ᠴᠢᠩᠬᠢᠰ ᠬᠠᠭᠠᠨ ᠤ ᠨᠠᠢᠮᠠᠨ ᠴᠠᠭᠠᠨ ᠤᠷᠳᠤ ᠶᠢᠨ ᠲᠦᠢᠮᠤ
ᠨᠡᠶᠢᠲᠡᠯᠡᠭᠰᠡᠨ ᠴᠠᠭ᠄
2019/11/25
ᠴᠢᠩᠬᠢᠰ ᠬᠠᠭᠠᠨ ᠤ ᠨᠠᠢᠮᠠᠨ ᠴᠠᠭᠠᠨ ᠤᠷᠳᠤ ᠶᠢ ᠪᠠᠰᠠ ᠴᠢᠩᠬᠢᠰ ᠬᠠᠭᠠᠨ ᠤ ᠨᠠᠢᠮᠠᠨ ᠴᠠᠭᠠᠨ ᠬᠡᠷ ᠬᠡᠳᠡᠭ᠂ ᠲᠡᠷᠡ ᠨᠢ ᠴᠢᠩᠬᠢᠰ ᠬᠠᠭᠠᠨ ᠵᠢᠴᠢ ᠲᠡᠬᠦᠨ ᠤ ᠬᠠᠳᠤᠳ ᠬᠢᠬᠡᠳ ᠪᠤᠰᠤᠳ ᠰᠢᠳᠦᠬᠡᠨ ᠵᠦᠢᠯᠡᠰ ᠢ ᠲᠠᠶᠢᠵᠦ ᠲᠠᠬᠢᠳᠠᠭ ᠨᠠᠢᠮᠠᠨ ᠴᠠᠭᠠᠨ ᠤᠷᠳᠤ ᠪᠠᠷ ᠪᠦᠷᠢᠯᠳᠦᠭᠰᠡᠨ ᠪᠠᠶᠢᠳᠠᠭ᠃ ᠴᠢᠩᠬᠢᠰ ᠬᠠᠭᠠᠨ ᠤ ᠨᠠᠢᠮᠠᠨ ᠴᠠᠭᠠᠨ ᠤᠷᠳᠤ ᠨᠢ ᠲᠠᠶᠢᠯᠭ᠎ᠠ ᠲᠠᠬᠢᠯᠭ᠎ᠠ ᠶᠢᠨ ᠤᠷᠳᠤ ᠬᠢᠬᠡᠳ ᠰᠢᠳᠦᠬᠡᠨ ᠤ ᠶᠠᠷᠦᠩᠬᠡᠢ ᠨᠠᠷᠡᠶᠢᠳᠦᠯ ᠪᠤᠯᠤᠨ᠎ᠠ᠃ ᠮᠤᠩᠭᠤᠯ ᠦᠨᠳᠦᠰᠳᠡᠨ ᠤ ᠲᠡᠤᠬᠡᠨ ᠲᠡᠬᠡᠷ᠎ᠠ ᠡᠵᠡᠳ ᠬᠠᠭᠠᠳ᠂ ᠸᠠᠩ ᠬᠦᠡᠭ ᠨᠠᠷ ᠤᠨ ᠰᠠᠭᠤᠷᠢᠰᠢᠯ ᠢ ᠤᠷᠳᠤ ᠬᠡᠳᠡᠭ᠃ ᠴᠢᠩᠬᠢᠰ ᠬᠠᠭᠠᠨ ᠤ ᠰᠢᠳᠦᠬᠡᠨ ᠤᠷᠳᠤ ︵ᠴᠤᠮᠴᠤᠭ ᠤᠷᠳᠤ︶ ᠨᠢ ᠮᠤᠩᠭᠤᠯ ᠬᠡᠷ ᠲᠠᠢ ᠲᠦᠰᠦᠬᠡᠳᠡᠢ ᠤᠴᠢᠷ ᠠᠴᠠ ᠴᠠᠭᠠᠨ ᠤᠷᠳᠤ ᠪᠤᠶᠤ ᠴᠠᠭᠠᠨ ᠬᠡᠷ ᠬᠡᠳᠡᠭ᠃ ᠴᠢᠩᠬᠢᠰ ᠬᠠᠭᠠᠨ ᠤ ᠦᠶ᠎ᠠ ᠶᠢᠨ ᠮᠤᠩᠭᠤᠯᠴᠤᠳ ᠨᠢ ᠤᠤᠭᠠᠯᠢᠭ ᠪᠦᠬᠡ ᠮᠦᠷᠬᠦᠯ ᠢ ᠢᠳᠡᠬᠡᠨ ᠰᠢᠳᠦᠳᠡᠭ ᠪᠠᠶᠢᠵᠡᠢ᠂ ᠲᠡᠳᠠ ᠪᠠᠶᠢᠭᠠᠯᠢ ᠲᠡᠯᠡᠬᠡᠢ ᠶᠢᠨ ᠲᠦᠮᠡᠨ ᠪᠤᠳᠠᠰ ᠪᠦᠷ ᠰᠠᠬᠢᠭᠤᠰᠤ ᠲᠠᠢ ᠪᠠᠶᠢᠵᠦ᠂ ᠬᠦᠮᠥᠨ ᠨᠠᠰᠤ ᠪᠠᠷᠠᠬᠰᠠᠨ ᠤ ᠬᠤᠶᠢᠨ᠎ᠠ ᠰᠦᠨᠡᠰᠤ ᠨᠢ ᠮᠦᠡᠭᠬᠡᠷᠡᠳᠡᠭ ᠬᠡᠵᠦ ᠢᠳᠡᠬᠡᠳᠡᠭ᠃ ᠲᠡᠳᠡ ᠲᠡᠭᠷᠢ ᠭᠠᠵᠠᠷ᠂ ᠶᠡᠬᠡᠰ ᠲᠡᠭᠡᠳᠦᠰ ᠢᠶᠠᠨ ᠰᠢᠳᠦᠨ ᠬᠦᠨᠳᠦᠳᠬᠡᠵᠦ᠂ ᠲᠠᠶᠢᠯᠭ᠎ᠠ ᠲᠠᠬᠢᠯᠭ᠎ᠠ ᠡᠷᠬᠦᠳᠡᠭ᠃ ᠴᠢᠩᠬᠢᠰ ᠬᠠᠭᠠᠨ ᠲᠡᠭᠷᠢ ᠳᠤ ᠬᠠᠯᠢᠬᠰᠠᠨ ᠤ ᠲᠠᠷᠠᠭ᠎ᠠ᠂ ᠡᠨᠡ ᠬᠦ ᠠᠭᠤᠤ ᠶᠡᠭᠡ ᠲᠡᠤᠬᠡᠨ ᠬᠦᠮᠦᠨ ᠢ ᠲᠤᠷᠠᠰᠬᠠᠨ ᠴᠠᠭᠠᠨ ᠦᠡᠭᠬᠡᠳᠤ ᠰᠢᠳᠦᠬᠡᠨ ᠤᠷᠳᠤ ᠶᠢ ᠪᠠᠶᠢᠭᠤᠯᠵᠦ᠂ ᠡᠵᠡᠨ ᠪᠤᠬᠳᠠ ᠴᠢᠩᠬᠢᠰ ᠬᠠᠭᠠᠨ ᠤ ᠬᠡᠬᠡᠨ ᠰᠦᠨᠡᠰᠤᠨ ᠤ ᠪᠡᠯᠬᠡᠳᠡᠯ ᠪᠤᠯᠤᠬᠰᠠᠨ ᠴᠢᠨᠳᠠᠷ ᠤᠨ ᠬᠠᠭᠤᠷᠴᠠᠭ᠂ ᠬᠦᠷᠦᠭ ᠵᠢᠷᠤᠭ ᠪᠤᠯᠤᠨ ᠬᠡᠷᠢᠶᠡᠰᠦᠨ ᠡᠳ᠋ ᠢ ᠤᠷᠳᠤᠨ ᠳᠤ ᠵᠠᠯᠠᠵᠦ ᠲᠠᠶᠢᠯᠭ᠎ᠠ ᠲᠡᠬᠢᠯᠭ᠎ᠠ ᠡᠷᠬᠦᠳᠡᠭ ᠪᠤᠯᠵᠡᠢ᠃ ᠴᠢᠩᠬᠢᠰ ᠬᠠᠭᠠᠨ ᠢ ᠲᠠᠬᠢᠵᠦ ᠪᠠᠶᠢᠭ᠎ᠠ ᠴᠠᠭᠠᠨ ᠤᠷᠳᠤ ᠴᠤᠮᠴᠤᠭ ᠤᠷᠳᠤ ᠶᠢ ᠬᠠᠮᠤᠭ ᠤᠨ ᠠᠩᠬ᠎ᠠ ︽ᠬᠠᠮᠤᠭ ᠤᠯᠤᠰ ᠤᠨ ᠰᠢᠳᠦᠬᠡᠨ︾ ᠪᠤᠶᠤ ᠬᠠᠮᠤᠭ ᠮᠤᠩᠭᠤᠯ ᠤᠨ ︽ᠶᠡᠷᠦᠩᠬᠡᠢ ᠶᠢᠨ ᠰᠢᠳᠦᠬᠡᠨ︾ ᠬᠡᠵᠦ ᠨᠡᠷᠡᠯᠡᠪᠡ᠃ ᠴᠢᠩᠬᠢᠰ ᠬᠠᠭᠠᠨ ᠤ ᠬᠠᠳᠤᠳ ᠤᠨ ᠨᠠᠰᠤ ᠪᠠᠷᠠᠬᠤ ᠶᠢ ᠲᠠᠭᠠᠯᠳᠤᠨ᠂ ᠲᠠᠬᠢᠯᠭ᠎ᠠ ᠶᠢᠨ ᠠᠭᠤᠯᠭ᠎ᠠ ᠤᠯᠠᠮ ᠢᠶᠠᠷ ᠨᠡᠮᠡᠭᠳᠡᠵᠦ᠂ ᠴᠠᠭᠠᠨ ᠴᠤᠮᠴᠤᠭ ᠤᠷᠳᠤ ᠴᠤ ᠨᠡᠮᠡᠭᠳᠡᠪᠡ᠃ ᠠᠷᠪᠠᠨ ᠲᠠᠪᠤᠳᠤᠭᠠᠷ ᠵᠠᠭᠤᠨ ᠤ ᠦᠶ᠎ᠠ ᠳᠤ᠂ ᠤᠷᠳᠤᠰ ᠠᠶᠢᠮᠠᠭ ᠡᠮᠦᠨᠡᠰᠢ ᠨᠡᠬᠦᠬᠦ ᠶᠢ ᠲᠠᠭᠠᠯᠳᠤᠨ ᠭᠤᠪᠢ ᠶᠢᠨ ᠠᠷᠤ ᠳᠤ ᠪᠠᠶᠢᠬᠰᠠᠨ ᠴᠢᠩᠬᠢᠰ ᠬᠠᠭᠠᠨ ᠤ ᠲᠦᠷᠪᠡᠨ ᠶᠡᠭᠡ ᠤᠷᠳᠤ ᠴᠤ ᠤᠷᠳᠤᠰ ᠲᠤ ᠨᠡᠬᠦᠨ ᠢᠷᠡᠵᠦ᠂ ᠤᠤᠯ ᠠᠴᠠ ᠪᠠᠨ ᠡ᠊ᠨᠳᠡ ᠪᠠᠶᠢᠬᠰᠠᠨ ᠴᠢᠩᠬᠢᠰ ᠬᠠᠭᠠᠨ ᠤ ᠴᠤᠮᠴᠤᠭ ᠤᠷᠳᠤ ᠲᠠᠢ ᠨᠠᠶᠢᠯᠡᠵᠦ᠂ ᠤᠯᠠᠨ ᠴᠠᠭᠠᠨ ᠴᠤᠮᠴᠤᠭ ᠤᠷᠳᠤ ᠪᠤᠯᠵᠦ ᠪᠦᠷᠢᠯᠳᠦᠵᠡᠢ᠃ ᠤᠮᠠᠷᠠᠳᠤ ᠶᠤᠸᠡᠨ ᠤᠯᠤᠰ ᠤᠨ ᠦᠶ᠎ᠠ ᠳᠤ᠂ ᠬᠠᠮᠤᠭ ᠮᠤᠩᠭᠤᠯ ᠤᠨ ︽ᠶᠡᠷᠦᠩᠬᠡᠢ ᠶᠢᠨ ᠰᠢᠳᠦᠬᠡᠨ︾ ᠢ ᠨᠠᠢᠮᠠᠨ ᠴᠠᠭᠠᠨ ᠤᠷᠳᠤ ᠪᠤᠶᠤ ᠨᠠᠢᠮᠠᠨ ᠴᠠᠭᠠᠨ ᠬᠡᠷ ᠬᠡᠮᠡᠨ ᠨᠡᠷᠡᠯᠡᠬᠦ ᠪᠤᠯᠵᠡᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号