ᠰᠤᠳᠤ ᠡᠵᠡᠨ ᠳᠠᠶᠠᠨ ᠬᠠᠭᠠᠨ
ᠨᠡᠶᠢᠲᠡᠯᠡᠭᠰᠡᠨ ᠴᠠᠭ᠄
2019/11/25
           1497 ᠤᠨ ᠳᠤ ᠳᠠᠶᠠᠨ ᠬᠠᠭᠠᠨ ᠤ ᠮᠢᠩ ᠤᠯᠤᠰ ᠲᠠᠢ ᠠᠷᠠᠯᠵᠢᠶ᠎ᠠ ᠨᠡᠪᠲᠡᠷᠡᠬᠦ ᠱᠠᠭᠠᠷᠳᠠᠯᠭ᠎ᠠ ᠨᠢ ᠦᠯᠤ ᠵᠦᠪᠰᠢᠶᠡᠷᠡᠳᠡᠭᠰᠡᠨ ᠠᠴᠠ ᠬᠠᠭᠠᠨ ᠠᠭᠤᠯᠠ ᠶᠢᠨ ᠤᠪᠤᠭ᠎ᠠ ᠰᠦᠯᠳᠡ ᠪᠠᠨ ᠳᠠᠬᠢᠵᠤ ᠮᠢᠩ ᠤᠯᠤᠰ ᠢ ᠳᠤᠪᠲᠤᠯᠵᠡᠢ᠃ ᠳᠠᠷᠠᠭ᠎ᠠ ᠵᠢᠯ ᠳᠤᠨᠢ ᠮᠢᠩ ᠤᠯᠤᠰ ᠳ᠋ᠧ ᠱᠧᠩ ᠪᠤᠤ᠂ ᠰᠢᠨ ᠫᠢᠩ ᠪᠤᠤ ᠪᠤᠭᠤᠮᠳᠠ ᠶᠢ ᠨᠡᠭᠡᠭᠡᠵᠤ᠂ ᠤᠮᠠᠷᠠᠳᠤ ᠶᠤᠸᠠᠨ ᠲᠠᠢ ᠡᠷᠬᠡ ᠳᠡᠭᠰᠢ ᠪᠠᠷ ᠠᠷᠠᠯᠵᠢᠶ᠎ᠠ ᠬᠢᠵᠡᠢ᠃ 1510 ᠤᠨ ᠳᠤ᠂ ᠳᠠᠶᠠᠨ ᠬᠠᠭᠠᠨ ᠸᠡᠢ ᠨᠢᠩ ᠬᠠᠢ ︵ᠤᠳᠤ ᠶᠢᠨ ᠬᠢᠬᠢᠷᠢ ᠶᠢᠨ ᠨᠠᠭᠤᠷ︶ ᠠᠴᠠ ᠬᠤᠶᠢᠰᠢᠬᠢ ᠰᠠᠭᠤᠭ᠎ᠠ ᠭᠠᠵᠠᠷ ᠲᠤ ᠲᠡᠭᠷᠢ ᠪᠠᠨ ᠲᠠᠬᠢᠵᠤ᠂ ᠰᠠᠴᠤᠯᠢ ᠡᠷᠭᠦᠨ᠂ ᠴᠡᠷᠢᠭ ᠠᠩᠭᠢ ᠪᠠᠨ ᠵᠠᠷᠯᠠᠨ ᠲᠤᠬᠢᠷᠠᠭᠤᠯᠵᠤ᠂ ᠳᠠᠬᠢᠨᠲᠠ ᠪᠠᠷᠠᠭᠤᠨᠰᠢ ᠴᠡᠷᠢᠭ ᠳᠠᠶᠢᠯᠠᠪᠠ᠃ ᠳᠠᠶᠠᠨ ᠬᠠᠭᠠᠨ ᠪᠠᠷᠠᠭᠤᠨ ᠭᠠᠷᠤᠨ ᠹᠸᠤᠳᠡᠯ ᠤᠨ ᠡᠵᠡᠳ ᠲᠠᠢ ᠬᠤᠷᠢᠭᠠᠳ ᠵᠢᠯ ᠳᠠᠶᠢᠨ ᠬᠢᠵᠤ᠂ ᠡᠴᠤᠰ ᠲᠡᠭᠡᠨ ᠵᠡᠭᠦᠨ ᠮᠤᠩᠭᠤᠯ ᠤᠨ ᠵᠢᠷᠭᠤᠭᠠᠨ ᠲᠦᠮᠡᠨ ᠢ ᠦᠪᠡᠷ ᠤᠨ ᠨᠤᠶᠠᠷᠬᠠᠯ ᠳᠤᠤᠷ᠎ᠠ ᠪᠠᠨ ᠤᠷᠤᠭᠤᠯᠵᠤ᠂ ᠮᠤᠩᠭᠤᠯ ᠤᠨ ᠦᠨᠳᠦᠷᠯᠢᠭ ᠤᠨ ᠵᠠᠭᠤᠭᠠᠳ ᠵᠢᠯ ᠤᠨ ᠬᠠᠭᠠᠴᠠᠯ ᠢ ᠲᠡᠭᠦᠰᠭᠡᠵᠤ ᠲᠠᠬᠢᠨᠲᠠ ᠨᠢᠭᠡᠳᠤᠯ ᠢ ᠪᠡᠶᠡᠯᠡᠭᠦᠯᠤᠨ ︽ᠰᠡᠷᠭᠦᠨ ᠮᠠᠨᠳᠤᠭᠰᠠᠨ ᠰᠤᠳᠤ ᠡᠵᠡᠨ︾ ᠭᠡᠮᠡᠨ ᠠᠯᠳᠠᠷᠰᠢᠪᠠ᠃ 1517 ᠤᠨ ᠳᠤ᠂ ᠳᠠᠶᠠᠨ ᠬᠠᠭᠠᠨ ᠬᠠᠯᠢᠵᠤ᠂ ᠬᠠᠭᠠᠨ ᠰᠢᠷᠡᠭᠡᠨ ᠳᠤ 37 ᠵᠢᠯ ᠰᠠᠭᠤᠪᠠ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号