| | ᠬᠦᠳᠡᠭᠡ ᠭᠠᠵᠠᠷ ᠤᠨ ᠪᠠᠶᠢᠴᠠ ᠠᠭᠤᠯᠠ ᠨᠢᠷᠤᠭᠤᠨ ᠤ ᠢᠯᠭᠠᠪᠤᠷᠢ ᠨᠢ ᠭᠡᠪᠡᠯ᠄ ᠨᠢᠷᠤᠭᠤ ᠠᠭᠤᠯᠠ ᠭᠡᠳᠡᠭ ᠪᠤᠯ | ᠵᠠᠪᠠᠯ ᠪᠦᠯᠦᠭ ᠦᠷᠬᠦᠯᠵᠢᠯᠡᠭᠰᠡᠨ ᠠᠭᠤᠯᠠ ᠪᠠᠶᠢᠵᠤ᠂ ᠠᠷᠤ ᠦᠪᠦᠷ ᠲᠡᠭᠡᠨ ᠬᠦᠳᠡᠭᠡ ᠲᠠᠢ ᠠᠭᠤᠯᠠ ᠶᠢ ᠭᠡᠯᠡᠨ᠎ᠡ᠃ | ᠨᠢᠭᠡ ᠬᠤᠶᠠᠷᠬᠠᠨ ᠱᠣᠪᠣᠭᠤᠷ ᠭᠤᠵᠣᠭᠤᠷ ᠠᠭᠤᠯᠠ ᠶᠢ ᠨᠢᠷᠤᠭᠤ ᠠᠭᠤᠯᠠ ᠭᠡᠬᠦ ᠦᠭᠡᠢ᠃ ᠠᠭᠠᠷᠢᠭ ᠭᠡᠳᠡᠭ ᠨᠢ | ᠨᠢᠷᠤᠭᠤᠨ ᠠᠴᠠ ᠪᠠᠨ ᠨᠠᠮᠬᠠᠨ ᠪᠦᠭᠡᠳ ᠨᠢᠭᠳᠠ ᠵᠢᠵᠢᠭ ᠪᠦᠳᠦᠴᠠ ᠲᠠᠢ ᠠᠭᠤᠯᠠ ᠶᠢ ᠭᠡᠯᠡᠨ᠎ᠡ᠃ ᠪᠦᠷ ᠬᠦᠳᠡᠭᠡ | ᠭᠠᠵᠠᠷ ᠢ ᠪᠤᠯ ᠠᠭᠤᠯᠠᠨ ᠠᠴᠠ ᠪᠠᠭᠤᠭᠰᠠᠨ ᠣᠰᠣᠨ ᠣᠷᠣᠰᠬᠠᠯ ᠢ ᠳᠠᠭᠠᠭᠤᠯᠵᠣ ᠠᠮᠢᠳᠦᠯᠢᠭ᠋ ᠢᠶᠠᠷ ᠭᠡᠯᠡᠨ᠎ᠡ᠃ | ᠵᠢᠱᠢᠶᠡᠯᠡᠪᠡᠯ᠄ ᠵᠡᠬᠦᠨ ᠠᠴᠠ ᠦᠭᠡᠳᠡ ᠪᠠᠶᠢᠵᠤ ᠪᠤᠯᠤᠨ᠎ᠠ᠂ ᠡᠮᠤᠨ᠎ᠡ ᠠᠴᠠ ᠪᠠᠨ ᠦᠭᠡᠳᠡ ᠪᠠᠨ ᠪᠠᠶᠢᠵᠤ ᠪᠤᠯᠤᠨ᠎ᠠ᠂ | ᠠᠯᠢ ᠵᠦᠭ ᠲᠤ ᠦᠨᠳᠦᠷ ᠠᠭᠤᠯᠠ ᠲᠠᠢ ᠪᠤᠯ ᠳᠡᠬᠦᠨ ᠠᠴᠠ ᠪᠠᠭᠤᠬᠤ ᠣᠰᠣ ᠭᠠᠵᠠᠷ ᠣᠷᠣᠭᠤ ᠣᠷᠣᠰᠬᠤ ᠶᠢᠨ | ᠳᠣᠯᠠᠳᠠ ᠳᠦᠷᠪᠡᠨ ᠵᠦᠭ ᠤᠨ ᠠᠯᠢ ᠨᠢ ᠴᠦ ᠦᠭᠡᠳᠡ ᠪᠠᠶᠢᠵᠤ ᠪᠤᠯᠤᠨ᠎ᠠ᠂ ᠬᠠᠷᠢᠨ ᠡᠵᠡᠨ᠎ᠡ ᠶᠢᠨ ᠭᠤᠤᠯ ᠮᠡᠳᠣ | ᠡᠮᠣᠨ᠎ᠡ ᠳᠠᠯ᠎ᠠ ᠪᠠᠨ ᠭᠡᠵᠢᠶᠡᠳᠡ ᠳᠡᠭᠡᠳᠣ᠂ ᠬᠤᠶᠢᠳᠣ ᠳᠠᠯ᠎ᠠ ᠪᠠᠨ ᠭᠡᠵᠢᠶᠡᠳᠡ ᠳᠣᠣᠷᠠᠳᠣ ᠳᠠᠯ᠎ᠠ ᠭᠡᠬᠦ ᠦᠭᠡᠢ᠂ ᠡᠨᠡ | ᠳᠡᠭᠡᠷ᠎ᠡ ᠪᠠᠨ ᠭᠤᠤᠯ ᠲᠠᠢ ᠭᠠᠵᠠᠷ ᠨᠣᠳᠣᠭᠯᠠᠭᠰᠠᠨ ᠬᠦᠮᠦᠨ ᠪᠤᠯᠤᠨ ᠠᠭᠤᠯᠠᠨ ᠭᠠᠵᠠᠷ ᠨᠣᠳᠣᠭᠯᠠᠭᠰᠠᠨ ᠬᠦᠮᠦᠨ | ᠬᠤᠭᠤᠷᠣᠨᠳᠣ ᠪᠠᠨ ᠭᠠᠵᠠᠷ ᠵᠢᠭᠠᠬᠤ ᠳᠠᠭᠠᠨ ᠬᠠᠷᠢᠯᠴᠠᠨ ᠦᠢᠯᠠᠭᠠᠯᠴᠠᠭ᠎ᠠ ᠨᠢ ᠮᠠᠭᠤᠳᠠᠵᠣ᠂ ᠪᠣᠷᠣᠭᠤ ᠳᠣᠭᠤᠷᠢᠭᠤ | ᠶᠠᠪᠤᠬᠤ ᠪᠣᠶᠣ ᠴᠢᠨᠠᠭᠰᠢᠯᠠᠪᠠᠯ ᠳᠦᠭᠡᠷᠢᠬᠦ ᠣᠴᠢᠷ ᠴᠦ ᠭᠠᠷᠤᠨ᠎ᠠ᠂ ᠡᠶᠢᠮᠤ ᠶᠢᠨ ᠣᠴᠢᠷ ᠬᠤᠵᠢᠮ ᠤᠨ ᠦᠷ᠎ᠠ | ᠠᠴᠢᠨᠠᠷ ᠲᠠᠭᠠᠨ ᠮᠡᠳᠡᠬᠦᠯᠬᠦ ᠰᠠᠨᠠᠭᠠᠨ ᠠᠴᠠ ᠦᠬᠦᠯᠡᠪᠡ᠃ ᠡᠨᠡ ᠨᠣᠳᠤᠭ ᠲᠤ ᠪᠢ ᠣᠯᠠᠨ ᠲᠠᠢ ᠪᠠᠨ ᠬᠠᠮᠳᠣ ᠳᠠᠪᠢ | ᠭᠠᠷᠦᠢ ᠵᠢᠯ ᠠᠵᠢᠯᠯᠠᠵᠤ ᠠᠮᠢᠳᠣᠷᠠᠵᠣ ᠶᠠᠪᠤᠭᠰᠠᠨ ᠤ ᠬᠤᠪᠢ ᠳᠤ ᠣᠭ ᠲᠠᠭᠠᠨ ᠨᠡᠷ᠎ᠡ ᠦᠭᠡᠢ ᠪᠠᠶᠢᠭᠰᠠᠨ ᠭᠠᠵᠠᠷ | ᠰᠢᠨ᠎ᠡ ᠨᠡᠷ᠎ᠡ ᠦᠭᠬᠦ ᠶᠢ ᠵᠣᠷᠢᠪᠠ᠃ | 1. ᠭᠤᠪᠢ ᠶᠢᠨ ᠬᠠᠷ᠎ᠠ᠃ ᠪᠤᠤᠷ᠎ᠠ ᠬᠠᠶᠢᠷᠬᠠᠨ ᠤ ᠵᠡᠬᠦᠨ ᠡᠮᠣᠨ᠎ᠡ ᠭᠤᠪᠢ ᠳᠡᠭᠡᠷ᠎ᠡ ᠣᠷᠣᠰᠢᠬᠤ ᠣᠨᠴᠠᠭᠠᠢ ᠨᠢᠭᠡᠨ | ᠬᠠᠷ᠎ᠠ ᠳᠣᠯᠣᠭᠠᠢ᠃ | 2. ᠮᠥᠨ ᠡᠨᠡ ᠬᠠᠷ᠎ᠠ ᠳᠣᠯᠣᠭᠠᠢ ᠶᠢᠨ ᠬᠠᠷᠠᠯᠳᠤᠭ᠎ᠠ ᠵᠡᠬᠦᠨ ᠳᠠᠯ᠎ᠠ ᠳᠤ ᠭᠠᠭᠴᠠᠬᠠᠨ ᠳᠣᠪᠬᠤᠭᠤᠷ ᠬᠦᠷᠡᠩ | ᠳᠣᠯᠣᠭᠠᠢ ᠪᠣᠢ᠃ 1996 ᠣᠨ ᠳᠤ ᠪᠢ ᠡᠨᠡ ᠭᠠᠵᠠᠷ ᠬᠤᠳᠳᠤᠭ ᠮᠠᠯᠳᠠᠨ ᠨᠣᠳᠣᠭᠯᠠᠵᠣ ᠪᠠᠶᠢᠭᠰᠠᠨ ᠪᠣᠯᠪᠠᠴᠣ | ᠵᠠᠪᠰᠠᠷ ᠤᠨ ᠣᠰᠣ ᠪᠠᠶᠢᠵᠤ ᠬᠤᠵᠢᠮ ᠨᠢ ᠣᠰᠣ ᠦᠭᠡᠢ ᠪᠤᠯᠤᠭᠰᠠᠨ ᠶᠤᠮ᠃ | 3. ᠪᠠᠵᠢᠭᠤᠨᠠ ᠶᠢᠨ ᠬᠠᠷ᠎ᠠ᠃ ᠡᠨᠡ ᠪᠤᠯ ᠨᠢᠭᠡ ᠪᠠᠭ᠎ᠠ ᠰᠢᠭ᠋ ᠨᠢᠷᠤᠭᠤ ᠠᠭᠤᠯᠠ ᠪᠤᠢ᠂ ᠣᠷᠭᠤᠮᠠᠯ ᠦᠳᠭᠡᠨ᠂ | ᠦᠨᠳᠣᠰᠣ ᠰᠠᠶᠢᠳᠠᠢ᠂ ᠪᠠᠵᠢᠭᠤᠨᠠ ᠣᠨᠴᠠᠭᠠᠢ ᠶᠡᠭᠡ ᠣᠷᠭᠤᠳᠠᠭ᠂ ᠬᠤᠳᠳᠤᠭ ᠣᠰᠣ ᠦᠭᠡᠢ᠂ ᠡᠮᠡᠭᠡᠯᠴᠡᠭ ᠤᠨ | ᠨᠢᠷᠤᠭᠤ ᠠᠴᠠ ᠬᠤᠶᠢᠰᠢ ᠪᠠᠷ᠎ᠠ ᠨᠢ ᠬᠠᠷᠠᠭᠳᠠᠨ᠎ᠠ᠃ | ᠳᠡᠭᠡᠷ᠎ᠡ ᠦᠶ᠎ᠡ ᠶᠢᠨ ᠮᠤᠩᠭᠤᠯᠴᠣᠳ ᠮᠠᠨᠢ ᠳᠡᠯ ᠠᠭᠤᠯᠠ ᠪᠠᠷ ᠨᠣᠳᠣᠭᠯᠠᠵᠣ ᠪᠠᠶᠢᠬᠤ ᠳᠠᠭᠠᠨ ᠶᠠᠮᠠᠷ ᠶᠠᠮᠠᠷ ᠨᠡᠷ᠎ᠡ | ᠣᠰᠣ ᠲᠠᠢ ᠭᠠᠵᠠᠷ ᠪᠠᠶᠢᠭᠰᠠᠨ ᠢ ᠲᠠ ᠣᠯᠠᠨ ᠳᠠᠭᠠᠨ ᠳᠣᠯᠢᠳᠠᠭᠤᠯᠬᠤ ᠶᠢᠨ ᠣᠴᠢᠷ ᠡᠶᠢᠮᠤᠷᠬᠦ ᠬᠠᠭᠤᠴᠢᠨ | ᠭᠠᠵᠠᠷ ᠤᠨ ᠨᠡᠷᠡᠰ ᠢ ᠭᠡᠯᠡᠵᠤ ᠪᠢᠴᠢᠬᠦᠯᠪᠡ᠃ ᠳᠣᠯᠣᠣ ᠶᠢᠨ ᠭᠤᠤᠯ᠂ ᠪᠠᠯᠭᠠᠨᠠᠳᠠᠢ ᠶᠢᠨ ᠭᠤᠤᠯ ︵ᠪᠠᠯᠭᠠᠨᠠᠳᠠᠢ ᠶᠢᠨ | ᠣᠪᠣᠭ᠎ᠠ ᠭᠡᠵᠤ ᠬᠠᠭᠤᠴᠢᠨ ᠴᠠᠭ ᠲᠤ ᠮᠤᠩᠭᠤᠯᠴᠣᠳ ᠳᠠᠬᠢᠵᠤ ᠪᠠᠶᠢᠭᠰᠠᠨ ᠣᠪᠣᠭ᠎ᠠ ᠪᠣᠢ᠂ ᠣᠳᠣ ᠳᠡᠭᠡᠳᠣ | ᠮᠣᠩᠭᠤᠯᠴᠣᠳ ᠰᠡᠷᠬᠦᠭᠡᠨ ᠳᠠᠬᠢᠵᠣ ᠪᠠᠶᠢᠨ᠎ᠠ︶᠂ ᠠᠭᠠᠷᠢᠭ ᠤᠨ ᠰᠦᠮᠡᠳᠣ᠂ ᠳᠠᠯ᠎ᠠ ᠶᠢᠨ ᠰᠦᠮᠡᠳᠣ᠂ ᠳᠡᠭᠡᠷᠮᠡᠳᠣ᠂ | ᠴᠠᠭᠠᠨ ᠳᠣᠯᠣᠭᠠᠢ᠂ ᠬᠠᠶᠠᠭ᠎ᠠ ᠬᠤᠣᠡᠳᠤᠭ᠂ ᠠᠳᠣᠭᠤᠨ ᠣᠰᠣ᠂ ᠴᠣᠯᠪᠣᠭᠤᠷ ᠬᠠᠷ᠎ᠠ᠂ ᠶᠡᠭᠡ ᠴᠠᠭᠠᠨ ᠴᠢᠯᠠᠭᠤᠳᠣ᠂ | ᠪᠠᠭ᠎ᠠ ᠴᠠᠭᠠᠨ ᠴᠢᠯᠠᠭᠤᠳᠣ ᠭᠡᠳᠡᠭ ᠪᠣᠯ ᠪᠦᠷ ᠪᠤᠯᠠᠭ ᠣᠰᠣ ᠲᠠᠢ ᠭᠠᠵᠠᠷ ᠪᠤᠢ᠃ ᠬᠦᠷᠡᠩ ᠣᠪᠣᠭᠠᠳᠣ᠂ ᠨᠣᠭᠤᠭᠠᠨ | ᠳᠣᠪᠣᠩ᠂ ᠳᠠᠪᠣᠨ ᠬᠤᠳᠳᠤᠭ᠂ ᠣᠭᠳᠠᠷᠭᠤᠢ ᠶᠢᠨ ᠣᠰᠣ᠂ ᠬᠤᠶᠢᠳᠣ ᠬᠠᠷ᠎ᠠ ᠶᠢᠨ ᠱᠠᠩᠳᠠ᠂ ᠳᠠᠩᠬᠠᠷ ᠰᠣᠬᠠᠶᠢᠳᠣ | ᠂ ᠪᠦᠳᠦᠬᠦᠨ ᠬᠤᠯᠣᠰᠣᠳᠠᠢ᠂ ᠦᠵᠦᠬᠦᠷ ᠬᠤᠯᠣᠰᠣᠳᠠᠢ᠂ ᠬᠤᠯᠠᠨ ᠤ ᠳᠠᠳᠠᠭᠠᠯ᠂ ᠠᠷᠤ ᠬᠠᠪᠳᠠᠭᠠᠢ ᠶᠢᠨ ᠪᠣᠯᠠᠭ᠂ | ᠦᠪᠦᠷ ᠬᠠᠪᠳᠠᠭᠠᠢ ᠶᠢᠨ ᠪᠤᠯᠠᠭ ︵ᠡᠨᠡ ᠬᠤᠶᠠᠷ ᠪᠤᠯᠠᠭ ᠨᠢ ᠬᠠᠷ᠎ᠠ ᠳᠡᠯ ᠠᠭᠤᠯᠠᠨ ᠤ ᠠᠷᠤ ᠦᠪᠦᠷ ᠳᠠᠯ᠎ᠠ ᠳᠤᠨᠢ | ᠪᠠᠶᠢᠳᠠᠭ ᠪᠣᠯᠬᠤᠷ ᠡᠶᠢᠨ ᠬᠦ ᠨᠡᠷᠡᠶᠢᠳᠴᠡᠢ︶᠂ ᠣᠯᠠᠭᠠᠨ ᠪᠣᠯᠠᠭ᠂ ᠬᠦᠷᠡᠩ ᠳᠣᠣᠷᠡᠢ᠂ ᠳᠡᠯ ᠬᠤᠯᠣᠰᠣᠳᠠᠢ᠂ | ᠬᠤᠭᠤᠯᠠᠢ ᠬᠤᠳᠳᠤᠭ᠂ ᠴᠠᠭᠠᠨ ᠪᠠᠶᠢᠰᠢᠩᠳᠣ᠂ ᠵᠠᠶᠢᠪᠴᠢᠨ ᠤ ᠠᠮᠠ᠂ ᠬᠠᠪᠴᠠᠭᠠᠶᠢᠳᠣ ᠶᠢᠨ ᠠᠮᠠ᠂ ᠬᠦᠳᠦᠯ ᠣᠰᠣ | ᠂ ᠠᠷᠣ ᠶᠢᠨ ᠰᠣᠬᠠᠶᠢᠳᠣ᠂ ᠰᠢᠷ᠎ᠠ ᠳᠣᠯᠣᠭᠠᠢ᠂ ᠳᠠᠪᠣᠨ ᠳᠣᠣᠷᠡᠢ᠂ ᠴᠢᠭᠳᠠᠭ᠎ᠠ᠂ ᠠᠷᠤ ᠦᠪᠦᠷ ᠪᠣᠷᠭᠠᠰᠣᠳᠠᠢ᠂ | ᠡᠷᠢᠭᠡᠳᠣ ᠬᠠᠶᠢᠷᠬᠠᠨ᠂ ᠣᠯᠠᠭᠠᠨ ᠬᠠᠳᠠ᠂ ᠠᠯᠳᠠᠨ ᠨᠢᠷᠤᠭᠤ᠂ ᠵᠡᠰ ᠤᠨ ᠨᠢᠷᠤᠭᠤ᠂ ᠳᠡᠯ ᠬᠠᠳᠠ᠂ ᠭᠡᠭᠡᠨ ᠣᠰᠣ᠂ | ᠪᠠᠶᠠᠨ ᠴᠣᠬᠢᠶ᠎ᠠ᠂ ᠢᠷᠪᠢᠰ ᠤᠨ ᠪᠣᠯᠠᠭ᠂ ᠬᠦᠳᠡᠭᠡ ᠭᠠᠩᠭ᠎ᠠ᠂ ᠵᠣᠷᠢᠭᠳᠣ ᠶᠢᠨ ᠳᠠᠳᠠᠭᠠᠯ᠂ ᠴᠣᠣᠵᠢ ᠪᠣᠯᠠᠭ ᠭᠡᠬᠦ | ᠮᠡᠳᠦᠴᠢᠯᠠᠨ ᠦᠪᠡᠷᠮᠢᠴᠠ ᠰᠠᠶᠢᠬᠠᠨ ᠮᠣᠩᠭᠤᠯ ᠢᠶᠠᠷ ᠢᠶᠠᠨ ᠨᠡᠷᠡᠶᠢᠳᠴᠣ ᠪᠠᠶᠢᠭᠰᠠᠨ ᠨᠢ ᠣᠳᠣ ᠴᠦ ᠭᠡᠪ ᠢᠶᠠᠷ ᠢᠶᠠᠨ | ᠳᠠᠭᠤᠳᠠᠭᠳᠠᠵᠣ ᠪᠣᠢ᠃ | | |