᠷᠳᠡᠮᠳᠡᠨ ᠤ ᠨᠢᠭᠡᠨ ᠦᠭᠦᠯᠡᠯ ᠳᠤ ᠨᠢᠬᠡᠨ ᠰᠤᠨᠢᠨ ᠦᠵᠡᠯᠳᠡ ᠶᠢ ᠲᠤᠷᠠᠳᠤᠭᠰᠠᠨ ᠪᠠᠶᠢᠳᠠᠭ᠃ ᠮᠤᠩᠭᠤᠯᠴᠤᠳ ᠠᠴᠠ ᠪᠤᠰᠤᠳ ᠠᠽᠢᠶ᠎ᠠ ᠶᠢᠨ ᠪᠦᠬᠦ ᠦᠨᠳᠦᠰᠦᠳᠡᠨ ᠤ ᠬᠦᠮᠦᠰ ᠠᠳᠠ ᠦᠵᠡᠵᠦ ᠭᠠᠳᠠᠭᠤᠷᠴᠢᠯᠠᠭᠰᠠᠨ ᠨᠢᠭᠡᠨ ᠢᠶᠠᠨ ᠨᠤᠳᠤᠭ ᠠᠴᠠ ᠨᠢ ᠦᠯᠳᠡᠵᠦ ᠪᠠᠶᠢᠬᠤ ᠳᠤ᠂ ᠮᠤᠩᠭᠤᠯᠴᠤᠳ ᠡᠰᠡᠷᠭᠦ ᠪᠠᠷ ᠠᠳᠠ ᠦᠵᠡᠭᠰᠡᠨ ᠬᠡᠨ ᠨᠢᠭᠡᠨ ᠢᠶᠠᠨ ᠨᠤᠳᠤᠭ ᠲᠡᠭᠡᠷ᠎ᠡ ᠨᠢ ᠤᠷᠬᠢᠳᠠᠭ ᠭᠡᠵᠦ ᠪᠠᠶᠢᠭ᠎ᠠ ᠶᠤᠮ᠃ ᠵᠢᠱᠢᠶᠡᠯᠡᠬᠦ ᠳᠤ ᠶᠢᠰᠦᠭᠡᠢ ᠪᠠᠭᠠᠳᠤᠷ ᠢ ᠬᠠᠯᠢᠭᠰᠠᠨ ᠤ ᠲᠠᠷᠠᠭ᠎ᠠ ᠲᠠᠶᠢᠴᠢᠭᠤᠳ ᠤᠨ ᠠᠬ᠎ᠠ ᠲᠡᠭᠦᠦᠰ ᠪᠡᠯᠪᠡᠰᠦᠨ ᠦᠭᠡᠯᠦᠨ ᠦᠵᠢᠨ ᠢ ᠪᠢᠴᠢᠬᠠᠨ ᠬᠦᠪᠡᠭᠦᠳ ᠤᠨ ᠬᠢᠨᠢ ᠬᠠᠮᠳᠤ ᠨᠤᠳᠤᠭ ᠲᠤᠨᠢ ᠤᠷᠬᠢᠵᠤ ᠨᠡᠭᠦᠭᠰᠡᠨ ᠲᠡᠦᠬᠡ ᠲᠠᠢ᠃ ᠲᠡᠭᠡᠬᠦ ᠳᠤ ᠪᠣᠳᠤᠨᠴᠠᠷ ᠮᠤᠩᠬᠠᠭ ᠲᠦᠷᠪᠡᠨ ᠠᠬ᠎ᠠ ᠪᠠᠨ ᠨᠤᠳᠤᠭ ᠲᠤᠨᠢ ᠤᠷᠬᠢᠵᠤ ᠶᠠᠪᠤᠵᠤ ᠪᠠᠶᠢᠬᠤ ᠪᠠᠷ ᠦᠵᠡᠬᠦ ᠳᠤ ᠤᠷᠤᠭ ᠲᠤ ᠦᠯᠦ ᠲᠤᠭᠠᠴᠠᠭᠳᠠᠭᠰᠠᠨ ᠲᠡᠷᠡᠪᠠᠷ ᠨᠤᠳᠤᠭ ᠲᠠᠭᠠᠨ ᠠᠮᠢᠳᠤᠷᠠᠵᠤ ᠪᠤᠯᠬᠤ ᠪᠠᠶᠢᠭᠰᠠᠨ ᠴᠤ ᠭᠠᠳᠠᠭᠤᠷᠬᠠᠨ ᠪᠤᠳᠤᠭᠰᠠᠨ ᠤ ᠡᠷᠬᠡ ᠪᠠᠷ ᠠᠬ᠎ᠠ ᠨᠠᠷ ᠢᠶᠠᠨ ᠨᠤᠳᠤᠭ ᠲᠤᠨᠢ ᠤᠷᠬᠢᠨ ᠶᠠᠪᠤᠭᠰᠠᠨ ᠭᠡᠵᠦ ᠤᠶᠢᠯᠠᠭᠠᠵᠤ ᠪᠤᠯᠬᠤ ᠲᠠᠯ᠎ᠠ ᠲᠠᠢ᠃ ︽ᠦᠬᠦᠪᠡᠰᠦ ᠦᠬᠦᠶ᠎ᠡ᠂ ᠠᠮᠢᠳᠤᠷᠠᠪᠠᠰᠤ ᠠᠮᠢᠳᠤᠷᠠᠶ᠎ᠠ︾ ᠭᠡᠵᠦ ᠤᠨᠤᠨ ᠮᠦᠷᠡᠨ ᠢ ᠤᠨᠤᠭᠠᠨ ᠤ ᠭᠠᠭᠴᠠ ᠮᠤᠷᠢ ᠲᠠᠢ ᠵᠤᠷᠢᠵᠤ ᠤᠳᠤᠭᠰᠠᠨ ᠪᠣᠳᠤᠨᠴᠠᠷ ᠲᠤ ᠦᠨᠡᠨ ᠳᠡᠭᠡᠨ ᠠᠮᠢᠳᠤᠷᠠᠬᠤ ᠶᠢᠨ ᠬᠦᠰᠡᠯᠡᠩ ᠯᠡ ᠪᠠᠶᠢᠭᠰᠠᠨ ᠨᠢ ᠮᠡᠳᠡᠭᠡᠵᠢ᠃ ᠭᠡᠬᠦ ᠳᠡᠭᠡᠨ ᠦᠬᠦᠬᠦ ᠪᠠᠷ ᠪᠤᠳᠤᠭᠰᠠᠨ ᠴᠤ ᠲᠠᠷᠤᠮᠳᠠᠯᠠᠭᠤᠯᠵᠤ ᠠᠮᠢᠳᠤᠷᠠᠭᠰᠠᠨ ᠠᠴᠠ ᠲᠡᠭᠡᠷ᠎ᠡ ᠭᠡᠰᠡᠨ ᠰᠢᠨᠳᠠᠰᠤ ᠬᠠᠳᠠᠭᠤ ᠪᠤᠳᠤᠯ ᠲᠦᠷᠪᠡᠨ ᠠᠬ᠎ᠠ ᠪᠠᠨ ᠤᠷᠬᠢᠬᠤ᠋ ᠳᠤ ᠬᠦᠷᠭᠡᠭᠰᠡᠨ ᠪᠢᠵᠡ᠃ ᠪᠣᠳᠤᠨᠴᠠᠷ ᠮᠤᠩᠬᠠᠭ ᠪᠠᠯᠵᠢᠨ ᠠᠷᠠᠯ ᠬᠡᠮᠡᠬᠦ ᠭᠠᠵᠠᠷ ᠬᠦᠷᠴᠦ ᠡᠪᠡᠰᠦᠨ ᠡᠮᠪᠦᠯᠡ ᠭᠡᠷ ᠪᠠᠷᠢᠵᠤ ᠰᠠᠭᠤᠭᠰᠠᠨ ᠭᠡᠳᠡᠭ᠃ ᠲᠡᠷᠡ ᠪᠤᠷᠤ ᠬᠠᠷᠴᠠᠭᠠᠢ ᠶᠢᠨ ᠬᠠᠷ᠎ᠠ ᠬᠤᠷ ᠰᠢᠪᠠᠭᠤᠨ ᠢ ᠪᠠᠷᠢᠵᠤ ᠢᠳᠡᠬᠦ ᠦᠵᠡᠵᠦ ᠤᠨᠤᠭᠠᠨ ᠤ ᠭᠠᠭᠴᠠ ᠮᠤᠷᠢᠨ ᠤ ᠪᠠᠨ ᠬᠢᠯᠭᠠᠰᠤ ᠪᠠᠷ ᠲᠡᠷᠡ ᠪᠤᠷᠤ ᠬᠠᠷᠴᠠᠭᠠᠢ ᠶᠢ ᠪᠠᠷᠢᠵᠤ ᠠᠪᠴᠢᠷᠠᠭᠰᠠᠨ ᠪᠠᠶᠢᠨ᠎ᠠ᠃ ᠪᠣᠳᠤᠨᠴᠠᠷ ᠢᠩᠬᠢᠵᠦ ᠰᠠᠭᠤᠬᠤ ᠭᠡᠷ᠂ ᠢᠳᠡᠬᠦ ᠬᠤᠭᠤᠯᠠᠨ ᠤ ᠠᠰᠠᠭᠤᠳᠠᠯ ᠢᠶᠠᠨ ᠰᠢᠢᠳᠪᠦᠷᠢᠯᠡᠭᠰᠡᠨ ᠶᠤᠮ᠃ ᠲᠡᠷᠡ ᠪᠤᠷᠤ ᠬᠠᠷᠴᠠᠭᠠᠢ ᠰᠢᠭ᠋ ᠬᠠᠷ᠎ᠠ ᠬᠤᠷ ᠰᠢᠪᠠᠭᠤᠨ ᠢ ᠪᠠᠷᠢᠵᠤ ᠢᠳᠡᠶ᠎ᠡ ᠭᠡᠯ ᠦᠭᠡᠢ᠂ ᠬᠠᠷ᠎ᠠ ᠬᠤᠷ ᠰᠢᠪᠠᠭᠤ ᠶᠢ ᠪᠠᠷᠢᠵᠤ ᠢᠳᠡᠳᠡᠭ ᠪᠤᠷᠤ ᠬᠠᠷᠴᠠᠭᠠᠢ ᠶᠢ ᠪᠠᠷᠢᠵᠤ ᠰᠤᠷᠭᠠᠭᠤᠯᠢᠯᠠᠭᠰᠠᠨ ᠳᠤ ᠲᠡᠭᠦᠨ ᠤ ᠬᠤᠯᠠᠴᠢ ᠤᠬᠠᠭᠠᠨ ᠪᠠᠶᠢᠬᠤ ᠶᠤᠮ᠃ ᠲᠡᠷᠡ ᠬᠦᠷᠦᠭᠡᠰᠦ ᠠᠯᠠᠵᠤ᠂ ᠴᠢᠨ᠋ᠸ᠎ᠠ ᠶᠢᠨ ᠢᠳᠡᠭᠰᠡᠨ ᠰᠡᠭ ᠢ ᠲᠡᠭᠦᠵᠦ ᠦᠯᠦᠨ ᠭᠡᠳᠡᠰᠦ ᠪᠠᠨ ᠲᠦᠭᠦᠷᠭᠡᠨ᠂ ᠪᠤᠷᠤ ᠬᠠᠷᠴᠠᠭᠠᠢ ᠪᠠᠨ ᠲᠡᠵᠢᠭᠡᠵᠦ ᠰᠠᠭᠤᠬᠤ ᠳᠠᠭᠠᠨ ᠢᠷᠡᠬᠦ ᠬᠠᠪᠤᠷ ᠤᠨ ᠨᠤᠭᠤᠰᠤ ᠶᠢ ᠲᠡᠰᠪᠦᠷᠢᠳᠡᠢ ᠬᠦᠯᠢᠶᠡᠭᠰᠡᠨ ᠨᠢ ᠭᠠᠶᠢᠬᠠᠮᠰᠢᠭ᠃ ᠡᠨᠡ ᠨᠢ ᠪᠣᠳᠤᠨᠴᠠᠷ ᠤᠨ ᠠᠮᠢᠳᠤᠷᠠᠯ ᠤᠨ ᠬᠠᠷ᠎ᠠ ᠤᠬᠠᠭᠠᠨ ᠪᠠᠶᠢᠵᠤ ᠲᠠᠭᠠᠷᠠᠨ᠎ᠠ᠃ ᠰᠡᠭᠦᠳᠡᠷ ᠠᠴᠠ ᠪᠠᠨ ᠦᠭᠡᠷ᠎ᠡ ᠬᠠᠨᠢ ᠦᠭᠡᠢ ᠬᠦᠮᠦᠨ ᠤ ᠠᠮᠢᠨ ᠳᠠᠭᠠᠨ ᠵᠦᠪᠯᠡᠬᠦ ᠠᠴᠠ ᠦᠭᠡᠷ᠎ᠡ ᠶᠡᠭᠡ ᠤᠬᠠᠭᠠᠨ ᠬᠠᠮᠢᠭ᠎ᠠ ᠪᠠᠶᠢᠬᠤᠪ᠃ ᠪᠣᠳᠤᠨᠴᠠᠷ ᠤᠨ ᠰᠡᠭᠦᠳᠡᠷ ᠲᠠᠢ ᠪᠠᠨ ᠬᠠᠨᠢᠯᠠᠵᠤ ᠶᠠᠪᠤᠭᠰᠠᠨ ᠴᠠᠭ ᠲᠦᠩᠭᠡᠯᠢᠭ ᠭᠤᠷᠤᠬᠠᠨ ᠳᠤ ᠨᠢᠭᠡ ᠪᠦᠯᠦᠭ ᠢᠷᠭᠡᠳ ᠨᠡᠭᠦᠵᠦ ᠢᠷᠡᠭᠰᠡᠨ ᠢᠶᠠᠷ ᠡᠴᠦᠰ ᠪᠤᠯᠪᠠ᠃ ᠲᠡᠷᠡ ᠡᠳᠦᠷ ᠪᠦᠷᠢ ᠲᠡᠳᠡᠭᠡᠷ ᠢᠷᠭᠡᠳ ᠤᠨ ᠲᠡᠨᠳᠡ ᠤᠴᠢᠵᠤ ᠴᠡᠭᠡ ᠭᠤᠶᠤᠵᠤ ᠤᠤᠭᠤᠨ᠎ᠠ᠂ ᠬᠠᠷᠢᠭᠤ ᠳᠤᠨᠢ ᠲᠡᠷᠡ ᠢᠷᠭᠡᠳ ᠬᠠᠷᠴᠠᠭᠠᠢ ᠶᠢ ᠨᠢ ᠭᠤᠶᠤᠬᠤ ᠳᠤ ᠬᠠᠷᠢᠨ ᠦᠭᠳᠡᠭ ᠦᠭᠡᠢ᠂ ᠭᠡᠯ᠎ᠡ ᠴᠤ ᠲᠡᠷᠡ ᠴᠡᠭᠡ ᠶᠢ ᠨᠢ ᠤᠤᠭᠤᠬᠤ ᠪᠠᠷ ᠡᠳᠦᠷ ᠪᠦᠷᠢ ᠤᠴᠢᠳᠠᠭ ᠢᠶᠠᠷ ᠢᠶᠠᠨ ᠤᠴᠢᠳᠠᠭ ᠪᠠᠶᠢᠪᠠ᠃ ᠶᠠᠭ ᠡᠨᠡ ᠦᠶ᠎ᠡ ᠳᠤᠨᠢ ᠪᠤᠬ᠎ᠠ ᠬᠠᠳᠠᠬᠢ ᠠᠬ᠎ᠠ ᠨᠢ ᠪᠣᠳᠤᠨᠴᠠᠷ ᠲᠡᠭᠦᠦ ᠪᠠᠨ ᠡᠷᠢᠵᠦ ᠬᠦᠷᠦᠨ᠎ᠡ᠃ ᠪᠣᠳᠤᠨᠴᠠᠷ ᠠᠬ᠎ᠠ ᠪᠠᠨ ᠲᠠᠭᠠᠵᠤ ᠶᠠᠪᠤᠬᠤ ᠳᠠᠭᠠᠨ ︽ᠬᠦᠮᠦᠨ ᠠᠬ᠎ᠠ ᠲᠠᠢ᠂ ᠲᠡᠪᠡᠯ ᠵᠠᠬ᠎ᠠ ᠲᠠᠢ ᠰᠠᠶᠢᠨ︾ ᠭᠡᠵᠦ ᠭᠤᠷᠪᠠᠨᠳᠠ ᠲᠠᠪᠳᠠᠭᠰᠠᠨ ᠴᠤ ᠪᠤᠬ᠎ᠠ ᠬᠠᠳᠠᠭᠢ ᠤᠶᠢᠯᠠᠭᠠᠭᠰᠠᠨ ᠦᠭᠡᠢ᠃ ᠪᠣᠳᠤᠨᠴᠠᠷ᠂ ᠠᠬ᠎ᠠ ᠳᠠᠭᠠᠨ ᠬᠠᠨᠳᠤᠵᠤ᠄ ︽ᠰᠠᠶ᠋ᠢ ᠶᠢᠨ ᠲᠦᠩᠭᠡᠯᠢᠭ ᠭᠤᠷᠤᠬᠠᠨ᠎ᠠ ᠪᠦᠬᠦᠢ ᠢᠷᠭᠡᠨ ᠳᠤ ᠡᠵᠡᠨ ᠦᠭᠡᠢ᠂ ᠶᠡᠭᠡ ᠪᠠᠭ᠎ᠠ᠂ ᠰᠠᠶᠢᠨ ᠮᠠᠭᠤ᠂ ᠲᠤᠯᠤᠭᠠᠢ ᠰᠢᠭᠢᠷ᠎ᠠ ᠴᠦᠮ ᠨᠢᠭᠡᠨ ᠠᠳᠠᠯᠢ ᠰᠠᠴᠠᠭᠤ ᠪᠠᠶᠢᠮᠤᠢ᠃ ᠡᠶᠢᠮᠦ ᠬᠢᠯᠪᠠᠷ ᠢᠷᠭᠡᠨ ᠲᠤᠯᠠ ᠲᠡᠳᠡᠨ ᠢ ᠪᠢᠳᠡ ᠡᠵᠡᠯᠡᠵᠦ ᠠᠪᠤᠶ᠎ᠠ︾ ᠬᠡᠪᠠ᠃ ᠠᠮᠢᠳᠤᠷᠠᠯ ᠤᠨ ᠬᠠᠷ᠎ᠠ ᠤᠬᠠᠭᠠᠨ ᠳᠠᠭᠠᠨ ᠲᠦᠰᠢᠵᠦ᠂ ᠨᠤᠭᠤᠰᠤ ᠰᠢᠪᠠᠭᠤ ᠠᠩᠨᠠᠨ᠂ ᠴᠡᠭᠡ ᠭᠤᠶᠤᠵᠤ ᠶᠠᠪᠤᠭᠰᠠᠨ ᠪᠣᠳᠤᠨᠴᠠᠷ ᠠᠴᠠ ᠲᠦᠷᠦ ᠶᠢᠨ ᠬᠠᠷ᠎ᠠ ᠤᠬᠠᠭᠠᠨ ᠲᠦᠷᠦᠵᠦ ᠪᠠᠶᠢᠭ᠎ᠠ ᠨᠢ ᠡᠨᠡ᠃ ᠪᠣᠳᠤᠨᠴᠠᠷ ᠠᠬ᠎ᠠ ᠨᠠᠷ ᠢᠶᠠᠨ ᠲᠠᠭᠠᠭᠤᠯᠤᠨ ᠦᠪᠡᠷ ᠢᠶᠠᠨ ᠬᠤᠰᠢᠭᠤᠴᠢᠯᠠᠵᠤ᠂ ᠲᠡᠳᠡᠭᠡᠷ ᠢᠷᠭᠡᠳ ᠢ ᠲᠤᠪᠳᠤᠯᠤᠨ᠂ ᠠᠳᠤᠭᠤ ᠮᠠᠯ ᠢ ᠨᠢ ᠠᠪᠴᠤ᠂ ᠬᠦᠮᠦᠨ ᠠᠷᠠᠳ ᠢ ᠨᠢ ᠵᠠᠷᠤᠴᠠ ᠪᠤᠯᠭᠠᠪᠠ᠃ ᠮᠤᠩᠭᠤᠯ ᠤᠨ ᠲᠦᠷᠦᠳᠦ ᠶᠤᠰᠤᠨ ᠤ ᠪᠠᠶᠢᠭᠤᠯᠤᠯ ᠤᠨ ᠡᠬᠢ ᠠᠳᠡ ᠠᠴᠠ ᠯᠡ ᠲᠠᠯᠪᠢᠭᠳᠠᠭᠰᠠᠨ ᠭᠡᠵᠦ ᠬᠡᠯᠡᠬᠦ ᠳᠤ ᠪᠤᠯᠤᠨ᠎ᠠ᠃ ᠪᠣᠳᠤᠨᠴᠠᠷ ᠮᠤᠩᠬᠠᠭ ᠠᠬ᠎ᠠ ᠨᠠᠷ ᠤᠨ ᠢᠶᠠᠨ ᠪᠤᠰᠤᠷᠮᠠᠭ ᠦᠢᠯᠡ ᠶᠢ ᠠᠭᠤᠴᠢᠯᠠᠨ ᠪᠠᠭᠳᠠᠭᠠᠵᠤ᠂ ᠬᠠᠯᠠᠭᠤᠨ ᠵᠠᠭᠤᠷ᠎ᠠ ᠪᠠᠨ ᠪᠦᠯᠬᠦᠮᠳᠡᠨ᠂ ᠬᠠᠷᠢ ᠢᠷᠭᠡᠳ ᠢ ᠡᠵᠡᠯᠡᠵᠦ ︽ᠬᠦᠮᠦᠨ ᠠᠬ᠎ᠠ ᠲᠠᠢ᠂ ᠲᠡᠪᠡᠯ ᠵᠠᠬ᠎ᠠ ᠲᠠᠢ ᠰᠠᠶᠢᠨ︾ ᠬᠡᠮᠡᠨ ᠬᠡᠯᠡᠭᠰᠡᠨ ᠤ ᠤᠴᠢᠷ ᠡᠶᠢᠮᠤ ᠶᠤᠮ ᠬᠡᠨ᠎ᠠ ᠯᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号