ᠪᠦᠷᠳᠠ ᠦᠵᠢᠨ
ᠨᠡᠶᠢᠲᠡᠯᠡᠭᠰᠡᠨ ᠴᠠᠭ᠄
2019/11/25
          ᠳᠤᠮᠳᠠᠳᠤ ᠶᠢᠨ ᠹᠸᠤᠳᠠᠯ ᠤᠨ ᠬᠠᠭᠠᠳ ᠤᠯᠠᠨ ᠬᠠᠳᠤᠳ ᠪᠠ ᠲᠠᠳᠠᠪᠤᠷᠢ ᠲᠠᠢ ᠪᠠᠶᠢᠳᠠᠭ᠃ ᠮᠤᠩᠭᠤᠯ ᠤᠨ ᠬᠠᠭᠠᠳ ᠴᠤ ᠶᠠᠷᠤᠩᠭᠡᠢ ᠳᠤ ᠪᠠᠨ ᠡᠶᠢᠮᠤ ᠪᠠᠶᠢᠭᠰᠠᠨ ᠶᠤᠮ᠃ ᠴᠢᠩᠭᠢᠰ ᠬᠠᠭᠠᠨ ᠳᠤ ᠨᠠᠶᠢᠳᠠ ᠲᠦᠷᠪᠠᠨ ᠤᠷᠳᠤᠨ ᠲᠠᠢ ᠪᠠᠶᠢᠵᠠᠢ᠃       ᠨᠢᠭᠡᠳᠤᠭᠡᠷ ᠨᠢ ᠭᠡᠷᠤᠯᠤᠨ ᠤ ᠶᠡᠭᠡ ᠤᠷᠳᠤᠨ ᠪᠤᠯᠤᠨ᠎ᠠ᠃ ᠡᠨᠡ ᠤᠷᠳᠤᠨ ᠢ ᠪᠦᠷᠳᠠ ᠦᠵᠢᠨ ᠡᠷᠭᠢᠯᠠᠵᠤ ᠪᠠᠶᠢᠵᠠᠢ ᠃ ᠡᠭᠦᠨ ᠠᠴᠠ ᠭᠠᠳᠠᠨ᠎ᠠ ᠪᠠᠰᠠ ᠵᠢᠷᠭᠤᠭᠠᠨ ᠬᠠᠳᠤᠨ ᠨᠢᠭᠡᠨ ᠲᠠᠳᠠᠪᠤᠷᠢ ᠰᠠᠭᠤᠵᠤ ᠪᠠᠶᠢᠪᠠ᠃ ᠬᠤᠶᠠᠳᠤᠭᠠᠷ ᠨᠢ ᠬᠤᠯᠠᠨ ᠬᠠᠳᠤᠨ ᠤ ᠤᠷᠳᠤᠨ ᠪᠤᠯᠤᠨ᠎ᠠ᠃ ᠡᠨᠡ ᠤᠷᠳᠤᠨ ᠢ ᠬᠤᠯᠠᠨ ᠡᠷᠭᠢᠯᠠᠵᠤ ᠪᠠᠶᠢᠪᠠ᠃ ᠡᠭᠦᠨ ᠠᠴᠠ ᠭᠠᠳᠠᠨ᠎ᠠ ᠪᠠᠰᠠ ᠭᠤᠷᠪᠠᠨ ᠬᠠᠳᠤᠨ ᠨᠢᠭᠡᠨ ᠲᠠᠳᠠᠪᠤᠷᠢ ᠰᠠᠭᠤᠵᠤ ᠪᠠᠶᠢᠪᠠ᠃ ᠭᠤᠷᠪᠠᠳᠤᠭᠠᠷ ᠨᠢ ᠶᠢᠰᠤᠢ ᠬᠠᠳᠤᠨ ᠤ ᠤᠷᠳᠤᠨ ᠪᠤᠯᠤᠨ᠎ᠠ᠃ ᠡᠨᠡ ᠤᠷᠳᠤᠨ ᠢ ᠶᠢᠰᠤᠢ ᠡᠷᠭᠢᠯᠠᠵᠤ ᠡᠭᠦᠨ ᠠᠴᠠ ᠭᠠᠳᠠᠨ᠎ᠠ ᠪᠠᠰᠠ ᠵᠢᠷᠭᠤᠭᠠᠨ ᠬᠠᠳᠤᠨ ᠭᠤᠷᠪᠠᠨ ᠲᠠᠳᠠᠪᠤᠷᠢ ᠰᠠᠭᠤᠵᠤ ᠪᠠᠶᠢᠵᠠᠢ᠃ ᠲᠦᠷᠪᠠᠳᠤᠭᠡᠷ ᠨᠢ ᠶᠢᠰᠤᠭᠡᠨ ᠬᠠᠳᠤᠨ ᠤ ᠤᠷᠳᠤᠨ ᠪᠤᠯᠤᠨ᠎ᠠ᠃ ᠡᠨᠡ ᠤᠷᠳᠤᠨ ᠢ ᠶᠢᠰᠤᠭᠡᠨ ᠡᠷᠭᠢᠯᠠᠵᠤ ᠡᠭᠦᠨ ᠠᠴᠠ ᠭᠠᠳᠠᠨ᠎ᠠ ᠪᠠᠰᠠ ᠲᠦᠷᠪᠠᠨ ᠬᠠᠳᠤᠨ ᠳᠤᠯᠤᠭᠠᠨ ᠲᠠᠳᠠᠪᠤᠷᠢ ᠰᠠᠭᠤᠵᠤ ᠪᠠᠶᠢᠵᠠᠢ᠃       ᠪᠦᠷᠳᠠ ᠦᠵᠢᠨ ᠪᠤᠯ ᠬᠤᠨᠭ᠍ᠭᠢᠷᠠᠳ ᠠᠶᠢᠮᠠᠭ ᠤᠨ ᠲᠠᠢ ᠰᠠᠴᠡᠨ ᠤ ᠦᠭᠢᠨ ᠶᠤᠮ᠃ ᠲᠠᠷᠡ 1178 ᠤᠨ ᠳᠤ ᠤᠷᠤᠭ ᠬᠤᠯᠪᠤᠵᠠᠢ᠃ ᠪᠦᠷᠳᠠ ᠦᠵᠢᠨ ᠠᠴᠠ ᠲᠦᠷᠪᠠᠨ ᠭᠦᠪᠡᠭᠦᠨ ᠲᠠᠪᠤᠨ ᠦᠭᠢᠨ ᠲᠠᠢ᠂ ᠲᠦᠷᠪᠠᠨ ᠭᠦᠪᠡᠭᠦᠨ ᠨᠢ ᠵᠦᠴᠢ᠂ ᠴᠠᠭᠠᠳᠠᠢ᠂ ᠦᠭᠡᠳᠠᠢ᠂ ᠳᠤᠯᠤᠢ᠃ ᠲᠠᠪᠤᠨ ᠦᠭᠢᠨ ᠨᠢ ᠬᠤᠵᠢᠨ ᠪᠠᠭᠢ᠂ ᠴᠡᠴᠡᠶᠢᠭᠡᠨ᠂ ᠠᠯᠠᠭ᠎ᠠ ᠪᠠᠭᠢ᠂ ᠲᠠᠮᠤᠯᠤᠨ᠂ ᠠᠯᠳᠤᠯᠤᠬᠠᠨ᠃ ᠪᠦᠷᠳᠠ ᠦᠵᠢᠨ ᠪᠤᠯ ᠨᠢᠭᠡᠨ ᠰᠠᠴᠡᠨ ᠮᠡᠷᠭᠡᠨ ᠡᠮᠡᠭᠳᠠᠢ ᠶᠤᠮ᠃ ᠲᠠᠷᠡ ᠴᠢᠩᠭᠢᠰ ᠬᠠᠭᠠᠨ ᠲᠠᠢ ᠵᠤᠪᠠᠯ ᠵᠦᠳᠡᠭᠦᠷᠢ ᠶᠢ ᠬᠠᠮᠳᠤ ᠪᠠᠷ ᠡᠳ᠋ᠯᠠᠵᠤ᠂ ᠮᠤᠩᠭᠤᠯ ᠠᠶᠢᠮᠠᠭ ᠤᠪᠤᠭᠳᠠᠨ ᠢ ᠨᠢᠭᠡᠳᠭᠡᠭᠦ ᠠᠭᠤᠤ ᠶᠡᠭᠡ ᠦᠢᠯᠡᠰ ᠢ ᠨᠢ  ᠦᠨᠠᠨᠴᠢ ᠪᠠᠷ ᠲᠠᠮᠵᠢᠵᠤ᠂ ᠬᠠᠭᠠᠨᠳᠤ ᠲᠦᠷᠦ ᠶᠢ ᠨᠢ ᠪᠠᠭᠢᠵᠢᠭᠦᠯᠭᠦ ᠳᠤ ᠭᠦᠴᠤ ᠪᠠᠨ ᠰᠢᠪᠬᠠᠵᠠᠢ᠃ ᠲᠠᠮᠤᠵᠢᠨ ᠪᠦᠷᠳᠠ ᠲᠠᠢ ᠬᠤᠷᠢᠮᠯᠠᠭᠰᠠᠨ ᠤ ᠲᠠᠷᠠᠭ᠎ᠠ᠂ ᠮᠤᠩᠭᠤᠯ ᠠᠶᠢᠮᠠᠭ ᠢᠶᠠᠨ ᠮᠠᠨᠳᠤᠭᠤᠯᠬᠤ ᠶᠢᠨ ᠲᠦᠯᠤᠭᠡ ᠭᠦᠴᠤᠷᠭᠡᠭ ᠭᠡᠷᠡᠶᠢᠳ ᠠᠶᠢᠮᠠᠭ ᠲᠠᠢ ᠤᠯᠤᠰ ᠲᠦᠷᠦ ᠶᠢᠨ ᠬᠤᠯᠪᠤᠭᠠᠯᠠᠯ ᠪᠠᠶᠢᠭᠤᠯᠬᠤ ᠲᠦᠷᠦ ᠶᠢᠨ ᠪᠤᠳᠤᠯᠭ᠎ᠠ ᠠᠪᠤᠪᠠ᠃ ᠪᠦᠷᠳᠠ ᠶᠢᠨ ᠲᠦᠷᠭᠦᠮ ᠠᠴᠠ ᠦᠭᠭᠦᠭᠰᠡᠨ ᠪᠤᠯᠠᠭᠠᠨ ᠲᠠᠬᠤ ᠶᠢ ᠭᠡᠷᠡᠶᠢᠳ ᠤᠨ ᠸᠠᠩ ᠬᠠᠨ ᠳᠤᠭᠤᠷᠢᠯ ᠳᠤ ᠪᠠᠯᠡᠭ ᠪᠤᠯᠭᠠᠨ ᠪᠠᠷᠢᠵᠤ᠂ ᠲᠠᠭᠦᠨ ᠲᠠᠢ ᠬᠤᠯᠪᠤᠭᠠᠯᠠᠬᠤ ᠰᠠᠨᠠᠭ᠎ᠠ ᠪᠠᠨ ᠢᠯᠠᠳᠭᠡᠵᠠᠢ᠃ ᠸᠠᠩ ᠬᠠᠨ ᠳᠤᠭᠤᠷᠢᠯ᠄ ︽ᠬᠠᠷ᠎ᠠ ᠪᠤᠯᠠᠭᠠᠨ ᠲᠠᠬᠤ ᠶᠢᠨ ᠬᠠᠷᠢᠭᠤ ᠬᠠᠭᠠᠴᠠᠭᠰᠠᠨ ᠤᠯᠤᠰ ᠢ ᠴᠢᠨᠢ ᠬᠠᠮᠳᠤᠳᠬᠠᠵᠤ ᠦᠭᠭᠦᠰᠤᠭᠡᠢ︾ ᠭᠡᠵᠤ ᠬᠤᠶᠠᠷ ᠡᠳᠡᠭᠡᠳ ᠢᠶᠠᠷ ᠢᠶᠠᠨ ᠬᠤᠯᠪᠤᠭᠠᠯᠠᠨ ᠬᠠᠪᠰᠤᠷᠴᠤ ᠲᠠᠮᠵᠢᠭᠦ ᠰᠠᠨᠠᠭ᠎ᠠ ᠪᠠᠨ ᠢᠯᠠᠷᠡᠭᠦᠯᠪᠠ ᠃ ᠲᠠᠮᠤᠵᠢᠨ ᠶᠠᠮᠠᠷ ᠴᠤ  ᠦᠶ᠎ᠠ ᠳᠤ ᠪᠦᠷᠳᠠ ᠦᠵᠢᠨ ᠬᠠᠳᠤᠨ ᠲᠠᠢ ᠪᠠᠨ ᠵᠦᠪᠳᠡᠭᠦ ᠦᠭᠡᠢ ᠭᠡᠵᠤ ᠪᠠᠶᠢᠬᠤ ᠦᠭᠡᠢ ᠶᠤᠮ᠃ 1179 ᠤᠨ ᠳᠤ ᠮᠡᠷᠭᠢᠳ ᠠᠶᠢᠮᠠᠭ ᠲᠠᠮᠤᠵᠢᠨ ᠢ ᠭᠡᠨᠡᠳᠳᠠ ᠪᠠᠷ ᠲᠠᠭᠠᠷᠢᠪᠠ᠃ ᠪᠦᠷᠳᠠ ᠦᠵᠢᠨ ᠳᠤᠳᠠᠭᠠᠵᠤ  ᠠᠮᠵᠢᠭᠰᠠᠨ ᠦᠭᠡᠢ ᠲᠠᠶᠢᠰᠤᠨ ᠳᠤ ᠤᠯᠵᠠᠯᠠᠭᠳᠠᠵᠠᠢ᠃ ᠢᠡᠭᠭᠢᠭᠡᠳ ᠲᠠᠮᠤᠵᠢᠨ ᠸᠠᠩ ᠬᠠᠨ ᠳᠤᠭᠤᠷᠢᠯ ᠪᠠ ᠵᠠᠮᠤᠬ᠎ᠠ ᠲᠠᠢ ᠭᠦᠴᠤ ᠬᠠᠮᠳᠤᠷᠠᠵᠤ᠂ ᠮᠡᠷᠭᠢᠳ ᠢ ᠰᠦᠨᠤᠭᠡᠨ ᠪᠦᠷᠳᠠ ᠦᠵᠢᠨ ᠬᠠᠳᠤᠨ ᠢ ᠡᠭᠡᠭᠦᠯᠦᠨ ᠠᠪᠴᠢᠷᠠᠪᠠ᠃       ᠮᠡᠷᠭᠢᠳ ᠢ ᠰᠦᠨᠤᠭᠡᠭᠰᠡᠨ ᠤ ᠲᠠᠷᠠᠭ᠎ᠠ ᠲᠠᠮᠤᠵᠢᠨ ᠵᠠᠮᠤᠬ᠎ᠠ ᠲᠠᠢ ᠵᠢᠯ ᠬᠠᠭᠠᠰ ᠨᠦᠭᠦᠷᠯᠠᠵᠤ ᠶᠠᠪᠤᠪᠠ᠃ ᠵᠠᠳᠠᠷᠠᠨ ᠤᠪᠤᠭᠳᠠᠨ ᠤ ᠵᠠᠮᠤᠬ᠎ᠠ ᠪᠤᠯ ᠲᠠᠮᠤᠵᠢᠨ ᠤ ᠪᠠᠭ᠎ᠠ ᠶᠢᠨ ᠦᠶ᠎ᠠ ᠶᠢᠨ ᠠᠨᠳᠠ ᠪᠤᠯᠤᠨ᠎ᠠ᠃ ᠨᠢᠭᠡᠨ ᠡᠳᠤᠷ᠂ ᠦᠭᠡᠷ᠎ᠠ ᠨᠤᠳᠤᠭ ᠲᠤ ᠨᠡᠭᠦᠭᠦ ᠪᠠᠷ ᠪᠠᠯᠠᠳᠭᠡᠵᠤ ᠪᠠᠶᠢᠬᠤ ᠳᠤ ᠵᠡᠮᠤᠬ᠎ᠠ ᠭᠡᠯᠡᠭᠰᠡᠨ ᠨᠢ᠄ ︽ᠲᠠᠮᠤᠵᠢᠨ ᠠᠨᠳᠠ︕ ᠠᠭᠤᠯᠠᠨ ᠳᠤ ᠰᠢᠬᠠᠨ ᠪᠠᠭᠤᠶ᠎ᠠ᠂ ᠠᠳᠤᠭᠤᠴᠢᠨ ᠳᠤ ᠭᠡᠷ ᠪᠤᠯᠳᠤᠭᠠᠢ︕ ᠭᠤᠤᠯ ᠳᠤ ᠰᠢᠬᠠᠨ ᠪᠠᠭᠤᠶ᠎ᠠ︕ ᠬᠤᠷᠴᠢᠨ ᠬᠤᠷᠭᠠᠴᠢᠨ ᠳᠤ ᠬᠤᠭᠤᠯᠠ ᠪᠤᠯᠳᠤᠭᠠᠢ︾ ᠭᠡᠪᠡ᠃ ᠲᠠᠮᠤᠵᠢᠨ ᠲᠠᠷᠡ ᠲᠠᠷᠤᠢ ᠲᠠᠭᠦᠨ ᠤ ᠦᠭᠡ ᠶᠢᠨ ᠤᠳᠬ᠎ᠠ ᠶᠢ ᠡᠰᠠ ᠦᠢᠯᠠᠭᠠᠪᠠ᠃ ᠵᠠᠮᠤᠬ᠎ᠠ ᠶᠢᠨ ᠰᠠᠨᠠᠭ᠎ᠠ ᠶᠢ ᠨᠢᠭᠡᠨᠳᠡ ᠨᠠᠪᠳᠠ ᠦᠵᠡᠵᠤ ᠭᠠᠷᠤᠭᠰᠠᠨ ᠪᠦᠷᠳᠠ ᠦᠵᠢᠨ᠄ ︽ᠵᠠᠮᠤᠬ᠎ᠠ ᠠᠨᠳᠠ ᠠᠮᠠᠷᠬᠠᠨ ᠦᠢᠳᠳᠠᠭ ᠭᠡᠳᠡᠭ ᠪᠦᠯᠤᠭᠡ᠃ ᠡᠳᠤᠭᠡ ᠪᠢᠳᠠᠨ ᠠᠴᠠ ᠦᠢᠳᠬᠤ ᠴᠠᠭ ᠨᠢ ᠪᠤᠯᠤᠭᠰᠠᠨ  ᠪᠤᠢ ‍ᠶ᠎ᠠ᠃ ᠰᠠᠶ᠋ᠢ ᠶᠢᠨ ᠵᠠᠮᠤᠬ᠎ᠠ ᠠᠨᠳᠠ ᠶᠢᠨ ᠭᠡᠯᠡᠭᠰᠡᠨ ᠨᠢ ᠶᠠᠷᠢᠶᠠᠨ ᠦᠭᠡᠢ ᠪᠢᠳᠠᠨ ᠢ ᠵᠢᠭᠰᠢᠭᠰᠡᠨ ᠦᠭᠡ ᠭᠡᠵᠤ ᠪᠤᠳᠤᠨ᠎ᠠ᠃ ᠪᠢᠳᠠ ᠪᠠᠭᠤᠵᠤ ᠪᠤᠯᠬᠤ ᠦᠭᠡᠢ᠂ ᠢᠡᠭᠭᠢᠵᠤ ᠭᠦᠳᠡᠯᠦᠭᠰᠡᠨ ᠪᠤᠯᠬᠤᠷ ᠬᠠᠷᠢᠨ ᠲᠠᠭᠦᠨ ᠠᠴᠠ ᠬᠠᠭᠠᠴᠠᠵᠤ ᠂ ᠰᠦᠨᠢ ᠲᠤᠷᠰᠢ ᠰᠢᠯᠤᠭᠤᠬᠠᠨ ᠨᠠᠭᠦᠭᠡᠳ ᠶᠠᠪᠤᠭᠰᠠᠨ ᠨᠢ ᠲᠠᠭᠡᠷ᠎ᠠ︾ ᠭᠡᠪᠡ᠃ ᠲᠠᠮᠤᠵᠢᠨ ᠰᠠᠭᠡᠰᠭᠢᠨ ᠤᠬᠠᠭᠠᠷᠠᠵᠤ᠂ ᠵᠠᠮᠤᠬ᠎ᠠ ᠲᠠᠢ ᠨᠦᠭᠦᠷᠯᠡᠭᠦ ᠪᠠᠨ ᠪᠤᠯᠢᠭᠠᠳ ᠬᠤᠪᠢ ᠬᠤᠪᠢ ᠶᠢᠨ ᠵᠠᠮ ᠢᠶᠠᠨ ᠭᠦᠭᠡᠭᠡᠭᠰᠡᠨ ᠪᠢᠯᠠ᠃ ᠪᠦᠷᠳᠠ ᠦᠵᠢᠨ ᠤᠯᠤᠰ ᠲᠦᠷᠦ ᠶᠢᠨ ᠲᠠᠯ᠎ᠠ ᠪᠠᠷ ᠴᠤ ᠮᠠᠰᠢ ᠰᠠᠷᠭᠡᠭ ᠡᠮᠡᠭᠳᠠᠢ ᠶᠤᠮ᠃ ᠲᠡᠷᠡ ᠮᠤᠩᠭᠤᠯ ᠤᠨ ᠲᠦᠷᠦ ᠳᠤ ᠦᠪᠠᠷ ᠤᠨ ᠤᠶᠤᠨ ᠤᠬᠠᠭᠠᠨ ᠢᠶᠠᠨ ᠰᠢᠪᠬᠠᠵᠤ᠂ ᠭᠦᠴᠤ ᠭᠦᠯᠦᠰᠤ ᠪᠠᠨ ᠡᠷᠭᠦᠭᠰᠡᠨ ᠭᠠᠪᠢᠶ᠎ᠠ ᠵᠢᠳᠭᠦᠯ ᠲᠠᠢ ᠶᠤᠮ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号