| | ᠵᠢᠷᠭᠤᠳᠤᠭᠠᠷ ᠲᠠᠯᠠᠢ ᠯᠠᠮᠠ ᠯᠤᠪᠰᠠᠩᠷᠢᠨᠴᠢᠨᠼᠠᠩᠶᠠᠩᠵᠠᠮᠴᠤ ᠠᠯᠠᠱᠠ ᠳᠤ ᠢᠷᠡᠭᠡᠳ 1746 ᠤᠨ ᠳᠤ ᠵᠢᠷᠠᠨ | ᠨᠠᠰᠤᠨ ᠤ ᠰᠡᠬᠦᠳᠡᠷ ᠲᠠᠢ ᠲᠠᠭᠠᠯᠠᠯ ᠲᠡᠬᠦᠰᠦᠭᠰᠡᠨ ᠤ ᠲᠠᠷᠠᠭ᠎ᠠ᠂ ᠠᠯᠠᠱᠠ ᠳᠤ ᠮᠠᠨᠳᠤᠭᠰᠠᠨ ᠬᠠᠮᠤᠭ ᠶᠡᠭᠡ ᠬᠤᠳᠤᠭᠳᠤ | ᠬᠡᠬᠡᠨ ᠪᠤᠯ ᠼᠠᠩᠶᠠᠩᠵᠠᠮᠰᠤ᠂ ᠲᠡᠬᠦᠨ ᠢ ᠪᠠᠰᠠ ︽ᠲᠡᠭᠡᠳᠦ ᠶᠢᠨ ᠬᠡᠬᠡᠨ︾ ᠭᠡᠳᠡᠭ᠃ ᠬᠤᠶᠠᠳᠤᠭᠠᠷ ᠲᠦᠷᠢ ᠨᠢ | ᠶᠤᠩᠳᠤᠨᠵᠤᠩᠨᠠᠢ᠂ ᠲᠡᠷᠡ ᠪᠤᠯ ᠲᠡᠭᠷᠢ ᠲᠡᠳᠭᠦᠭᠴᠢ ᠶᠢᠨ ᠠᠷᠪᠠᠨ ᠭᠤᠷᠪᠠᠳᠤᠭᠠᠷ ᠤᠨ᠂ ᠨᠡᠶᠢᠳᠡ ᠶᠢᠨ ᠤᠨ | ᠲᠤᠭᠠᠯᠠᠯ ᠤᠨ 1747 ᠤᠨ᠂ ᠤᠯᠠᠭᠠᠭᠴᠢᠨ ᠲᠠᠤᠯᠠᠢ ᠵᠢᠯ ᠤᠨ ᠲᠦᠷᠪᠡᠳᠦᠬᠡᠷ ᠰᠠᠷ᠎ᠠ ᠶᠢᠨ ᠰᠢᠨ᠎ᠡ ᠶᠢᠨ ᠨᠠᠢᠮᠠᠨ ᠤ | ᠡᠳᠦᠷ᠂ ᠠᠪᠤᠤ ᠨᠤᠶᠠᠨ ᠤ ᠲᠡᠬᠦᠦ ᠴᠢᠮᠡᠳ ᠲᠠᠶᠢᠵᠢ ᠶᠢᠨ ᠶᠡᠭᠡ ᠬᠦᠪᠡᠬᠦᠨ ᠪᠤᠯᠵᠤ᠂ ᠤᠯᠤᠰ ᠤᠨ ᠲᠦᠰᠢᠶ᠎ᠡ | ᠬᠦᠩ ᠤᠨ ᠡᠷᠬᠦᠮᠵᠢᠯᠡᠯᠳᠦ ᠶᠡᠭᠡ ᠬᠠᠳᠤᠨ ᠠᠴᠠ ᠨᠢᠷᠡᠶᠢᠯᠡᠨ ᠮᠡᠨᠳᠦᠯᠡᠵᠡᠢ᠃ | ᠲᠡᠭᠷᠢ ᠲᠡᠳᠬᠦᠭᠴᠢ ᠬᠠᠭᠠᠨ ᠤ ᠠᠷᠪᠠᠨ ᠵᠢᠷᠭᠤᠳᠤᠭᠠᠷ ᠤᠨ᠂ ᠨᠡᠶᠢᠳᠡ ᠶᠢᠨ ᠤᠨ ᠲᠤᠭᠠᠯᠠᠯ ᠤᠨ 1751 ᠤᠨ᠂ | ᠴᠠᠭᠠᠭᠴᠢᠨ ᠬᠤᠨᠢᠨ ᠵᠢᠯ ᠴᠦᠢᠵᠢᠮᠪᠠ ᠯᠠᠮᠠ ᠤᠳᠽᠠᠷ ᠢ ᠵᠠᠯᠠᠵᠤ᠂ ᠰᠠᠬᠢᠯ ᠤᠨ ᠨᠡᠷ᠎ᠡ ᠶᠢ ᠯᠤᠪᠰᠠᠩᠳᠦᠪᠳᠦᠨᠵᠠᠮᠰᠤ | ᠬᠡᠵᠦ ᠢᠪᠡᠭᠡᠭᠡᠳ ︽ᠰᠤᠶᠤᠯ ᠢ ᠬᠡᠶᠢᠬᠦᠯᠦᠭᠴᠢ ᠰᠦᠮ᠎ᠡ︾ ᠶᠢᠨ ᠰᠢᠷᠡᠬᠡᠨ᠎ᠡ ᠵᠠᠯᠠᠵᠠᠢ᠃ ᠲᠤᠰ ᠵᠢᠯ ᠲᠠᠪᠤᠨ | ᠤᠢ ᠲᠠᠢ᠃ ᠲᠡᠭᠡᠭᠡᠳ ᠮᠦᠨ ᠬᠠᠭᠠᠨ ᠤ ᠬᠤᠷᠢᠨ ᠨᠢᠬᠡᠳᠦᠬᠡᠷ ᠤᠨ᠂ ᠨᠡᠶᠢᠳᠡ ᠶᠢᠨ ᠤᠨ ᠲᠤᠭᠠᠯᠠᠯ ᠤᠨ 1756 | ᠤᠨ᠂ ᠤᠯᠠᠭᠠᠨ ᠬᠤᠯᠤᠭᠠᠨ᠎ᠠ ᠵᠢᠯ ︽ᠱᠠᠰᠢᠨ ᠢ ᠪᠠᠳᠠᠷᠠᠭᠤᠯᠤᠭᠴᠢ ᠰᠦᠮ᠎ᠡ︾ ᠶᠢ ᠪᠠᠶᠢᠭᠤᠯᠤᠨ᠂ ᠲᠡᠷᠦᠢ ᠲᠠᠷᠠᠭ᠎ᠠ | ᠵᠢᠯ ᠨᠢ ᠲᠡᠯᠭᠡᠷᠡᠩᠬᠦᠢ ᠷᠠᠪᠨᠢ ᠤᠶᠢᠯᠡᠳᠴᠦ᠂ ᠠᠷᠪᠠᠨ ᠨᠢᠭᠡᠨ ᠤᠢ ᠲᠠᠢ ᠦᠨᠳᠦᠷ ᠬᠡᠬᠡᠨ — ᠯᠤᠰᠠᠩᠳᠦᠪᠳᠦᠨᠵᠠᠮᠰᠦ | ︽ᠰᠤᠶᠤᠯ ᠢ ᠬᠡᠶᠢᠬᠦᠯᠦᠭᠴᠢ ᠰᠦᠮ᠎ᠡ︾ ᠳᠤ ᠵᠠᠯᠠᠭᠳᠠᠵᠤ᠂ ᠰᠢᠷᠡᠬᠡᠨ᠎ᠡ ᠰᠠᠭᠠᠳᠠᠭᠤᠯᠤᠭᠰᠠᠨ ᠶᠤᠮ ᠪᠠᠶᠢᠨ᠎ᠠ᠃ | ᠲᠡᠭᠷᠢ ᠲᠡᠤᠠᠬᠦᠭᠴᠢ ᠶᠢᠨ ᠬᠤᠷᠢᠨ ᠲᠠᠪᠤᠨ ᠤᠨ᠂ ᠨᠡᠶᠢᠳᠡ ᠶᠢᠨ ᠤᠨ ᠲᠤᠭᠠᠯᠠᠯ ᠤᠨ 1760 ᠤᠨ᠂ ᠴᠠᠭᠠᠨ ᠯᠤᠤ | ᠵᠢᠯ ᠳᠤ᠂ ᠦᠨᠳᠦᠷ ᠬᠡᠬᠡᠨ ᠦᠪᠡᠷ ᠤᠨ ᠪᠡᠶ᠎ᠡ ᠪᠠᠷ ᠢᠶᠠᠨ ᠳ᠋ᠢᠩ ᠶᠤᠸᠠᠨ ᠶᠢᠩ ᠬᠤᠳᠠ ᠲᠤᠳᠤᠷᠠᠬᠢ ᠭᠤᠷᠪᠠᠨ | ᠴᠠᠭ ᠤᠨ ᠪᠤᠷᠬᠠᠨ ᠤ ᠰᠦᠮ᠎ᠡ ᠪᠤᠯᠤᠨ ᠢᠳᠡᠬᠡᠯ ᠤᠨ ᠲᠤᠭᠠᠩ ᠢ ᠪᠠᠷᠢᠵᠤ ᠪᠤᠰᠬᠠᠨ᠂ ᠱᠠᠰᠢᠨ ᠢ ᠪᠠᠳᠠᠷᠠᠭᠤᠯᠤᠭᠴᠢ | ᠰᠦᠮ᠎ᠡ ᠶᠢᠨ ᠬᠠᠮᠳᠤ᠂ ᠡᠵᠡᠨ ᠵᠤᠷᠭᠠᠨ ᠳᠤ ᠠᠶᠢᠯᠠᠳᠬᠠᠨ ᠨᠡᠷ᠎ᠡ ᠭᠠᠷᠤᠭᠰᠠᠨ ᠳᠤ ᠬᠤᠶᠠᠷ ᠬᠡᠶᠢᠳ ᠤᠨ ᠨᠠᠷ᠎ᠡ ᠶᠢ | ᠲᠤᠰ ᠲᠤᠰ ᠢᠪᠡᠭᠡᠨ ᠭᠠᠱᠤᠭ ᠪᠢᠴᠢᠭ ᠬᠠᠶᠢᠷᠠᠯᠠᠵᠠᠢ᠃ | ᠲᠡᠭᠷᠢ ᠲᠡᠳᠭᠦᠭᠴᠢ ᠬᠠᠭᠠᠨ ᠤ ᠬᠤᠷᠢᠨ ᠶᠢᠰᠦᠳᠦᠭᠡᠷ ᠤᠨ᠂ ᠨᠡᠶᠢᠳᠡ ᠶᠢᠨ ᠤᠨ ᠲᠤᠭᠠᠯᠠᠯ ᠤᠨ 1764 ᠤᠨ᠂ | ᠬᠦᠬᠡ ᠪᠡᠴᠢᠨ ᠵᠢᠯ ᠳᠤ᠂ ᠠᠷᠪᠠᠨ ᠨᠠᠢᠮᠠᠨ ᠨᠠᠰᠤᠨ ᠰᠡᠬᠦᠳᠡᠷ ᠲᠠᠢ ᠦᠨᠳᠦᠷ ᠬᠡᠬᠡᠨ ᠨᠡᠶᠢᠰᠯᠡᠯ ᠬᠤᠳᠠᠨ᠎ᠠ ᠤᠷᠤᠵᠤ᠂ | ᠲᠡᠭᠡᠳᠦ ᠶᠢᠨ ᠠᠮᠤᠭᠤᠯᠠᠩ ᠢ ᠤᠯᠤᠭᠠᠳ᠂ ᠬᠤᠳᠤᠭᠳᠤ ᠶᠢᠨ ᠴᠤᠯᠠ ᠪᠠᠷ ᠦᠷᠦᠰᠢᠶᠡᠭᠳᠡᠵᠦ᠂ ᠬᠠᠭᠠᠨ ᠡᠵᠡᠨ ᠤ | ᠪᠠᠳᠤ ᠤᠷᠤᠰᠢᠯ ᠤᠨ ᠨᠤᠮ ᠤᠨ ᠵᠢᠰᠢᠶᠡᠨ ᠳᠤ ᠭᠤᠷᠪᠠᠨ ᠬᠤᠭᠤᠴᠠᠭ᠎ᠠ ᠵᠢᠰᠢᠶᠡᠯᠡᠵᠠᠢ᠃ ᠡᠨᠡᠬᠦ ᠰᠠᠶᠢᠬᠠᠨ | ᠵᠠᠪᠰᠢᠶᠠᠨ ᠳᠤ᠂ ᠬᠠᠭᠠᠨ ᠤ ᠲᠤᠳᠤᠭᠠᠳᠤ ᠤᠷᠳᠤᠨ ᠤ ᠨᠠᠶᠢᠷᠠᠯ ᠬᠦᠭᠵᠢᠮ ᠤᠨ ︽ᠨᠠᠢᠮᠠᠨ ᠠᠶᠠᠯᠭᠤ︾ ᠲᠤᠳᠤᠷᠠᠬᠢ | ᠴᠢᠬᠤᠯᠠ ᠦᠪᠡᠷᠮᠢᠴᠡ ᠬᠡᠰᠡᠭ ᠢ ᠨᠢᠭᠤᠴᠠ ᠪᠠᠷ ᠰᠤᠷᠴᠤ ᠴᠡᠬᠡᠵᠢᠯᠡᠬᠡᠳ᠂ ᠬᠤᠵᠢᠮ ᠨᠢ ︽ᠱᠠᠰᠢᠨ ᠢ | ᠪᠠᠳᠠᠷᠠᠭᠤᠯᠤᠭᠴᠢ ᠰᠦᠮ᠎ᠡ︾ ᠶᠢᠨ ︽ᠬᠤᠳᠠ ᠮᠠᠨᠳᠠᠯ ᠪᠢᠰᠢᠯᠭᠠᠳᠤ ᠴᠡᠩᠭᠡᠯᠬᠡ︾ ᠳᠤ ᠡᠷᠬᠦᠨ᠂ ᠬᠦᠭᠵᠢᠮ ᠪᠤᠯᠭᠠᠨ | ᠵᠤᠷᠰᠢᠭᠤᠯᠵᠠᠢ᠃ ᠲᠠᠷᠦᠢ ᠲᠤᠯᠤᠭᠠᠨ ᠱᠠᠭᠠᠵᠠᠩ ᠠᠶᠠᠭ᠎ᠠ ᠶᠢᠨ ᠠᠳᠠᠯᠢ ᠪᠤᠰᠤ ᠲᠠᠭᠤ ᠶᠢ ᠦᠨᠳᠦᠷ ᠠᠴᠠ ᠪᠤᠭᠤᠨᠢ | ᠤᠷᠤᠭᠤ ᠵᠡᠷᠭᠡᠴᠡᠬᠦᠯᠦᠨ ᠲᠠᠯᠪᠢᠵᠤ᠂ ᠬᠤᠶᠠᠷ ᠰᠠᠪᠬ᠎ᠠ ᠪᠠᠷ ᠲᠡᠯᠡᠳᠴᠦ᠂ ᠭᠤᠶᠤ ᠰᠠᠶᠢᠬᠠᠨ ᠠᠶ᠎ᠠ ᠭᠠᠷᠭᠠᠳᠠᠭ | ᠪᠠᠶᠢᠵᠠᠢ᠃ ᠡᠶᠢᠮᠦ ᠠᠴᠠ ᠶᠡᠭᠡ ᠠᠷᠪᠢᠨ ᠨᠤᠮ ᠤᠨ ᠠᠶᠠᠰ᠂ ᠠᠷᠠᠳ ᠤᠨ ᠲᠠᠭᠤᠤ ᠶᠢᠨ ᠠᠶᠠᠰ ᠢ ᠲᠤᠭᠳᠠᠭᠠᠨ | ᠠᠷᠠᠳ ᠤᠨ ᠲᠠᠭᠤᠤ ᠵᠤᠬᠢᠶᠠᠭᠰᠠᠨ ᠪᠠᠶᠢᠳᠠᠭ᠃ | ᠲᠡᠭᠷᠢ ᠲᠡᠳᠭᠦᠭᠴᠢ ᠶᠢᠨ ᠭᠤᠴᠢᠨ ᠬᠤᠶᠠᠷ ᠤᠨ᠂ ᠨᠡᠶᠢᠳᠡ ᠶᠢᠨ ᠤᠨ ᠲᠤᠭᠠᠯᠠᠯ ᠤᠨ 1767 ᠤᠨ ᠤᠯᠠᠭᠠᠭᠴᠢᠨ | ᠭᠠᠭ᠋ᠠᠢ ᠵᠢᠯ ᠳᠤ᠂ ᠦᠨᠳᠦᠷ ᠭᠡᠬᠡᠨ ᠠᠯᠠᠱᠠ ᠠᠭᠤᠯᠠ ᠶᠢᠨ ᠠᠷᠤ ᠶᠢᠨ ︽ᠬᠦᠷᠬᠢᠷ᠎ᠡ︾ ᠬᠡᠮᠡᠬᠦ ᠠᠭᠯᠠᠭ ᠤᠶᠢᠳᠤ | ᠭᠠᠵᠠᠷ ᠲᠤ ︽ᠲᠤᠪᠴᠢᠯᠠᠩ ᠰᠦᠮ᠎ᠡ︾ ᠶᠢ ᠪᠠᠷᠢᠭᠠᠳ᠂ ᠲᠡᠨᠳᠡ ᠪᠢᠰᠢᠯᠭᠠᠯ ᠬᠢᠵᠦ ᠨᠤᠮ ᠰᠤᠳᠤᠯᠤᠭᠰᠠᠨ ᠪᠠᠶᠢᠨ᠎ᠠ᠃ | ᠲᠠᠷᠠᠭ᠎ᠠ ᠵᠢᠯ ᠨᠢ᠂ ᠨᠡᠶᠢᠳᠡ ᠶᠢᠨ ᠤᠨ ᠲᠤᠭᠠᠯᠠᠯ ᠤᠨ 1768 ᠤᠨ᠂ ᠰᠢᠷ᠎ᠠ ᠬᠤᠯᠤᠭᠠᠨ᠎ᠠ ᠵᠢᠯ ᠬᠤᠷᠢᠨ ᠨᠢᠬᠡᠨ | ᠨᠠᠰᠤᠳᠠᠢ ᠦᠨᠳᠦᠷ ᠬᠡᠬᠡᠨ — ᠯᠤᠪᠰᠠᠩᠳᠦᠪᠳᠦᠨᠵᠠᠮᠰᠦ᠂ ᠯᠾᠠᠰᠠ ᠳᠤ ᠤᠴᠢᠵᠤ ᠠᠯᠢᠪᠠ ᠰᠤᠳᠤᠷ ᠲᠠᠷᠨᠢ ᠶᠢᠨ | ᠨᠢᠭᠤᠴᠠ ᠤᠪᠠᠳᠢᠰ ᠤᠨ ᠠᠪᠰᠢᠭ ᠨᠤᠭᠤᠳ ᠢ ᠬᠦᠷᠳᠡᠵᠦ᠂ ᠪᠠᠨᠴᠢᠨ ᠡᠷᠳᠡᠨᠢ ᠪᠠᠯᠳᠠᠨᠶ᠋ᠢᠰᠢ ᠬᠡᠬᠡᠨ ᠲᠠᠨ ᠠᠴᠠ | ᠭᠠᠱᠤᠭ ᠤᠯᠤᠭᠠᠳ᠂ ᠨᠠᠶᠢᠳᠡ ᠶᠢᠨ ᠤᠨ ᠲᠤᠭᠠᠯᠠᠯ ᠤᠨ 1769 ᠤᠨ᠂ ᠰᠢᠷᠠᠭᠴᠢᠨ ᠦᠬᠡᠷ ᠵᠢᠯ᠂ ᠠᠯᠠᠱᠠ | ᠨᠤᠳᠤᠭ ᠲᠠᠭᠠᠨ ᠪᠤᠴᠠᠬᠤ ᠳᠤ ᠵᠤᠬᠢᠶᠠᠬᠤ ᠲᠠᠭᠤᠯᠠᠭᠰᠠᠨ ︽ᠪᠤᠭᠳᠠ ᠠᠭᠤᠯᠠ ᠶᠢᠨ ᠰᠢᠯᠢ︾ ᠭᠡᠳᠡᠭ ᠲᠠᠭᠤᠤ ᠳᠠᠭᠠᠨ | ᠯᠾᠠᠰᠠ ᠶᠢᠨ ᠰᠦᠮ᠎ᠡ ᠲᠤᠭᠠᠩ ᠢ ᠨᠢᠳᠦᠨ ᠳᠤ ᠦᠵᠡᠭᠳᠡᠮ᠎ᠡ ᠪᠠᠭ᠋ᠠᠷᠤᠨ ᠲᠠᠭᠤᠯᠠᠭᠰᠠᠨ ᠪᠠᠶᠢᠳᠠᠭ᠃ ᠡᠨᠡ ᠳᠠᠭᠤᠤ ᠨᠢ | ᠠᠯᠠᠱᠠ ᠨᠤᠳᠤᠭ ᠲᠤ ᠶᠡᠭᠡ ᠪᠠᠷ ᠲᠡᠯᠬᠡᠷᠡᠵᠡᠢ᠃ | ᠲᠡᠭᠷᠢ ᠲᠡᠳᠭᠦᠭᠴᠢ ᠶᠢᠨ ᠭᠤᠴᠢᠨ ᠵᠢᠷᠭᠤᠳᠤᠭᠠᠷ ᠤᠨ᠂ ᠨᠡᠶᠢᠳᠡ ᠶᠢᠨ ᠤᠨ ᠲᠤᠭᠠᠯᠠᠯ ᠤᠨ 1771 ᠤᠨ᠂ | ᠴᠠᠭᠠᠭᠴᠢᠨ ᠲᠠᠤᠯᠠᠢ ᠵᠢᠯ ᠲᠤᠰ ᠪᠡᠶ᠎ᠡ ᠪᠠᠷ ᠢᠶᠠᠨ ᠰᠢ ᠠᠨ ᠬᠤᠳᠠᠨ᠎ᠠ ᠤᠴᠢᠵᠤ᠂ ᠲᠡᠨᠳᠡᠬᠢ ᠶᠢᠨ ᠬᠢᠳᠡᠳ ᠤᠨ ᠰᠢ | ᠵᠦᠴᠦᠬᠡ ᠶᠢᠨ ᠤᠷᠠᠯᠢᠭ ᠤᠨ ᠵᠠᠷᠢᠮ ᠤᠨᠴᠠᠯᠢᠭ ᠢ ᠰᠤᠷᠴᠤ᠂ ︽ᠮᠢᠯᠠ ᠪᠤᠭᠳᠠ︾ ᠶᠢᠨ ᠨᠠᠮᠳᠠᠷ ᠢ ᠵᠦᠴᠦᠬᠡ | ᠪᠤᠯᠭᠠᠨ ᠵᠤᠬᠢᠶᠠᠵᠤ᠂ ᠲᠤᠰ ᠰᠦᠮ᠎ᠡ ᠳᠡᠭᠡᠨ ᠠᠩᠬ᠎ᠠ ᠲᠤᠭᠯᠠᠭᠠᠳ᠂ ᠤᠯᠠᠨ ᠨᠡᠶᠢᠳᠡ ᠶᠢᠨ ᠰᠠᠶᠢᠰᠢᠶᠠᠯ ᠮᠠᠭᠳᠠᠭᠠᠯ ᠢ | ᠤᠯᠵᠤ᠂ ᠨᠡᠯᠢᠶᠡᠳ ᠬᠡᠳᠦᠨ ᠵᠢᠯ ᠦᠷᠬᠦᠯᠵᠢᠯᠡᠨ ᠲᠤᠭᠯᠠᠭᠰᠠᠨ ᠪᠤᠯᠪᠠᠴᠤ᠂ ᠵᠦᠴᠦᠬᠡ ᠨᠢ ᠤᠷᠳᠤ᠂ ᠲᠤᠭᠯᠠᠬᠤ ᠴᠠᠭ | ᠤᠷᠲᠤ᠂ ᠲᠤᠭᠯᠠᠯᠳᠠ ᠳᠤ ᠤᠷᠤᠯᠴᠠᠬᠤ ᠬᠦᠮᠦᠨ ᠠᠷᠪᠢᠨ ᠵᠡᠷᠬᠡ ᠶᠢᠨ ᠨᠦᠬᠦᠴᠡᠯ ᠳᠤ ᠬᠢᠵᠠᠭᠠᠷᠯᠠᠭᠳᠠᠵᠤ᠂ ᠲᠠᠬᠢᠨ | ᠲᠤᠭᠯᠠᠬᠤ ᠪᠠᠨ ᠵᠤᠭᠰᠤᠭᠠᠭᠰᠠᠨ ᠶᠤᠮ ᠬᠡᠨ᠎ᠡ᠃ | ᠲᠡᠭᠷᠢ ᠲᠡᠳᠬᠦᠭᠴᠢ ᠶᠢᠨ ᠲᠦᠴᠢᠨ ᠭᠤᠷᠪᠠᠨ ᠤᠨ᠂ ᠨᠡᠶᠢᠳᠡ ᠶᠢᠨ ᠤᠨ ᠲᠤᠭᠠᠯᠠᠯ ᠤᠨ 1778 ᠤᠨ᠂ ᠰᠢᠷ᠎ᠠ | ᠨᠤᠬᠠᠢ ᠵᠢᠯ ᠳᠤ᠂ ᠦᠳᠡᠢ ᠳᠤ ᠤᠴᠢᠵᠤ᠂ ᠲᠡᠨᠳᠡ ᠨᠤᠮ ᠤᠨ ᠤᠶᠢᠯᠡᠰ ᠢ ᠶᠡᠬᠡᠪᠡᠷ ᠵᠤᠬᠢᠶᠠᠵᠤ ᠮᠠᠭᠳᠠᠨ ᠲᠠᠭᠤᠯᠠᠵᠠᠢ᠃ | ᠲᠡᠷᠡ ︽ᠲᠠᠪᠤᠨ ᠤᠷᠤᠨ︾ ᠬᠡᠬᠦ ᠢᠷᠦᠬᠡᠯ ᠮᠠᠭᠳᠠᠭᠠᠯ ᠨᠠᠶᠢᠷᠠᠭᠤᠯᠵᠤ᠂ ᠲᠡᠷᠦᠢ ᠲᠤᠰ ᠢᠷᠦᠬᠡᠯ ᠮᠠᠭᠳᠠᠭᠠᠯ ᠢ | ᠦᠨᠳᠦᠰᠦᠯᠡᠨ ︽ᠠᠯᠳᠠᠨ ᠬᠡᠳᠡᠭ ᠠᠭᠤᠯᠠ︾ ᠭᠡᠳᠡᠭ ᠲᠠᠭᠤᠤ ᠶᠢ ᠵᠤᠬᠢᠶᠠᠭᠠᠳ ᠲᠠᠭᠤᠯᠠᠵᠠᠢ᠃ ᠢᠷᠡᠬᠦ ᠵᠠᠮ ᠳᠠᠭᠠᠨ | ᠪᠠᠰᠠ ︽ᠦᠳᠡᠢ ᠶᠢᠨ ᠲᠠᠪᠤᠨ ᠬᠠᠶᠢᠷᠬᠠᠨ︾ ᠬᠡᠬᠦ ᠲᠠᠭᠤᠤ ᠶᠢ ᠵᠤᠬᠢᠶᠠᠨ ᠲᠠᠭᠤᠯᠠᠭᠰᠠᠨ ᠬᠡᠳᠡᠭ᠃ ᠠᠯᠠᠱᠠ ᠳᠠᠭᠠᠨ | ᠬᠠᠷᠢᠵᠤ ᠢᠷᠡᠬᠦ ᠵᠠᠮ ᠳᠠᠭᠠᠨ ᠪᠤᠭᠤᠳᠤ ᠬᠤᠳᠠ ᠲᠠᠭᠠᠤ ᠮᠤᠩᠭᠤᠯ ᠤᠷᠤᠨ ᠢᠶᠠᠷ ᠲᠠᠮᠵᠢᠵᠤ᠂ ᠠᠯᠠᠱᠠ ᠶᠢᠨ ᠵᠡᠬᠦᠨ | ᠵᠢᠷᠭᠤᠭᠠᠨ ᠪᠠᠭ ᠲᠤ ᠪᠠᠭᠤᠵᠤ᠂ ᠨᠤᠳᠤᠭ ᠤᠨ ᠮᠤᠩᠭᠤᠯᠴᠤᠳ ᠲᠤ ᠶᠡᠭᠡ ᠪᠠᠷ ᠬᠦᠨᠳᠦᠳᠭᠡᠭᠳᠡᠵᠦ᠂ ᠲᠡᠷᠤᠢ | ᠲᠡᠭᠡᠷᠡᠬᠢ ᠬᠤᠶᠠᠷ ᠲᠠᠭᠤᠤ ᠪᠠᠨ ᠲᠠᠭᠤᠯᠠᠨ ᠦᠯᠡᠳᠡᠭᠡᠭᠰᠡᠨ ᠶᠤᠮ ᠬᠡᠳᠡᠭ᠃ | ᠲᠡᠭᠷᠢ ᠲᠡᠳᠭᠦᠭᠴᠢ ᠶᠢᠨ ᠬᠤᠷᠢᠨ ᠲᠠᠪᠤᠳᠤᠭᠠᠷ ᠤᠨ᠂ ᠨᠡᠶᠢᠳᠡ ᠶᠢᠨ ᠤᠨ ᠲᠤᠭᠠᠯᠠᠯ ᠤᠨ 1780 ᠤᠨ᠂ ᠴᠠᠭᠠᠨ | ᠬᠤᠯᠤᠭᠠᠨ᠎ᠠ ᠵᠢᠯ ᠤᠨ ᠬᠤᠶᠠᠷ ᠰᠠᠷ᠎ᠠ ᠶᠢᠨ ᠠᠷᠪᠠᠨ ᠵᠢᠷᠭᠤᠭᠠᠨ ᠤ ᠡᠳᠦᠷ ᠬᠤᠰᠢᠭᠤ ᠵᠠᠰᠠᠭ ᠯᠤᠪᠰᠠᠩᠳᠤᠷᠵᠢ | ᠨᠤᠶᠠᠨ ᠤ ᠨᠠᠶᠢᠳᠠᠯᠭ᠎ᠠ ᠪᠠᠷ ᠦᠨᠳᠦᠷ ᠬᠡᠬᠡᠨ ᠭᠠᠨᠰᠤ ᠶᠢᠨ ︽ᠱᠢ ᠮᠧᠨ ᠰᠧ︾᠂ ︽ᠭᠦ᠋ ᠮᠧᠨ ᠰᠧ︾ ᠬᠡᠬᠦ ᠭᠠᠵᠠᠷ | ᠬᠦᠷᠴᠦ ᠭᠤᠮᠪᠤᠮ ᠬᠡᠶᠢᠳ ᠠᠴᠠ ᠴᠢᠩᠳᠤᠤ ᠳᠤ ᠬᠦᠷᠴᠦ᠂ ᠲᠡᠭᠷᠢ ᠲᠡᠳᠭᠦᠭᠴᠢ ᠬᠠᠭᠠᠨ ᠳᠤ ᠪᠠᠷᠠᠭᠠᠯᠠᠬᠤ ᠪᠠᠷ | ᠶᠠᠪᠤᠵᠤ ᠪᠠᠶᠢᠭᠰᠠᠨ ᠵᠢᠷᠭᠤᠳᠤᠭᠠᠷ ᠲᠦᠷᠢ ᠶᠢᠨ ᠪᠠᠨᠴᠢᠨ ᠡᠷᠳᠡᠨᠢ ᠪᠠᠯᠳᠠᠨᠶ᠋ᠢᠰᠢ ᠶᠢ ᠤᠭᠳᠤᠵᠤ ᠵᠠᠯᠠᠭᠠᠳ ︽ᠰᠠᠨ | ᠢᠩ ᠵᠢᠩ︾ ᠪᠤᠭᠤᠮᠳᠠ ᠪᠠᠷ ᠭᠠᠷᠴᠤ᠂ ᠠᠯᠠᠱᠠ ᠨᠤᠳᠤᠭ ᠲᠤ ᠢᠷᠡᠵᠡᠢ᠃ | ᠲᠡᠭᠡᠭᠡᠳ ᠲᠦᠷᠪᠡᠨ ᠰᠠᠷ᠎ᠠ ᠶᠢᠨ ᠠᠷᠪᠠᠨ ᠵᠢᠷᠭᠤᠭᠠᠨ ᠤ ᠡᠳᠦᠷ᠂ ᠠᠯᠠᠱᠠ ᠬᠤᠱᠤᠳ ᠦᠭᠡᠯᠡᠳ ᠬᠤᠰᠢᠭᠤᠨ ᠤ | ᠵᠠᠰᠠᠭ ᠨᠤᠶᠠᠨ᠂ ᠬᠤᠱᠤᠢ ᠴᠢᠨ ᠸᠠᠩ ᠯᠤᠪᠰᠠᠩᠳᠤᠷᠵᠢ ᠶᠢᠨ ᠡᠷᠬᠢᠯᠡᠭᠡ ᠪᠠᠷ ᠲᠤᠰ ᠬᠤᠰᠢᠭᠤᠨ ᠤ ᠰᠠᠩ ᠤᠨ ᠲᠠᠯᠠᠢ | ᠪᠠᠭ ᠤᠨ ᠤᠯᠠᠨ ᠬᠤᠳᠳᠤᠭ ᠬᠡᠮᠡᠬᠦ ᠭᠠᠵᠠᠷ ᠲᠤ ᠲᠤᠮᠤ ᠦᠷᠬᠦᠬᠡ ᠴᠤᠭᠴᠠᠯᠠᠨ᠂ ᠮᠤᠩᠭᠤᠯ ᠬᠡᠷ᠂ ᠴᠡᠴᠡᠷ ᠮᠠᠶᠢᠬᠠᠨ | ᠬᠡᠳᠦᠨ ᠵᠠᠭᠤ ᠶᠢ ᠪᠠᠷᠢᠵᠤ᠂ ᠬᠤᠰᠢᠭᠤᠨ ᠤ ᠪᠠᠨ ᠰᠠᠶᠢᠳ ᠲᠦᠰᠢᠮᠡᠳ᠂ ᠬᠤᠳᠤᠭᠳᠤ ᠬᠤᠪᠢᠯᠭᠠᠨ ᠨᠠᠷ ᠢ | ᠲᠠᠭᠠᠭᠤᠯᠤᠨ᠂ ᠲᠦᠷᠦ ᠶᠢᠨ ᠶᠡᠭᠡ ᠬᠦᠨᠳᠦ ᠶᠤᠰᠤᠯᠠᠯ ᠢᠶᠠᠷ ᠤᠭᠳᠤᠵᠤ᠂ ᠬᠤᠰᠢᠭᠤ ᠮᠦᠷᠬᠦᠯ ᠤᠨ ᠶᠤᠰᠤᠭᠠᠷ᠂ | 2000 ᠮᠤᠷᠢ᠂ 6000 ᠲᠡᠮᠡᠭᠡ ᠪᠠ ᠶᠡᠭᠡ ᠠᠷᠪᠢᠨ ᠪᠡᠯᠡᠭ ᠰᠠᠯᠳᠡ ᠡᠷᠬᠦᠵᠦ᠂ ᠪᠠᠭ ᠬᠤᠰᠢᠭᠤᠨ ᠤ ᠰᠢᠷ᠎ᠠ ᠬᠠᠷ᠎ᠠ | ᠤᠯᠠᠨ ᠢᠶᠠᠷ ᠢᠶᠠᠨ ᠪᠠᠨᠴᠢᠨ ᠡᠷᠳᠡᠨᠢ ᠠᠴᠠ ᠰᠠᠮᠪᠠᠷ᠎ᠠ᠂ ᠠᠶᠤᠰᠢ ᠶᠠᠮᠠᠨᠳᠠᠺᠠ ᠶᠢᠨ ᠠᠪᠰᠢᠭ ᠬᠦᠷᠳᠡᠵᠡᠢ᠃ ᠡᠨᠡᠬᠦ ᠨᠠᠶᠢᠷ | ᠲᠡᠭᠡᠷ᠎ᠡ᠂ ᠦᠨᠳᠦᠷ ᠬᠡᠬᠡᠨ ᠲᠠᠨ ᠦᠭᠯᠢᠬᠡ ᠶᠢᠨ ᠡᠵᠡᠳ ᠤᠨ ᠰᠦᠰᠦᠭ ᠪᠢᠰᠢᠷᠡᠯ ᠢ ᠢᠯᠡᠳᠬᠡᠬᠦ ᠶᠢᠨ ᠲᠤᠰᠠᠳᠠ ︽ | ᠪᠠᠷᠠᠭᠤᠨ ᠵᠦᠭ ᠤᠨ ᠨᠠᠷᠠᠨ ᠤ ᠬᠡᠷᠡᠯ︾ ᠬᠡᠬᠦ ᠤᠷᠳᠤ ᠶᠢᠨ ᠲᠠᠭᠤᠤ ᠶᠢ ᠵᠤᠬᠢᠶᠠᠵᠤ᠂ ᠤᠯᠠᠨ ᠰᠦᠰᠦᠭᠳᠡᠨ ᠯᠠᠮᠠ | ᠬᠠᠷ᠎ᠠ ᠲᠠᠶᠠᠭᠠᠷ ᠲᠠᠭᠤᠯᠠᠯᠴᠠᠵᠤ᠂ ᠴᠡᠩᠬᠡᠯᠭᠡ ᠪᠠᠷᠢᠵᠠᠢ᠃ ᠪᠦᠬᠦ ᠬᠤᠰᠢᠭᠤ ᠨᠡᠶᠢᠳᠡᠮ ᠰᠦᠰᠦᠭᠯᠡᠨ ᠲᠠᠭᠤᠯᠠᠵᠤ᠂ | ᠤᠳᠤ ᠨᠢᠬᠡᠨᠳᠡ ᠬᠤᠶᠠᠷ ᠵᠠᠭᠤ ᠭᠠᠷᠤᠢ ᠵᠢᠯ ᠤᠯᠠᠮᠵᠢᠯᠠᠭᠳᠠᠭᠰᠠᠭᠠᠷ᠂ ᠠᠯᠠᠱᠠ ᠠᠷᠠᠳ ᠤᠨ ᠶᠡᠭᠡ ᠬᠦᠨᠳᠦᠴᠡ ᠲᠠᠢ | ᠠᠷᠠᠳ ᠤᠨ ᠲᠠᠭᠤᠤ ᠪᠤᠯᠤᠭᠰᠠᠨ ᠪᠠᠶᠢᠨ᠎ᠠ᠃ | ᠲᠡᠭᠷᠢ ᠲᠡᠳᠭᠦᠭᠴᠢ ᠶᠢᠨ ᠲᠠᠪᠢᠨ ᠲᠠᠪᠤᠳᠤᠭᠠᠷ ᠤᠨ᠂ ᠨᠠᠶᠢᠳᠡ ᠶᠢᠨ ᠤᠨ ᠲᠤᠭᠠᠯᠠᠯ ᠤᠨ 1790 ᠤᠨ᠂ ᠴᠠᠭᠠᠨ | ᠨᠤᠬᠠᠢ ᠵᠢᠯ ᠦᠨᠳᠦᠷ ᠬᠡᠬᠡᠨ ᠦᠪᠡᠷ ᠤᠨ ᠪᠡᠶ᠎ᠡ ᠪᠠᠷ ᠢᠶᠠᠨ ᠤᠳᠤᠷᠢᠳᠴᠦ ︽ᠡᠷᠳᠡᠨᠢᠵᠤᠤ ᠶᠢᠨ ᠰᠦᠮ᠎ᠡ︾ ᠶᠢ | ᠪᠠᠶᠢᠭᠤᠯᠵᠠᠢ᠃ | ᠰᠠᠶᠢᠰᠢᠶᠠᠯᠳᠤ ᠢᠷᠦᠬᠡᠯᠳᠦ ᠶᠢᠨ ᠠᠷᠪᠠᠨ ᠬᠤᠶᠠᠳᠤᠭᠠᠷ ᠤᠨ᠂ ᠨᠡᠶᠢᠳᠡ ᠶᠢᠨ ᠤᠨ ᠲᠤᠭᠠᠯᠠᠯ ᠤᠨ 1807 ᠤᠨ᠂ | ᠤᠯᠠᠭᠠᠭᠴᠢᠨ ᠲᠠᠤᠯᠠᠢ ᠵᠢᠯ ᠤᠨ ᠬᠤᠶᠠᠳᠤᠭᠠᠷ ᠰᠠᠷ᠎ᠠ ᠶᠢᠨ ᠠᠷᠪᠠᠨ ᠲᠤᠯᠤᠭᠠᠨ ᠤ ᠡᠳᠦᠷ᠂ ᠦᠨᠳᠦᠷ ᠬᠡᠬᠡᠨ ᠲᠠᠨ | ᠵᠢᠷᠠᠨ ᠨᠢᠬᠡᠨ ᠨᠠᠰᠤᠨ ᠰᠡᠬᠦᠳᠡᠷ ᠲᠠᠢ ᠱᠠᠰᠢᠨ ᠢ ᠪᠠᠳᠠᠷᠠᠭᠤᠯᠤᠭᠴᠢ ᠰᠦᠮ᠎ᠡ ᠲᠡᠭᠡᠷ᠎ᠡ ᠨᠤᠮ ᠤᠨ ᠠᠭᠠᠷ ᠲᠤ | ᠬᠠᠯᠢᠭᠰᠠᠨ ᠢ ᠴᠢᠨᠳᠠᠷᠯᠠᠨ ᠰᠤᠪᠤᠷᠭᠠᠯᠠᠵᠠᠢ᠃ | | |