ᠰᠠᠭᠠᠡᠭ ᠰᠡᠴᠡᠨ
ᠨᠡᠶᠢᠲᠡᠯᠡᠭᠰᠡᠨ ᠴᠠᠭ᠄
2019/11/25
ᠰᠠᠭᠠᠡᠭ ᠰᠡᠴᠡᠨ ᠪᠤᠯ ᠬᠢᠶᠠᠳ ᠠᠶᠢᠮᠠᠭ ᠤᠨ ᠪᠤᠷᠵᠢᠬᠢᠳ ᠤᠪᠤᠬᠲᠠᠨ᠃ ᠪᠠᠲᠦᠮᠦ᠋ᠡᠭᠬᠡ ᠲᠠᠶᠠᠨ ᠬᠠᠭᠠᠨ ᠤ ᠭᠤᠷᠪᠠᠳᠤᠭᠠᠷ ᠬᠦᠪᠡᠬᠦᠨ ᠪᠠᠷᠰᠪᠤᠯᠤᠳ ᠤᠨ ᠬᠤᠶᠢᠴᠢ ᠪᠤᠯᠤᠨ᠎ᠠ᠃ 1604 ᠤᠨ ᠳᠤ ᠤᠷᠳᠤᠰ ᠤᠨ ᠦᠦᠰᠢᠨ ᠬᠤᠰᠢᠭᠤᠨ ᠤ ᠶᠡᠭᠡ ᠰᠢᠪᠠᠷ ︵ᠤᠳᠤᠬᠢ ᠦᠦᠰᠢᠨ ᠬᠤᠰᠢᠭᠤᠨ ᠤ ᠱᠠᠷᠯᠢᠭ ᠰᠤᠮᠤᠨ ᠳᠤ ᠪᠤᠢ︶ ᠭᠡᠳᠡᠭ ᠭᠠᠵᠠᠷ ᠲᠤ ᠲᠦᠷᠦᠵᠡᠢ᠃ ᠰᠠᠭᠠᠡᠭ ᠰᠡᠴᠡᠨ ᠤ ᠡᠯᠦᠨᠴᠡ ᠡᠪᠦᠭᠡ ᠬᠤᠲᠤᠭᠲᠠᠢ ᠰᠡᠴᠡᠨ ᠬᠤᠨᠭ᠌ ᠲᠠᠶᠢᠵᠢ ᠪᠤᠯ ᠠᠯᠳᠠᠷ ᠴᠤᠤ ᠲᠠᠢ ᠬᠦᠮᠦᠨ ᠪᠤᠯᠬᠤ ᠶᠤᠮ᠃ ᠲᠡᠷᠡ ᠡᠷᠡᠯᠬᠡᠭ ᠪᠠᠭᠠᠲᠦᠷ ᠡᠷᠳᠡᠮ ᠮᠡᠳᠡᠯᠭᠡ ᠬᠤᠤᠰᠯᠠᠭᠰᠠᠨ ᠬᠦᠮᠦᠨ ᠪᠤᠯᠬᠤᠷ ᠮᠤᠩᠭᠤᠯ ᠤᠨ ᠲᠦᠮᠡᠨ ᠵᠠᠰᠠᠭᠲᠦ ᠬᠠᠭᠠᠨ ᠤ ᠢᠲᠡᠭᠡᠯ ᠢ ᠤᠯᠵᠦ᠂ ᠵᠠᠰᠠᠭ ᠪᠠᠷᠢᠭᠴᠢ ᠲᠠᠪᠦᠨ ᠲᠦᠰᠢᠮᠡᠯ ᠤᠨ ᠬᠢᠨᠢ ᠨᠢᠭᠡ ᠨᠢ ᠪᠤᠯᠵᠠᠢ᠃ ᠬᠤᠲᠤᠭᠲᠠᠢ ᠰᠡᠴᠡᠨ ᠬᠤᠨᠭ᠌ ᠲᠠᠶᠢᠵᠢ 1576 ᠤᠨ ᠳᠤ ᠭᠤᠴᠢᠨ ᠲᠤᠯᠤᠭᠠᠨ ᠨᠠᠰᠦᠲᠠᠢ ᠳᠠᠭᠠᠨ ᠠᠪᠠᠭ᠎ᠠ ᠠᠯᠲᠠᠨ ᠬᠠᠨ ᠲᠠᠢ ᠪᠠᠨ ᠵᠤᠯᠭᠤᠷ᠎ᠠ ᠤᠴᠢᠭᠠᠳ᠄ ︽ᠳᠠᠯᠠᠢ ᠯᠠᠮᠠ ᠰᠤᠳᠨᠠᠮᠵᠠᠮᠰᠦ ᠶᠢ ᠵᠠᠯᠠᠵᠦ᠂ ᠡᠷᠲᠡᠨ ᠤ ᠪᠤᠭᠲᠠ ᠬᠤᠪᠢᠯᠠᠢ ᠰᠠᠴᠡᠨ ᠬᠠᠭᠠᠨ ᠬᠤᠲᠤᠭᠲᠦ ᠫᠠᠭᠫᠠ ᠯᠠᠮᠠ ᠬᠤᠶᠠᠷ ᠤᠨ ᠶᠤᠰᠤᠭᠠᠷ ᠱᠠᠰᠢᠨ ᠲᠦᠷᠦ ᠶᠢ ᠪᠠᠶᠢᠭᠤᠯᠪᠠᠰᠦ ᠭᠠᠢᠶ᠋ᠬᠠᠮᠰᠢᠭ ᠪᠤᠰᠦ ᠦᠦ︖︾ ᠭᠡᠵᠦ ᠰᠠᠨᠠᠭᠤᠯᠭ᠎ᠠ ᠭᠠᠷᠭᠠᠪᠠ᠃ ᠠᠯᠲᠠᠨ ᠬᠠᠨ ᠲᠡᠷᠡ ᠳᠠᠷᠦᠢ ᠵᠦᠪᠰᠢᠶᠡᠷᠡᠵᠦ ᠳᠠᠯᠠᠢ ᠯᠠᠮᠠ ᠰᠤᠳᠨᠠᠮᠵᠠᠮᠰᠦ ᠶᠢ ᠵᠠᠯᠠᠵᠦ ᠢᠷᠡᠪᠡ᠃ ᠡᠶᠢᠮᠦ ᠠᠴᠠ ᠬᠤᠲᠤᠭᠲᠠᠢ ᠰᠡᠴᠡᠨ ᠬᠤᠨᠭ᠌ ᠲᠠᠶᠢᠵᠢ ᠶᠢ ᠮᠤᠩᠭᠤᠯ ᠭᠠᠵᠠᠷ ᠲᠤ ᠰᠢᠷ᠎ᠠ ᠶᠢᠨ ᠱᠠᠰᠢᠨ ᠢ ᠲᠡᠯᠭᠡᠷᠡᠭᠦᠯᠬᠦ ᠳᠤ ᠭᠠᠪᠢᠶ᠎ᠠ ᠵᠢᠳᠭᠦᠯ ᠶᠡᠭᠡᠳᠡᠢ ᠭᠡᠮᠡᠨ ᠲᠠᠯᠠᠢ ᠯᠠᠮᠠ ᠠᠴᠠ ᠲᠡᠭᠦᠨ ᠳᠤ ︽ᠴᠤᠭᠴᠠᠰ ᠤᠨ ᠵᠢᠷᠦᠭᠡᠨ ᠰᠡᠴᠡᠨ ᠬᠤᠨᠭ᠌ ᠲᠠᠶᠢᠵᠢ︾ ᠭᠡᠬᠦ ᠬᠦᠨᠳᠦᠳᠦ ᠴᠤᠯᠠ ᠡᠷᠭᠦᠪᠡ᠃ ᠬᠤᠳᠤᠭᠳᠠᠢ ᠰᠡᠴᠡᠨ ᠬᠤᠨᠭ᠌ ᠲᠠᠶᠢᠵᠢ ᠶᠢᠨ ᠬᠦᠦ ᠦᠯᠵᠡᠢ ᠢᠯᠳᠤᠴᠢ ᠲᠠᠷᠬᠠᠨ ᠪᠠᠭᠠᠳᠤᠷ 1587 ᠤᠨ ᠳᠤ ᠡᠴᠢᠭᠡ ᠶᠢᠨ ᠢᠶᠠᠨ ᠵᠡᠷᠭᠡ ᠬᠡᠷᠬᠡᠮ ᠢ ᠵᠠᠯᠭᠠᠮᠵᠢᠯᠠᠵᠤ ᠪᠠᠭᠠᠳᠤᠷ ᠰᠡᠴᠡᠨ ᠬᠤᠨᠭ᠌ ᠲᠠᠶᠢᠵᠢ ᠡᠷᠭᠦᠮᠵᠢᠯᠡᠭᠳᠡᠪᠡ᠃ ᠲᠡᠭᠦᠨ ᠤ ᠬᠦᠪᠡᠭᠦᠨ ᠨᠢ ᠪᠠᠳᠤ ᠲᠠᠶᠢᠵᠢ ᠭᠡᠳᠡᠭ ᠶᠤᠮ᠃ ᠠᠷᠪᠠᠨ ᠲᠠᠪᠤᠨ ᠨᠠᠰᠤᠳᠠᠢ ᠳᠠᠭᠠᠨ ᠡᠴᠢᠭᠡ ᠶᠢᠨ ᠢᠶᠠᠨ ᠪᠠᠭᠠᠳᠤᠷ ᠰᠡᠴᠡᠨ ᠬᠤᠨᠭ᠌ ᠲᠠᠶᠢᠵᠢ ᠴᠤᠯᠠ ᠶᠢ ᠵᠠᠯᠭᠠᠮᠵᠢᠯᠠᠵᠤ ᠵᠠᠰᠠᠭ ᠪᠠᠷᠢᠪᠠ᠃ ᠲᠠᠭᠦᠨ ᠤ ᠬᠦᠦ ᠨᠢ ᠰᠠᠭᠠᠡᠭ ᠰᠡᠴᠡᠨ ᠬᠤᠨᠭ᠌ ᠲᠠᠶᠢᠵᠢ ᠪᠤᠯᠤᠨ᠎ᠠ᠃ ᠰᠠᠭᠠᠡᠭ ᠰᠡᠴᠡᠨ ᠠᠷᠪᠠᠨ ᠨᠢᠭᠡᠨ ᠨᠠᠰᠤᠳᠠᠢ ᠳᠠᠭᠠᠨ ᠡᠴᠢᠭᠡ ᠶᠢᠨ ᠢᠶᠠᠨ ᠵᠡᠷᠭᠡ ᠬᠡᠷᠬᠡᠮ ᠢ ᠵᠠᠯᠭᠠᠮᠵᠢᠯᠠᠵᠤ ᠬᠤᠨᠭ᠌ ᠲᠠᠶᠢᠵᠢ ᠡᠷᠭᠦᠮᠵᠢᠯᠡᠭᠳᠡᠭᠰᠡᠨ ᠪᠦᠭᠡᠳ ᠠᠷᠪᠠᠨ ᠲᠤᠯᠤᠭᠠᠨ ᠨᠠᠰᠤᠳᠠᠢ ᠳᠠᠭᠠᠨ ᠲᠦᠰᠢᠮᠡᠯ ᠰᠠᠭᠤᠵᠤ ᠵᠠᠰᠠᠭ ᠪᠠᠷᠢᠪᠠ᠃ ᠰᠠᠭᠠᠡᠭ ᠰᠡᠴᠡᠨ ᠬᠤᠨᠭ᠌ ᠲᠠᠶᠢᠵᠢ ᠵᠠᠰᠠᠭ ᠪᠠᠷᠢᠭᠰᠠᠨ ᠲᠠᠷᠡ ᠵᠢᠯ ︵1621︶ ᠳᠤ ᠲᠡᠮᠡᠭᠡᠳᠦ ᠬᠤᠳᠠ ︵ᠤᠳᠤᠬᠢ ᠱᠠᠨ ᠰᠢ ᠮᠤᠵᠢ ᠶᠢᠨ ᠢᠤᠢ ᠯᠢᠨ ᠬᠤᠳᠠ︶ ᠳᠤ ᠲᠦᠷᠦ ᠶᠢᠨ ᠬᠡᠷᠡᠭ ᠢᠶᠠᠷ ᠤᠴᠢᠭᠰᠠᠨ ᠵᠢᠷᠠᠨ ᠡᠯᠴᠢ ᠨᠢ ᠠᠯᠠᠭᠳᠠᠭᠰᠠᠨ ᠪᠠᠶᠢᠨ᠎ᠠ᠃ ᠪᠠᠷᠠᠭᠤᠨ ᠭᠤᠷᠪᠠᠨ ᠲᠦᠮᠡᠨ ᠤ ᠪᠤᠱᠤᠭᠳᠤ ᠵᠢᠨᠦᠩ ᠬᠠᠨ ᠡᠨᠡ ᠦᠰᠢᠶ᠎ᠡ ᠶᠢ ᠠᠪᠬᠤ ᠭᠡᠵᠦ ᠠᠷᠪᠠᠨ ᠲᠦᠮᠡᠨ ᠴᠡᠷᠢᠭ ᠲᠠᠶᠢᠴᠢᠯᠠᠵᠤ ᠮᠢᠩ ᠤᠯᠤᠰ ᠤᠨ ᠵᠠᠰᠠᠭ ᠤᠨ ᠭᠠᠵᠠᠷ ᠲᠠᠢ ᠵᠢᠯ ᠭᠠᠷᠤᠢ ᠪᠠᠶᠢᠯᠳᠤᠵᠤ᠂ 1622 ᠤᠨ ᠳᠤ ᠬᠤᠶᠠᠷ ᠡᠳᠡᠭᠡᠳ ᠲᠠᠬᠢᠨ ᠡᠪᠰᠡᠪᠡ᠃ ᠲᠡᠭᠦᠨ ᠤ ᠬᠤᠶᠢᠨ᠎ᠠ ᠲᠦᠷᠦ ᠶᠢᠨ ᠬᠡᠷᠡᠭ ᠢ ᠵᠦᠪᠳᠡᠬᠦᠯᠬᠦ ᠪᠠᠷ ᠲᠠᠬᠢᠨ ᠵᠢᠷᠭᠤᠭᠠᠨ ᠡᠯᠴᠢ ᠲᠤᠮᠢᠯᠠᠭᠰᠠᠨ ᠪᠠᠶᠢᠨ᠎ᠠ᠃ ᠰᠠᠭᠠᠡᠭ ᠰᠡᠴᠡᠨ ᠪᠤᠯ ᠡᠨᠡ ᠵᠢᠷᠭᠤᠭᠠᠨ ᠡᠯᠴᠢ ᠶᠢᠨ ᠲᠤᠳᠤᠷᠠᠬᠢ ᠨᠢᠭᠡ ᠨᠢ ᠪᠤᠯᠤᠨ᠎ᠠ᠃ ᠰᠠᠭᠠᠡᠭ ᠰᠡᠴᠡᠨ ᠬᠤᠨᠭ᠌ ᠲᠠᠶᠢᠵᠢ ᠵᠠᠰᠠᠭ ᠪᠠᠷᠢᠭᠠᠳ ᠲᠡᠮᠡᠢ ᠤᠳᠠᠭᠠᠳᠤᠢ ᠪᠠᠶᠢᠳᠠᠯ᠎ᠠ᠂ 1627 ᠤᠨ ᠳᠤ ᠪᠠᠷᠠᠭᠤᠨ ᠭᠤᠷᠪᠠᠨ ᠲᠦᠮᠡᠨ ᠤᠷᠪᠠᠭᠠᠳ ᠮᠤᠩᠭᠤᠯ ᠤᠨ ᠬᠠᠭᠠᠨ ᠲᠦᠷᠦ ᠳᠤ ᠬᠠᠭᠠᠷᠠᠯ ᠭᠠᠷᠪᠠ᠃ ᠡᠨᠡ ᠤᠷᠪᠠᠯᠭᠠᠨ ᠢ ᠲᠠᠷᠤᠩᠭᠤᠢᠢᠯᠠᠬᠤ ᠶᠢᠨ ᠲᠦᠯᠦᠭᠡ᠂ ᠯᠢᠭᠳᠡᠨ ᠬᠤᠳᠤᠭᠳᠤ ᠬᠠᠭᠠᠨ ᠪᠠᠷᠠᠭᠤᠨᠰᠢ ᠮᠤᠷᠢᠯᠠᠨ ᠢᠷᠡᠭᠰᠡᠨ ᠳᠤ ᠰᠠᠭᠠᠡᠭ ᠰᠡᠴᠡᠨ ᠬᠤᠨᠭ᠌ ᠲᠠᠶᠢᠵᠢ ᠶᠡᠭᠡᠳᠡ ᠪᠠᠶᠠᠷᠯᠠᠵᠤ ᠬᠠᠯᠠᠭᠤᠨ ᠢᠶᠠᠷ ᠤᠭᠳᠤᠨ ᠠᠪᠤᠪᠠ᠃ ᠲᠡᠭᠡᠭᠡᠳ ᠯᠢᠭᠳᠡᠨ ᠬᠤᠳᠤᠭᠳᠤ ᠬᠠᠭᠠᠨ ᠯᠤᠭ᠎ᠠ ᠬᠠᠮᠳᠤ ᠪᠠᠷ ᠪᠠᠷᠠᠭᠤᠨ ᠭᠤᠷᠪᠠᠨ ᠲᠦᠮᠡᠨ ᠤ ᠤᠷᠪᠠᠯᠭᠠᠨ ᠢ ᠲᠠᠷᠤᠩᠭᠤᠢᠢᠯᠠᠵᠠᠢ᠃ ᠲᠡᠭᠦᠨ ᠤ ᠬᠤᠶᠢᠨ᠎ᠠ ᠰᠠᠭᠠᠡᠭ ᠰᠡᠴᠡᠨ ᠬᠤᠨᠭ᠌ ᠲᠠᠶᠢᠵᠢ ᠦᠪᠡᠷ ᠤᠨ ᠬᠠᠷᠢᠶᠠᠳᠤ ᠴᠡᠷᠢᠭ ᠢᠶᠠᠨ ᠠᠪᠴᠤ᠂ ᠯᠢᠭᠳᠡᠨ ᠬᠤᠳᠤᠭᠳᠤ ᠬᠠᠭᠠᠨ ᠢ ᠲᠠᠭᠠᠭᠠᠳ ᠮᠠᠨᠵᠤ ᠴᠢᠩ ᠤᠯᠤᠰ ᠯᠤᠭ᠎ᠠ ᠪᠠᠶᠢᠯᠳᠤᠪᠠ᠃ ᠲᠡᠭᠡᠭᠡᠳ ᠯᠢᠭᠳᠡᠨ ᠬᠤᠳᠤᠭᠳᠤ ᠬᠠᠭᠠᠨ ᠮᠠᠨᠵᠤ ᠴᠢᠩ ᠤᠯᠤᠰ ᠲᠤ ᠲᠡᠶᠢᠯᠦᠭᠳᠡᠭᠡᠳ ᠪᠠᠷᠠᠭᠤᠨᠰᠢ ᠲᠤᠳᠠᠭᠠᠭᠰᠠᠨ ᠳᠤ ᠰᠠᠭᠠᠡᠭ ᠰᠡᠴᠡᠨ ᠬᠤᠨᠭ᠌ ᠲᠠᠶᠢᠵᠢ ᠴᠠᠬᠠᠷ ᠤᠨ ᠰᠠᠶᠢᠳ ᠵᠤᠯᠠᠳᠤ ᠪᠠᠭᠠᠳᠤᠷ ᠬᠢᠶ᠎ᠡ᠂ ᠮᠠᠨᠳᠤᠬᠠᠢ ᠲᠠᠷᠬᠠᠨ ᠬᠢᠶ᠎ᠡ᠂ ᠯᠠᠩᠰᠤ ᠢᠯᠳᠤᠴᠢ ᠪᠠᠭᠠᠳᠤᠷ ᠨᠠᠷ ᠯᠤᠭ᠎ᠠ ᠨᠠᠶᠢᠯᠠᠵᠤ᠂ 1634 ᠤᠨ ᠳᠤ ᠲᠦᠷᠦᠭᠰᠡᠨ ᠨᠤᠳᠤᠭ ᠵᠦᠭ ᠢᠶᠠᠨ ᠪᠤᠴᠠᠪᠠ᠃ ᠰᠠᠭᠠᠡᠭ ᠰᠡᠴᠡᠨ ᠬᠤᠨᠭ᠌ ᠲᠠᠶᠢᠵᠢ ᠦᠪᠡᠷ ᠤᠨ ᠨᠤᠳᠤᠭ ᠶᠡᠭᠡ ᠰᠢᠪᠡᠷ ᠵᠦᠭ ᠢᠶᠠᠨ ᠪᠤᠴᠠᠬᠤ ᠵᠠᠭᠤᠷ᠎ᠠ ᠪᠠᠷᠠᠭᠤᠨ ᠭᠤᠷᠪᠠᠨ ᠲᠦᠮᠡᠨ ᠤ ᠵᠢᠨᠦᠩ ᠷᠢᠨᠴᠢᠨ ᠲᠠᠢ ᠠᠭᠤᠯᠵᠠᠵᠤ᠄ ︽ᠪᠢᠳᠡ ᠴᠠᠬᠠᠷ ᠯᠤᠭ᠎ᠠ ᠨᠠᠶᠢᠯᠠᠵᠤ ᠪᠤᠴᠠᠵᠤ ᠬᠠᠷᠢᠬᠤ ᠪᠠᠷ ᠪᠤᠢ᠂ ᠡᠳᠦᠭᠡ ᠡᠵᠡᠨ ᠶᠦᠭᠡᠨ ᠴᠢᠮᠠᠢᠢ ᠠᠪᠴᠤ ᠪᠤᠴᠠᠶ᠎ᠠ︾ ᠭᠡᠵᠦ ᠬᠡᠯᠡᠪᠡ᠃ 1634 ᠤᠨ ᠳᠤ ᠷᠢᠨᠴᠢᠨ ᠲᠠᠬᠢᠨ ᠰᠠᠴᠡᠨ ᠵᠢᠨᠦᠩ ᠭᠡᠮᠡᠬᠦ ᠤᠷᠢᠳᠤ ᠶᠢᠨ ᠬᠠᠨ ᠤᠷᠤᠨ ᠳᠠᠭᠠᠨ ᠰᠠᠭᠤᠭᠠᠳ᠂ ᠤᠷᠳᠤᠰ ᠲᠦᠮᠡᠨ ᠳᠤ ᠦᠯᠡᠳᠡᠭᠰᠡᠨ ᠶᠡᠭᠡ ᠪᠠᠭ᠎ᠠ ᠨᠤᠶᠠᠳ ᠢᠶᠠᠨ ᠴᠤᠭᠯᠠᠭᠤᠯᠤᠨ ᠬᠤᠷᠠᠯ ᠬᠤᠷᠠᠯᠳᠤᠭᠤᠯᠵᠤ ︽ᠲᠠ ᠨᠠᠷ ᠰᠠᠮᠠᠭᠤᠨ ᠴᠡᠷᠢᠭ ᠤᠨ ᠲᠤᠳᠤᠷ᠎ᠠ ᠠᠴᠠ ᠨᠠᠮᠠᠢᠢ ᠬᠠᠮᠠᠭᠠᠯᠠᠵᠤ ᠪᠤᠴᠠᠭᠠᠨ ᠠᠪᠴᠢᠷᠠᠪᠠ︾ ᠭᠡᠮᠡᠨ ᠲᠤᠰ ᠲᠤᠰ ᠵᠡᠷᠭᠡ ᠬᠡᠷᠬᠡᠮ ᠰᠤᠶᠤᠷᠬᠠᠪᠠ᠃ ᠲᠡᠷᠡ ᠲᠤᠬᠠᠢ ᠰᠠᠭᠠᠡᠭ ᠰᠡᠴᠡᠨ ᠬᠤᠨᠭ᠌ ᠲᠠᠶᠢᠵᠢ ᠳᠤ ︽ᠡᠷᠭᠡ ᠰᠡᠴᠡᠨ ᠬᠤᠨᠭ᠌ ᠲᠠᠶᠢᠵᠢ︾ ᠭᠡᠳᠡᠭ ᠬᠦᠨᠳᠦ ᠴᠤᠯᠠ ᠬᠠᠶᠢᠷᠠᠯᠠᠵᠤ ︽ᠬᠤᠰᠢᠭᠤ ᠶᠡᠭᠡ ᠠᠶᠠᠨ ᠤ ᠡᠮᠦᠨ᠎ᠠ ᠨᠢ ᠮᠤᠷᠢᠯᠠᠵᠤ᠂ ᠬᠤᠮᠤᠷᠭᠠᠨ ᠶᠡᠭᠡ ᠠᠪᠠ ᠶᠢᠨ ᠲᠦᠪ ᠲᠤᠨᠢ ᠶᠠᠪᠤᠳᠤᠭᠠᠢ︕︾ ᠭᠡᠮᠡᠨ ᠵᠠᠷᠯᠢᠭ ᠪᠤᠯᠪᠠ᠃ 1635 ᠤᠨ ᠳᠤ ᠮᠠᠨᠵᠤ ᠴᠢᠩ ᠤᠯᠤᠰ ᠤᠷᠳᠤᠰ ᠢ ᠲᠠᠭᠠᠭᠤᠯᠤᠨ ᠠᠪᠬᠤ ᠦᠶ᠎ᠡ ᠳᠤ ᠰᠠᠭᠠᠡᠭ ᠰᠡᠴᠡᠨ ᠬᠤᠨᠭ᠌ ᠲᠠᠶᠢᠵᠢ ᠰᠠᠶ᠋ᠢ ᠭᠤᠴᠢᠨ ᠨᠠᠰᠤᠳᠠᠢ ᠪᠠᠶᠢᠵᠠᠢ᠃ ᠲᠡᠷᠡ ᠪᠤᠯ ᠮᠤᠩᠭᠤᠯ ᠤᠨ ᠲᠦᠰᠢᠮᠡᠳ ᠤᠨ ᠲᠤᠳᠤᠷ᠎ᠠ ᠡᠷᠬᠢᠮ ᠬᠦᠨᠳᠤᠳᠤ ᠠᠯᠳᠠᠷ ᠴᠤᠯᠠ ᠲᠠᠢ᠂ ᠡᠭᠡᠯ ᠪᠤᠰᠤ ᠶᠢᠨ ᠡᠷᠳᠡᠮ ᠴᠢᠳᠠᠪᠤᠷᠢ ᠲᠠᠢ ᠬᠦᠮᠦᠨ ᠪᠠᠶᠢᠭᠰᠠᠨ ᠶᠤᠮ᠃ ᠮᠤᠩᠭᠤᠯ ᠤᠨ ᠲᠦᠷᠦ ᠮᠦᠬᠦᠬᠦ ᠶᠢᠨ ᠲᠠᠭᠠᠤ ᠰᠠᠭᠠᠡᠭ ᠰᠡᠴᠡᠨ ᠬᠤᠨᠭ᠌ ᠲᠠᠶᠢᠵᠢ ᠶᠢᠨ ᠤᠯᠤᠰ ᠲᠦᠷᠦ ᠶᠢᠨ ᠪᠠᠶᠢᠷᠢ ᠰᠠᠭᠤᠷᠢ ᠪᠠᠰᠠ ᠪᠠᠭᠤᠷᠠᠭᠠᠳ᠂ ᠰᠤᠯᠠ ᠬᠦᠮᠦᠨ ᠤ ᠡᠩᠨᠡᠭᠡ ᠳᠤ ᠤᠷᠤᠭᠰᠠᠨ ᠪᠠᠶᠢᠪᠠ᠃ ᠡᠶᠢᠮᠦ ᠠᠴᠠ ᠲᠡᠷᠡ ᠭᠤᠴᠢᠨ ᠨᠠᠰᠤᠨ ᠠᠴᠠ ᠡᠬᠢᠯᠡᠨ ᠲᠠᠪᠢ ᠶᠢᠰᠦ ᠬᠦᠷᠳᠡᠯ᠎ᠡ ᠬᠤᠷᠢ ᠶᠢᠰᠦᠨ ᠵᠢᠯ ᠤᠨ ᠴᠠᠭ ᠢ ᠵᠠᠷᠤᠴᠠᠭᠤᠯᠵᠤ ︽ᠡᠷᠳᠡᠨᠢ ᠶᠢᠨ ᠲᠤᠪᠴᠢ︾ ᠶᠢ ᠪᠢᠴᠢᠵᠤ ᠲᠠᠭᠤᠰᠤᠭᠰᠠᠨ ᠶᠤᠮ᠃ ᠰᠠᠭᠠᠡᠭ ᠰᠠᠴᠡᠨ ︽ᠡᠷᠳᠡᠨᠢ ᠶᠢᠨ ᠲᠤᠪᠴᠢ︾ ᠪᠠᠨ 1663 ᠤᠨ ᠳᠤ ᠪᠢᠴᠢᠵᠦ ᠲᠠᠭᠤᠰᠬᠠᠭᠰᠠᠨ ᠪᠤᠯᠪᠠᠴᠤ ᠮᠤᠩᠭᠤᠯ ᠤᠨ ᠲᠠᠤᠭᠡ ᠶᠢᠨ ᠪᠢᠴᠢᠯᠭᠡ ᠪᠠᠨ 1634 ᠤᠨ ᠳᠤ ᠯᠢᠭᠳᠡᠨ ᠬᠠᠭᠠᠨ ᠤ ᠡᠴᠦᠰ ᠪᠤᠯᠤᠭᠰᠠᠨ ᠢᠶᠠᠷ ᠲᠡᠭᠦᠰᠭᠡᠯ ᠪᠤᠯᠭᠠᠵᠠᠢ᠃ ᠡᠨᠡ ᠨᠢ 1635 ᠤᠨ ᠳᠤ ᠪᠠᠷᠠᠭᠤᠨ ᠭᠤᠷᠪᠠᠨ ᠲᠦᠮᠡᠨ ᠤ ᠷᠢᠨᠴᠢᠨ ᠵᠢᠨᠦᠩ ᠮᠠᠨᠵᠤ ᠳᠤ ᠪᠠᠭᠤᠵᠤ ᠦᠭᠭᠦᠭᠰᠡᠨ ᠪᠠ 1636 ᠤᠨ ᠳᠤ ᠦᠪᠦᠷ ᠮᠤᠩᠭᠤᠯ ᠤᠨ ᠸᠠᠩ ᠬᠦᠡᠭ ᠨᠠᠷ ᠴᠢᠭᠤᠯᠭᠠᠨ ᠪᠤᠯᠵᠤ᠂ ᠮᠠᠨᠵᠦ ᠶᠢᠨ ᠬᠤᠨᠭ᠌ ᠲᠠᠶᠢᠵᠢ ᠮᠤᠩᠭᠤᠯ ᠤᠨ ᠬᠠᠭᠠᠨ ᠢᠶᠠᠷ ᠡᠷᠭᠦᠭᠰᠡᠨ ᠵᠡᠷᠭᠡ ᠲᠡᠤᠬᠡ ᠶᠢᠨ ᠭᠤᠳᠤᠮᠰᠢᠭᠳᠤ ᠬᠡᠷᠡᠭ ᠤᠳ ᠢ ᠪᠢᠴᠢᠬᠦ ᠠᠴᠠ ᠵᠤᠷᠢᠭᠤᠳᠠ ᠵᠠᠶᠢᠯᠠᠰᠬᠢᠵᠤ᠂ ᠲᠤᠭᠤᠢ ᠪᠠᠷ ᠡᠰᠠᠷᠭᠦᠴᠡᠭᠰᠡᠨ ᠶᠠᠪᠤᠳᠠᠯ ᠪᠤᠯᠬᠤ ᠪᠢᠯᠡ᠃ ᠡᠶᠢᠮᠦ ᠴᠤ ᠤᠴᠢᠷ ᠠᠴᠠ ᠮᠠᠨᠵᠤ ᠴᠢᠩ ᠤᠨ ᠡᠩᠭᠡ ᠠᠮᠤᠭᠤᠯᠠᠩ ᠪᠠ ᠲᠡᠭᠷᠢ ᠲᠡᠳᠭᠦᠭᠴᠢ ᠬᠠᠭᠠᠨ ᠤ ᠦᠶ᠎ᠡ ᠳᠤ ︽ᠡᠷᠳᠡᠨᠢ ᠶᠢᠨ ᠲᠤᠪᠴᠢ︾ ᠳᠤ ᠨᠡᠮᠡᠯᠳᠡ ᠬᠠᠰᠤᠯᠳᠠ᠂ ᠵᠠᠰᠠᠯᠳᠠ ᠦᠭᠡᠷᠡᠴᠢᠯᠡᠯᠳᠡ ᠶᠡᠭᠡᠳᠡ ᠬᠢᠭᠰᠡᠨ ᠪᠠᠶᠢᠨᠠᠮ᠃ ᠢᠡᠭᠭᠢᠭᠡᠳ ︽ᠡᠷᠳᠡᠨᠢ ᠶᠢᠨ ᠲᠤᠪᠴᠢ︾ ᠨᠢ ︽ᠡᠯᠳᠡᠪ ᠰᠤᠳᠤᠷ ᠤᠨ ᠬᠤᠷᠢᠶᠠᠩᠭᠤᠢ ᠡᠷᠳᠡᠨᠢ ᠠᠯᠳᠠᠨ ᠲᠤᠪᠴᠢ︾᠂ ︽ᠬᠠᠳ ᠤᠨ ᠦᠨᠳᠦᠰᠤᠨ ᠤ ᠡᠷᠳᠡᠨᠢ ᠶᠢᠨ ᠲᠤᠪᠴᠢ︾ ᠂ ︽ᠡᠨᠡᠳᠬᠡᠭ ᠲᠦᠪᠡᠳ ᠮᠤᠩᠭᠤᠯ ᠤᠨ ᠬᠠᠳ ᠤᠨ ᠴᠠᠭᠠᠨ ᠲᠡᠭᠦᠭᠡ ᠨᠡᠷᠡᠳᠦ ᠲᠤᠭᠤᠵᠢ︾᠂ ︽ᠰᠠᠪᠠ ᠰᠢᠮ᠎ᠡ ᠶᠡᠭᠡ ᠶᠢᠷᠳᠢᠨᠴᠤ ᠶᠢᠨ ᠬᠠᠭᠠᠳ ᠤᠨ ᠦᠨᠳᠤᠰᠤᠨ ᠤ ᠴᠢᠬᠤᠯᠠ ᠤᠳᠬ᠎ᠠ ᠳᠤ ᠰᠤᠳᠤᠷ︾᠂ ︽ᠮᠤᠩᠭᠤᠯ ᠤᠨ ᠬᠠᠳ ᠤᠨ ᠢᠵᠠᠭᠤᠷ ᠤᠨ ᠲᠡᠤᠭᠡ︾᠂ ︽ᠮᠤᠩᠭᠤᠯ ᠤᠨ ᠢᠵᠠᠭᠤᠷ ᠤᠨ ᠲᠡᠤᠭᠡ︾ ᠵᠡᠷᠭᠡ ᠤᠯᠠᠨ ᠨᠡᠷ᠎ᠡ ᠲᠠᠢ ᠪᠤᠯᠤᠭᠰᠠᠨ ᠶᠤᠮ ᠃ ᠰᠡᠭᠦᠯᠳᠡᠵᠤ ᠢᠷᠡᠭᠡᠳ ᠰᠠᠶ᠋ᠢ ︽ᠬᠠᠳ ᠤᠨ ᠦᠨᠳᠦᠰᠦᠨ ᠤ ᠡᠷᠳᠡᠨᠢ ᠶᠢᠨ ᠲᠤᠪᠴᠢ︾ ᠪᠤᠶᠤ ᠲᠤᠪᠴᠢᠯᠠᠭᠠᠳ ︽ᠡᠷᠳᠡᠨᠢ ᠶᠢᠨ ᠲᠤᠪᠴᠢ︾ ᠭᠡᠬᠦ ᠪᠤᠯᠵᠠᠢ᠃ ︽ᠡᠷᠳᠡᠨᠢ ᠶᠢᠨ ᠲᠤᠪᠴᠢ︾ ᠶᠢ ︽ᠨᠢᠭᠤᠴᠠ ᠲᠤᠪᠴᠢᠶᠠᠨ︾ ᠤ ᠠᠷᠭ᠎ᠠ ᠪᠠᠷᠢᠯ ᠢᠶᠠᠷ ᠪᠢᠴᠢᠵᠦ᠂ ᠲᠡᠤᠭᠡᠳᠦ ᠶᠠᠪᠤᠳᠠᠯ ᠢ ᠤᠷᠠᠨ ᠲᠤᠮᠤᠭ᠂ ᠤᠷᠠᠨ ᠰᠠᠨᠠᠭ᠎ᠠ᠂ ᠤᠷᠠᠨ ᠰᠢᠯᠦᠭ ᠢᠶᠠᠷ ᠲᠦᠷᠰᠦᠯᠡᠨ ᠢᠯᠡᠳᠭᠡᠭᠰᠡᠨ ᠲᠤᠯᠠ 17 ᠳ᠋ᠤᠭᠠᠷ ᠵᠠᠭᠤᠨ ᠤ ᠮᠤᠩᠭᠤᠯ ᠲᠡᠤᠭᠡᠨ ᠤᠷᠠᠨ ᠵᠤᠬᠢᠶᠠᠯ ᠤᠳ ᠤᠨ ᠲᠡᠷᠢᠬᠦᠨ ᠳᠤ ᠤᠷᠤᠬᠤ ᠶᠤᠮ᠃ ᠡᠶᠢᠮᠦ ᠠᠴᠠ ᠰᠠᠭᠠᠡᠭ ᠰᠡᠴᠡᠨ ᠬᠤᠨᠭ᠌ ᠲᠠᠶᠢᠵᠢ ᠪᠤᠯ ᠮᠤᠩᠭᠤᠯ ᠤᠨ ᠲᠡᠤᠭᠡᠨ᠎ᠡ ᠠᠯᠳᠠᠷᠳᠠᠢ ︽ᠭᠤᠷᠪᠠᠨ ᠲᠤᠪᠴᠢ︾ ᠶᠢᠨ ᠨᠢᠭᠡ ᠨᠢ ᠪᠤᠯᠬᠤ ︽ᠡᠷᠳᠡᠨᠢ ᠶᠢᠨ ᠲᠤᠪᠴᠢ︾ ᠶᠢ ᠪᠢᠴᠢᠭᠰᠡᠨ ᠰᠤᠶᠤᠯ ᠤᠨ ᠲᠤᠮᠤ ᠵᠢᠳᠭᠦᠯᠳᠡᠨ ᠪᠤᠯᠬᠤ ᠶᠤᠮᠰᠠᠨ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号