ᠠᠯᠠᠱᠠ ᠵᠡᠭᠦᠨ ᠬᠤᠰᠢᠭᠤᠨ ᠤ ᠴᠠᠭᠠᠨ ᠰᠤᠪᠤᠷᠭ᠎ᠠ ᠶᠢᠨ ᠰᠦᠮ᠎ᠠ
ᠨᠡᠶᠢᠲᠡᠯᠡᠭᠰᠡᠨ ᠴᠠᠭ᠄
2019/11/18
ᠠᠯᠠᠱᠠ ᠵᠡᠭᠦᠨ ᠬᠤᠰᠢᠭᠤᠨ ᠤ ᠵᠢᠷᠠᠳᠠᠢ ᠪᠠᠯᠭᠠᠰᠤᠨ ᠤ ᠪᠠᠶᠠᠬᠠᠭᠤᠯᠠ ᠭᠠᠴᠠᠭᠠᠨ ᠤ ᠪᠡᠯᠴᠢᠷ ᠬᠡᠮᠡᠭᠦ ᠨᠤᠳᠤᠭ ᠲᠤ ᠪᠠᠶᠢᠷᠢᠰᠢᠵᠤ᠂ ᠪᠤᠶᠠᠨ ᠢ ᠥᠨᠳᠤᠰᠤᠯᠡᠭᠴᠢ ᠰᠥᠮ᠎ᠡ ᠶᠢᠨ ᠬᠠᠷᠢᠶᠠᠨ ᠤ ᠨᠠᠢᠮᠠᠨ ᠰᠥᠮ᠎ᠡ ᠶᠢᠨ ᠨᠢᠬᠡ ᠪᠤᠯᠤᠨ᠎ᠡ᠃ ᠡ᠊ᠨᠳᠡ ᠳ᠋ᠤᠪᠽᠠᠩ ᠬᠤᠳᠤᠭᠳᠤ ᠶᠢᠨ ᠨᠢᠬᠡᠳᠤᠬᠡᠷ ᠲᠥᠷᠢ᠂ ᠭᠤᠷᠪᠠᠳᠤᠭᠠᠷ ᠲᠥᠷᠢ ᠶᠢᠨ ᠴᠢᠨᠳᠠᠷ ᠪᠤᠯᠤᠨ ᠭᠤᠷᠪᠠᠳᠤᠭᠠᠷ ᠲᠥᠷᠢ ᠶᠢᠨ ᠥᠢᠽᠠᠩ ᠯᠠᠮᠨ ︵ᠢᠰᠢᠳᠠᠨᠽᠠᠨ︶ ᠶᠢᠨ ᠴᠢᠨᠳᠠᠷ ᠢ ᠰᠤᠪᠤᠷᠭᠠᠯᠠᠨ ᠰᠢᠳᠤᠵᠤ ᠪᠠᠶᠢᠭ᠎ᠠ ᠰᠢᠳᠤᠬᠡᠨᠳᠤ ᠤᠷᠤᠨ ᠪᠤᠯᠤᠨ᠎ᠡ᠃ ᠲᠤᠰ ᠰᠥᠮ᠎ᠡ ᠶᠢᠨ ᠲᠦᠪᠠᠤᠨ ᠨᠠᠷ᠎ᠠ ᠨᠢ ︽ᠰᠠᠷᠳᠠᠭᠷᠢᠨᠴᠢᠨᠯᠢᠩ︾ ᠬᠡᠳᠡᠭ᠃ ᠰᠠᠶᠢᠰᠢᠶᠠᠯᠳᠤ ᠢᠷᠤᠬᠡᠯᠳᠤ ᠶᠢᠨ 19 ᠤᠨ ︵1814 ᠤᠨ︶ ᠳᠤ ᠪᠠᠶᠢᠭᠤᠯᠤᠭᠳᠠᠵᠠᠢ᠃ ᠴᠠᠭᠠᠨ ᠰᠤᠪᠤᠷᠭ᠎ᠠ ᠶᠢᠨ ᠰᠥᠮ᠎ᠡ ᠨᠢ ᠲᠡᠤᠬᠡᠨ ᠬᠥᠭᠵᠢᠯᠳᠡ ᠶᠢᠨ ᠶᠠᠪᠤᠴᠠ ᠳᠤ ᠤᠯᠠᠨᠳᠠ ᠡᠪᠳᠡᠭᠳᠡᠨ ᠰᠥᠢᠳᠬᠡᠭᠳᠡᠭᠰᠡᠨ ᠤᠳᠠᠭ᠎ᠠ ᠪᠤᠢ᠃ ᠰᠡᠭᠦᠯᠡᠷ ᠨᠢ ᠨᠠᠮ ᠤᠨ ᠠᠷᠪᠠᠨ ᠨᠢᠬᠡᠳᠤᠬᠡᠷ ᠬᠤᠭᠤᠴᠠᠭᠠᠨ ᠤ ᠭᠤᠷᠪᠠᠳᠤᠭᠠᠷ ᠪᠥᠭᠦᠳᠡ ᠬᠤᠷᠠᠯ ᠤᠨ ᠲᠠᠷᠠᠭ᠎ᠠ ᠨᠠᠮ ᠤᠨ ᠥᠨᠳᠤᠰᠤᠳᠡᠨ᠂ ᠱᠠᠰᠢᠨ ᠰᠤᠷᠳᠠᠬᠤᠨ ᠤ ᠲᠥᠷᠤ ᠶᠢᠨ ᠪᠤᠳᠤᠯᠭ᠎ᠠ ᠶᠢᠨ ᠲᠤᠶᠠᠭᠠᠷᠠᠯ ᠢᠶᠠᠷ ᠶᠡᠷᠡᠬᠡᠳ ᠤᠨ ᠳᠤ ᠴᠥᠮᠪᠤᠯ᠂ ᠨᠢᠮ᠎ᠠ ᠳ᠋ᠠᠨᠠᠢ ᠵᠡᠷᠬᠡ ᠡᠷᠳᠡᠮᠳᠡᠨ ᠪᠠᠭᠰᠢ ᠨᠠᠷ ᠵᠢᠴᠢ ᠨᠤᠳᠤᠭ ᠤᠨ ᠮᠠᠯᠴᠢᠳ᠂ ᠰᠥᠰᠥᠭᠳᠡᠨ ᠤᠯᠠᠨ ᠤ ᠲᠡᠮᠵᠢᠯᠬᠡ ᠪᠠᠷ ᠰᠡᠷᠭᠦᠬᠡᠨ ᠪᠠᠶᠢᠭᠤᠯᠤᠭᠰᠠᠨ ᠪᠠᠶᠢᠨ᠎ᠠ᠃ ᠴᠠᠭᠠᠨ ᠰᠤᠪᠤᠷᠭ᠎ᠠ ᠶᠢᠨ ᠰᠥᠮ᠎ᠡ ᠨᠢ ᠪᠠᠷᠤᠭ 100 ᠭᠠᠷᠤᠢ ᠮᠧᠲᠷ ᠲᠠᠯᠠᠪᠠᠢ ᠲᠠᠢ᠃ ᠤᠳᠤ ᠶᠡᠭᠡ ᠪᠠᠭ᠎ᠠ ᠭᠤᠷᠪᠠᠨ ᠰᠠᠭᠤᠷᠢ ᠰᠤᠪᠤᠷᠭ᠎ᠠ᠂ ᠨᠢᠬᠡ ᠬᠤᠷᠠᠯ ᠬᠤᠷᠠᠬᠤ ᠲᠤᠭᠠᠩ᠂ ᠬᠤᠶᠠᠷ ᠮᠤᠩᠭᠤᠯ ᠬᠡᠷ᠂ ᠲᠤᠯᠤᠭᠠᠨ ᠲᠠᠰᠤᠯᠭ᠎ᠠ ᠪᠠᠶᠢᠰᠢᠩ ᠲᠠᠢ᠃ ᠵᠢᠯ ᠪᠤᠯᠭᠠᠨ ᠤ ᠪᠢᠯᠢᠭ ᠤᠨ ᠤᠯᠠᠷᠢᠯ ᠤᠨ ᠲᠤᠯᠤᠭᠠᠨ ᠰᠠᠷ᠎ᠠ ᠶᠢᠨ ᠠᠷᠪᠠᠨ ᠲᠠᠪᠤᠨ ᠤ ᠡᠳᠤᠷ᠂ ᠨᠤᠳᠤᠭ ᠤᠨ ᠮᠠᠯᠴᠢᠳ ᠡ᠊ᠨᠳᠡ ᠴᠤᠭᠯᠠᠷᠠᠨ ᠴᠠᠭᠠᠨ ᠰᠤᠪᠤᠷᠭ᠎ᠠ ᠪᠠᠨ ᠲᠠᠬᠢᠵᠤ᠂ ᠦᠯᠵᠡᠢ ᠬᠡᠶᠢᠮᠦᠷᠢ ᠪᠠᠨ ᠬᠡᠶᠢᠰᠬᠡᠨ᠂ ᠡᠩᠬᠡ ᠵᠢᠷᠭᠠᠯᠲᠤ ᠠᠮᠢᠲᠤᠷᠠᠯ ᠢᠶᠠᠨ ᠨᠠᠮᠠᠨᠴᠢᠯᠠᠨ ᠲᠠᠭᠠᠳᠬᠠᠳᠠᠭ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号