ᠮᠡᠷᠭᠡᠨ ᠭᠡᠷᠢᠶ᠎ᠠ ᠶᠢᠨ ᠦᠯᠢᠭᠡᠷ
ᠨᠡᠶᠢᠲᠡᠯᠡᠭᠰᠡᠨ ᠴᠠᠭ᠄
2019/11/25
ᠮᠡᠷᠭᠡᠨ ᠭᠡᠷᠢᠶ᠎ᠠ ᠦᠪᠠᠷ ᠤᠨ ᠰᠠᠴᠡᠨ ᠤᠬᠠᠭᠠᠨ ᠢᠶᠠᠷ ᠢᠶᠠᠨ ᠭᠠᠨᠭ᠌ ᠬᠠᠭᠤᠷᠠᠢ ᠡᠭᠡᠷᠡᠮ᠎ᠠ ᠴᠦᠯ ᠳᠤ ᠪᠠᠶᠢᠬᠰᠠᠨ ᠪᠠᠭ᠎ᠠ ᠠᠮᠰᠠᠷ ᠲᠠᠢ ᠯᠤᠩᠬᠤᠨ ᠳᠤ ᠴᠢᠯᠠᠭᠤ ᠭᠢᠵᠤ ᠤᠰᠤ ᠤᠤᠭᠤᠭᠰᠠᠨ ᠶᠠᠪᠤᠳᠠᠯ ᠭᠡᠷᠢᠶ᠎ᠠ ᠨᠦᠭᠦᠳ ᠤᠨ ᠳᠤᠮᠳᠠ ᠲᠠᠷᠬᠠᠭᠰᠠᠨ ᠠᠴᠠ ᠮᠠᠰᠢ ᠤᠯᠠᠨ ᠭᠡᠷᠢᠶ᠎ᠠ ᠲᠠᠭᠦᠨ ᠢ ᠪᠢᠰᠢᠷᠡᠵᠤ᠂ ᠰᠠᠴᠡᠨ ᠤᠬᠠᠭᠠᠨ ᠢ ᠨᠢ ᠪᠠᠭ᠋ᠠᠷᠬᠠᠵᠤ᠂ ᠲᠠᠭᠦᠨ ᠲᠠᠢ ᠠᠭᠤᠯᠵᠠᠬᠤ ᠪᠠᠷ ᠢᠷᠡᠭᠰᠡᠨ ᠪᠦᠭᠡᠳ ᠪᠦᠭᠦ ᠭᠡᠷᠢᠶ᠎ᠠ ᠶᠢᠨ ᠠᠶᠢᠮᠠᠭ ᠤᠳ ᠲᠠᠭᠦᠨ ᠢ ᠸᠠᠩ ᠡᠷᠭᠦᠮᠵᠢᠯᠠᠭᠦ ᠳᠤᠷᠠᠳᠤᠯᠭ᠎ᠠ ᠭᠠᠷᠭᠠᠵᠠᠢ᠃ ᠮᠡᠷᠭᠡᠨ ᠭᠡᠷᠢᠶ᠎ᠠ ᠴᠤ ᠲᠦᠷᠦᠯᠭᠢ ᠡᠷᠭᠡ ᠰᠤᠷᠳᠤᠭᠤ ᠳᠤ ᠳᠤᠷ᠎ᠠ ᠲᠠᠢ ᠳᠤᠯᠠ ᠲᠠᠳᠠᠨ ᠤ ᠡᠷᠭᠦᠨ ᠮᠠᠭᠳᠠᠬᠤ ᠶᠢ ᠲᠠᠭᠠᠭᠠᠭᠰᠠᠨ ᠦᠭᠡᠢ᠂ ᠦᠪᠠᠷ ᠤᠨ ᠪᠠᠶ᠎ᠠ ᠪᠠᠨ ᠭᠡᠷᠢᠶ᠎ᠠ ᠶᠢᠨ ᠶᠢᠷᠳᠢᠨᠴᠤ ᠶᠢᠨ ᠬᠠᠮᠤᠭ ᠰᠠᠴᠡᠨ ᠰᠠᠷᠭᠦᠯᠠᠩ ᠭᠡᠷᠢᠶ᠎ᠠ ᠭᠡᠵᠤ ᠪᠤᠳᠤᠭᠰᠠᠨ ᠢᠶᠠᠷ ᠢᠶᠠᠨ ᠭᠡᠷᠢᠶ᠎ᠠ ᠨᠦᠭᠦᠳ ᠤᠨ ᠡᠨᠡ ᠭᠦ ᠱᠠᠭᠠᠷᠳᠠᠯᠭ᠎ᠠ ᠶᠢ ᠭᠦᠯᠢᠶᠠᠨ ᠠᠪᠤᠪᠠ᠃ ᠭᠡᠷᠢᠶ᠎ᠠ ᠶᠢᠨ ᠸᠠᠩ ᠰᠠᠭᠤᠭᠰᠠᠨ ᠡᠳᠤᠷ ᠤᠨ ᠶᠤᠰᠤᠯᠠᠯ ᠳᠤᠩ ᠦᠪᠡᠳᠡᠭᠰᠢ ᠶᠠᠪᠤᠭᠳᠠᠪᠠ᠃ ᠭᠦᠵᠤᠭᠦᠨ ᠳᠤ ᠨᠢ ᠤᠯᠠᠨ ᠶᠠᠩᠵᠤ ᠶᠢᠨ ᠳᠤᠭᠤᠰ ᠰᠢᠪᠠᠭᠤᠨ ᠤ ᠤᠢᠳᠤ ᠶᠢ ᠵᠠᠭᠦᠯᠭᠡᠵᠤ᠂ ᠤᠯᠠᠨ ᠠᠷᠪᠢᠨ ᠡᠮ᠎ᠠ ᠭᠡᠷᠢᠶ᠎ᠠ ᠨᠦᠭᠦᠳ ᠰᠢᠪᠠᠭᠤᠨ ᠤ ᠲᠦᠷᠦᠯᠳᠠᠨ ᠤ ᠤᠯᠠᠮᠵᠢᠯᠠᠯᠳᠤ ᠪᠦᠵᠢᠭ ᠢᠶᠠᠨ ᠪᠦᠵᠢᠭᠯᠡᠵᠤ᠂ ᠨᠠᠶᠢᠷ ᠲᠤ ᠭᠦᠭᠵᠢᠶᠠᠨ ᠨᠠᠮᠠᠪᠠ᠃ ᠡᠭᠦᠨ ᠠᠴᠠ ᠬᠤᠶᠢᠰᠢ ᠭᠡᠷᠢᠶ᠎ᠠ ᠸᠠᠩ ᠭᠦᠳᠡᠯᠮᠤᠷᠢ ᠠᠮᠢᠳᠤᠷᠠᠯ ᠠᠴᠠ ᠰᠠᠯᠵᠤ᠂ ᠭᠠᠷᠴᠤ ᠤᠷᠤᠬᠤ ᠳᠤ ᠲᠠᠭᠠᠯᠳᠠ ᠲᠠᠢ᠂ ᠭᠡᠷ ᠡᠭᠦᠷ ᠲᠤ ᠪᠠᠨ ᠰᠢᠪᠡᠭᠴᠢᠨ ᠲᠠᠢ ᠪᠤᠯᠵᠤ᠂ ᠮᠠᠰᠢ ᠤᠯᠠᠨ ᠵᠠᠯᠠᠭᠤ ᠡᠮ᠎ᠠ ᠭᠡᠷᠢᠶ᠎ᠠ ᠲᠠᠭᠦᠨ ᠢ ᠡᠷᠢᠵᠤ ᠢᠷᠡᠨ ᠲᠠᠭᠦᠨ ᠠᠴᠠ ᠰᠠᠯᠬᠤ ᠳᠤᠷ᠎ᠠ ᠦᠭᠡᠢ ᠪᠤᠯᠪᠠ᠃ ᠬᠤᠨᠤᠭ ᠡᠳᠤᠷ ᠡᠭᠡᠯᠵᠢᠯᠡᠭᠦ ᠶᠢ ᠲᠠᠭᠠᠯᠳᠤᠨ ᠮᠡᠷᠭᠡᠨ ᠭᠡᠷᠢᠶ᠎ᠠ ᠶᠢᠨ ᠲᠠᠷᠡ ᠭᠦ ᠤᠭ ᠤᠨ ᠤᠴᠢᠷ ᠶᠠᠪᠤᠳᠠᠯ ᠲᠠᠭᠠᠷᠠᠪᠠᠯ ᠪᠤᠳᠤᠯᠭᠢᠯᠠᠳᠠᠭ᠂ ᠡᠷᠡᠰ ᠰᠢᠭᠤᠳ᠂ ᠭᠡᠯᠡᠪᠡᠯ ᠭᠡᠯᠡᠵᠤ ᠭᠢᠪᠠᠯ ᠭᠢᠴᠢᠭᠡᠳᠡᠭ ᠵᠠᠩ ᠴᠢᠨᠠᠷ ᠨᠢ ᠬᠤᠪᠢᠷᠠᠵᠤ᠂ ᠵᠠᠯᠬᠠᠭᠤ᠂ ᠬᠤᠪᠢᠷᠠᠮᠠᠳᠠᠭᠠᠢ᠂ ᠤᠯᠠᠭᠠᠨ ᠢ ᠦᠵᠡᠪᠡᠯ ᠤᠷᠪᠠᠵᠤ᠂ ᠭᠦᠭᠡ ᠶᠢ ᠦᠵᠡᠪᠡᠯ ᠭᠦᠷᠪᠡᠵᠤ᠂ ᠪᠠᠭᠤᠷᠠᠢ ᠶᠢ ᠲᠠᠷᠤᠯᠠᠳᠠᠭ ᠮᠠᠭᠤ ᠵᠠᠩ ᠲᠠᠢ ᠪᠤᠯᠪᠠ᠃ ᠲᠠᠷᠡ ᠮᠦᠨ ᠭᠡᠷᠢᠶ᠎ᠠ ᠶᠢᠨ ᠸᠠᠩ ᠪᠤᠯᠤᠭᠰᠠᠨ ᠤᠨᠴᠠ ᠡᠷᠭᠡ ᠪᠠᠨ ᠠᠰᠢᠭᠯᠠᠵᠤ ᠮᠠᠰᠢ ᠤᠯᠠᠨ ᠵᠠᠯᠠᠭᠤ ᠭᠡᠷᠢᠶ᠎ᠠ ᠶᠢᠨ ᠢᠨᠠᠭ ᠬᠤᠨᠭ᠍ᠭᠤᠷ ᠢ ᠪᠤᠯᠢᠶᠠᠨ ᠠᠪᠴᠢᠷᠠᠭᠰᠠᠨ ᠠᠴᠠ ᠮᠠᠰᠢ ᠤᠯᠠᠨ ᠭᠡᠷᠢᠶᠠᠳ ᠤᠨ ᠳᠤᠷ᠎ᠠ ᠦᠭᠡᠶᠢᠴᠡᠯ ᠢ ᠭᠦᠷᠭᠡᠪᠡ᠃ ᠱᠠᠯᠢᠭ ᠵᠠᠪᠠᠭ᠋ᠠᠢ᠂ ᠢᠯᠵᠠᠷᠠᠮᠠᠯ ᠠᠮᠢᠳᠤᠷᠠᠯ ᠪᠠ ᠨᠠᠷᠡᠯᠭᠡᠭ ᠵᠠᠩ ᠨᠢ ᠲᠠᠭᠦᠨ ᠢ ᠮᠦᠭᠦᠯ ᠤᠨ ᠵᠠᠮ ᠳᠤ ᠭᠦᠳᠤᠯᠵᠠᠢ᠃ ᠨᠢᠭᠡᠨ ᠡᠳᠤᠷ ᠡᠪᠤᠭᠡᠨ ᠭᠡᠷᠢᠶ᠎ᠠ ᠤᠯᠠᠨ ᠵᠠᠯᠠᠭᠤ ᠭᠡᠷᠢᠶ᠎ᠠ ᠶᠢ ᠴᠤᠭᠯᠠᠭᠤᠯᠤᠨ᠂ ᠭᠡᠷᠢᠶ᠎ᠠ ᠶᠢᠨ ᠸᠠᠩ ᠤᠨ ᠤᠮᠤᠷᠬᠠᠭ ᠰᠠᠭᠰᠠᠭᠤ ᠵᠠᠩ ᠴᠢᠨᠠᠷ ᠢ ᠠᠰᠢᠭᠯᠠᠨ ᠲᠠᠭᠦᠨ ᠢ ᠡᠷᠭᠦᠨ ᠮᠠᠭᠳᠠᠵᠤ᠂ ᠨᠦᠭᠡᠨ ᠳᠤ ᠤᠨᠠᠭᠠᠬᠤ ᠪᠠᠷ ᠳᠤᠭᠳᠠᠵᠠᠢ᠃ ᠨᠢᠭᠡᠨ ᠦᠷᠯᠤᠭᠡ ᠶᠢᠨ ᠡᠷᠳᠡ ᠶᠢᠨ ᠬᠤᠷᠠᠯ ᠳᠤ ᠡᠪᠤᠭᠡᠨ ᠭᠡᠷᠢᠶ᠎ᠠ ᠤᠯᠠᠨ ᠤ ᠡᠮᠤᠨ᠎ᠠ ᠭᠠᠷᠴᠤ ᠭᠡᠷᠢᠶ᠎ᠠ ᠸᠠᠩ ᠳᠤ᠄ ᠡ᠊ᠨᠳᠡ ᠠᠴᠠ ᠬᠤᠯᠠ ᠦᠭᠡᠢ ᠨᠢᠭᠡᠨ ᠨᠠᠭᠤᠷ ᠲᠤ ᠭᠠᠯᠠᠭᠤ ᠶᠢᠨ ᠭᠤᠶᠤ ᠠᠪᠠᠭ᠋ᠠᠢ ᠶᠢᠨ ᠤᠰᠤᠨ ᠳᠤ ᠤᠮᠪᠠᠭ᠋ᠤ ᠦᠵᠡᠭᠦᠯᠦᠯᠭᠡ ᠶᠢᠨ ᠤᠷᠤᠯᠳᠤᠭᠠᠨ ᠪᠠᠶᠢᠨ᠎ᠠ᠃ ᠰᠠᠴᠡᠨ ᠰᠠᠷᠭᠦᠯᠠᠩ ᠭᠡᠷᠢᠶ᠎ᠠ ᠪᠠᠶᠢᠪᠠᠯ ᠰᠤᠩᠭᠤᠵᠤ ᠤᠷᠤᠯᠴᠠᠭᠤᠯᠬᠤ ᠦᠭᠡᠢ ᠤᠤ︖ ᠭᠡᠵᠤ ᠠᠶᠢᠯᠠᠳᠬᠠᠪᠠ᠃ ᠭᠡᠷᠢᠶ᠎ᠠ ᠶᠢᠨ ᠸᠠᠩ ᠤᠯᠠᠨ ᠢ ᠰᠢᠷᠳᠠᠨ ᠲᠠᠭᠤ ᠦᠭᠡᠢ ᠪᠤᠯᠪᠠ᠃ ᠤᠯᠠᠨ ᠢᠶᠠᠷ ᠢᠶᠠᠨ ᠨᠠᠮ ᠵᠢᠮ᠂ ᠤᠯᠠᠨ ᠭᠡᠷᠢᠶ᠎ᠠ ᠭᠡᠨ ᠨᠢ ᠴᠤᠬᠤᠮ ᠰᠠᠴᠠᠨ ᠰᠠᠷᠭᠦᠯᠠᠩ ᠭᠡᠷᠢᠶ᠎ᠠ ᠳᠤ ᠳᠤᠭᠠᠴᠠᠭᠳᠠᠬᠤ ᠳᠤᠬᠠᠢ ᠰᠢᠪᠠᠷ ᠰᠢᠪᠠᠷ ᠶᠠᠷᠢᠯᠴᠠᠭ᠎ᠠ ᠦᠷᠨᠢᠪᠠ᠃ ᠡᠨᠡ ᠦᠶ᠎ᠠ ᠳᠤ ᠡᠪᠤᠭᠡᠨ ᠭᠡᠷᠢᠶ᠎ᠠ ᠤᠷᠤᠭᠰᠢ ᠲᠠᠪᠰᠢᠵᠤ᠂ ᠭᠡᠷᠢᠶ᠎ᠠ ᠸᠠᠩ ᠤᠷᠢᠳᠠ ᠨᠢ ᠭᠠᠨᠭ᠌ ᠬᠠᠭᠤᠷᠠᠢ ᠴᠦᠯ ᠳᠤ ᠤᠰᠤ ᠤᠯᠵᠤ ᠤᠤᠭᠤᠨ ᠰᠠᠴᠡᠨ ᠤᠬᠠᠭᠠᠨ ᠢᠶᠠᠷ ᠢᠶᠠᠨ ᠤᠯᠠᠨ ᠳᠤ ᠲᠠᠨᠢᠭᠳᠠᠭᠰᠠᠨ ᠲᠠᠤᠭᠡ ᠲᠠᠢ ᠳᠤᠯᠠ ᠤᠯᠠᠨ ᠢᠶᠠᠷ ᠢᠶᠠᠨ ᠭᠡᠷᠢᠶ᠎ᠠ ᠸᠠᠩ ᠢᠶᠠᠨ ᠰᠤᠩᠭᠤᠨ᠂ ᠡᠨᠡ ᠤᠳᠠᠭᠠᠨ ᠤ ᠭᠠᠯᠠᠭᠤ ᠶᠢᠨ ᠭᠤᠶᠤ ᠠᠪᠠᠭ᠋ᠠᠢ ᠶᠢᠨ ᠤᠰᠤᠨ ᠤᠮᠪᠠᠯᠳᠠ ᠶᠢᠨ ᠤᠷᠤᠯᠳᠤᠭᠠᠨ ᠳᠤ ᠤᠷᠤᠯᠴᠠᠭᠤᠯᠵᠤ ᠪᠤᠯᠬᠤ ᠤᠤ ᠭᠡᠵᠤ ᠤᠯᠠᠨ ᠠᠴᠠ ᠠᠰᠠᠭᠤᠪᠠ᠃ ᠤᠯᠠᠨ ᠭᠡᠷᠢᠶ᠎ᠠ ᠬᠠᠮᠳᠤ ᠪᠠᠷ ᠭᠡᠷᠢᠶ᠎ᠠ ᠸᠠᠩ ᠢ ᠡᠷᠭᠦᠨ ᠪᠠᠳᠤᠯᠠᠪᠠ᠃ ᠭᠡᠷᠢᠶ᠎ᠠ ᠸᠠᠩ ᠶᠠᠷᠤ ᠨᠢ ᠦᠪᠠᠷ ᠤᠨ ᠪᠠᠶ᠎ᠠ ᠪᠠᠨ ᠰᠠᠴᠡᠨ ᠰᠠᠷᠭᠦᠯᠠᠩ ᠢᠶᠠᠷ ᠶᠢᠷᠳᠢᠨᠴᠤ ᠳᠤ ᠬᠤᠤᠰ ᠦᠭᠡᠢ ᠭᠡᠵᠤ ᠦᠵᠡᠳᠡᠭ ᠳᠤᠯᠠ ᠡᠨᠡ ᠭᠦ ᠰᠤᠷᠳᠤᠭᠤ ᠳᠤ ᠪᠠᠨ ᠡᠷᠳᠤᠵᠤ᠂ ᠤᠷᠤᠯᠴᠠᠬᠤ ᠪᠠᠷ ᠳᠤᠭᠳᠠᠪᠠ᠃ ᠭᠡᠳᠤᠨ ᠡᠳᠤᠷ ᠤᠨ ᠲᠠᠷᠠᠭ᠎ᠠ ᠤᠷᠤᠯᠳᠤᠭᠠᠨ ᠡᠭᠢᠯᠠᠪᠠ᠃ ᠭᠡᠷᠢᠶ᠎ᠠ ᠸᠠᠩ ᠤᠯᠠᠨ ᠬᠠᠳᠤᠭᠳᠠᠢ ᠭᠡᠷᠢᠶᠠᠳ ᠢᠶᠠᠨ ᠲᠠᠭᠠᠭᠤᠯᠤᠨ ᠤᠷᠤᠯᠳᠤᠭᠠᠨ ᠤ ᠲᠠᠯᠠᠪᠠᠢ ᠨᠠᠭᠤᠷ ᠲᠤ ᠭᠦᠷᠤᠯ᠎ᠠ᠃ ᠤᠯᠠᠨ ᠠᠷᠪᠢᠨ ᠭᠤᠶᠤ ᠰᠠᠶᠢᠬᠠᠨ ᠪᠠᠶ᠎ᠠ ᠭᠠᠯᠪᠢᠷ ᠲᠠᠢ᠂ ᠲᠡᠭᠵᠢᠨ ᠠᠭᠠᠯᠢ ᠲᠠᠢ ᠵᠠᠯᠠᠭᠤ ᠡᠮ᠎ᠠ ᠭᠠᠯᠠᠭᠤᠳ ᠢ ᠬᠠᠷᠠᠭᠠᠳ ᠭᠡᠷᠢᠶ᠎ᠠ ᠸᠠᠩ ᠨᠢᠭᠡᠮᠤᠰᠤᠨ ᠮᠠᠯᠠᠷᠠᠵᠤ᠂ ᠶᠠᠭᠤ ᠪᠦᠭᠦᠨ ᠢᠶᠠᠨ ᠮᠠᠷᠳᠠᠪᠠ᠃ ᠤᠳᠠᠯ ᠦᠭᠡᠢ ᠤᠷᠤᠯᠳᠤᠭᠠᠨ ᠡᠭᠢᠯᠠᠵᠤ᠂ ᠭᠠᠯᠠᠭᠤᠳ ᠤᠰᠤᠨ ᠳᠤ ᠤᠷᠤᠵᠤ ︽ᠬᠤᠨ ᠤ ᠲᠡᠭᠳᠡᠭᠡᠭᠡᠢ︾ ᠪᠦᠵᠢᠭ ᠢᠶᠠᠨ ᠪᠦᠭᠵᠢᠭᠯᠡᠪᠡ᠃ ᠭᠡᠷᠢᠶ᠎ᠠ ᠸᠠᠩ ᠴᠤ ᠨᠢᠭᠡᠮᠤᠰᠤᠨ ᠭᠦᠭᠡᠷᠴᠤ ᠤᠰᠤᠨ ᠳᠤ ᠪᠦᠵᠢᠭᠯᠡᠭᠦ ᠪᠠᠷ ᠭᠦᠶᠤᠨ ᠤᠷᠤᠭᠰᠠᠨ ᠪᠠᠶᠢᠨ᠎ᠠ᠃ ᠭᠡᠷᠢᠶ᠎ᠠ ᠤᠰᠤᠨ ᠳᠤ ᠤᠮᠪᠠᠵᠤ ᠴᠢᠳᠠᠬᠤ ᠦᠭᠡᠢ ᠳᠤᠯᠠ ᠤᠮᠪᠠᠭ᠋ᠤ ᠭᠡᠵᠤ ᠤᠷᠤᠭᠠᠳ ᠵᠢᠪᠪᠤᠵᠤ ᠦᠭᠦᠭᠰᠡᠨ ᠭᠡᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号