ᠪᠦᠷᠲᠡ ᠴᠢᠨ᠋ᠸ᠎ᠠ
ᠨᠡᠶᠢᠲᠡᠯᠡᠭᠰᠡᠨ ᠴᠠᠭ᠄
2019/11/25
     ᠮᠣᠩᠭᠤᠯ ᠤᠨ ᠨᠢᠭᠤᠴᠠ ᠲᠣᠪᠴᠢᠶᠠᠨ ᠳᠤ᠂ ᠪᠦᠷᠲᠡ ᠴᠢᠨ᠋ᠸ᠎ᠠ᠂ ᠪᠦᠷᠲᠡ ᠦᠵᠢᠨ ᠭᠡᠵᠦ ᠬᠤᠶᠠᠷ ᠬᠦᠮᠦᠨ ᠤ ᠨᠡᠷ᠎ᠡ ᠭᠠᠷᠣᠨ᠎ᠠ᠃ ᠡᠬᠦᠨ ᠳᠤ ᠣᠯᠠᠩᠬᠢ ᠡᠷᠳᠡᠮᠳᠡᠨ ᠨᠠᠷ ᠠᠴᠠ᠂ ᠪᠦᠷᠲᠡ ᠴᠢᠨ᠋ᠸ᠎ᠠ ᠶᠢᠨ ︽ᠪᠦᠷᠲᠡ︾ ᠭᠡᠳᠡᠭ ᠦᠭᠡ ᠶᠢ ︽ᠡᠷᠳᠡᠨ ᠤ ᠲᠦᠷᠺ ᠢᠶᠠᠷ ᠴᠢᠨ᠋ᠸ᠎ᠠ ᠭᠡᠰᠡᠨ ᠦᠭᠡ︾ ᠭᠡᠵᠦ ᠲᠠᠶᠢᠯᠪᠣᠷᠢᠯᠠᠵᠠᠢ᠃ ᠭᠡᠳᠡᠯ᠎ᠡ ᠡᠨᠡ ᠬᠤᠶᠠᠷ ᠬᠦᠮᠦᠨ ᠤ ᠨᠡᠷ᠎ᠡ ᠶᠢᠨ ︽ᠪᠦᠷᠲᠡ︾ ᠭᠡᠳᠡᠭ ᠨᠢ ᠦᠨᠡᠨ ᠳᠡᠭᠡᠨ ᠠᠳᠠᠯᠢ ᠣᠣᠠᠬ᠎ᠠ ᠲᠠᠢ ᠦᠭᠡ ᠶᠣᠮ᠃ ᠲᠡᠭᠡᠬᠦ  ᠳᠡᠭᠡᠨ᠂ ᠳᠡᠭᠡᠷᠡᠬᠢ ᠲᠠᠶᠢᠯᠪᠣᠷᠢ ᠪᠠᠷ᠂ ᠪᠦᠷᠲᠡ ᠦᠵᠢᠨ ᠢ ᠪᠠᠰᠠ ︽ᠴᠢᠨ᠋ᠸ᠎ᠠ ᠦᠵᠢᠨ︾ ᠭᠡᠵᠦ ᠣᠶᠢᠯᠠᠭᠠᠵᠦ ᠪᠣᠯᠬᠤ ᠦᠭᠡᠢ ᠨᠢ ᠯᠠᠪᠲᠠᠢ ᠶᠣᠮ᠃ ᠬᠠᠯᠬ᠎ᠠ ᠳᠤ᠂ ᠪᠦᠷᠲᠡ ᠭᠡᠳᠡᠭ ᠦᠭᠡ ᠶᠢ ᠠᠮᠢᠳᠣᠷᠠᠯ ᠳᠤ ᠬᠡᠷᠡᠭᠯᠡᠬᠦ ᠪᠠᠨ ᠪᠣᠯᠢᠭᠠᠣᠨ᠂ ᠨᠢᠭᠡᠨᠳᠡ ᠮᠠᠷᠲᠠᠭᠳᠠᠭᠰᠠᠨ ᠪᠣᠯᠬᠤᠷ ᠲᠡᠨᠳᠡᠬᠢ ᠶᠢᠨ ᠡᠷᠳᠡᠮᠳᠡᠨ ᠨᠠᠷ ᠠᠴᠠ᠂ ᠡᠨᠡ ᠦᠬᠡ ᠶᠢᠨ ᠲᠣᠬᠠᠢ ᠮᠠᠰᠢ ᠪᠣᠷᠣᠭᠤ ᠲᠠᠶᠢᠯᠪᠣᠷᠢ ᠨᠤᠭᠤᠳ ᠢ ᠳᠣᠷᠠᠳᠣᠭᠰᠠᠨ ᠪᠠᠶᠢᠳᠠᠭ᠃ ᠲᠡᠭᠡᠬᠦ ᠳᠤ᠂ ᠣᠳᠣ ᠴᠦ ᠭᠡᠰᠡᠨ ᠮᠠᠨ ᠤ ᠨᠣᠳᠤᠭ ᠤᠨ ᠬᠡᠯᠡᠯᠬᠡ ᠳᠣᠮᠳᠠ ︽ᠪᠦᠷᠲᠡ︾ ᠭᠡᠳᠡᠭ ᠦᠭᠡ ᠶᠢ ᠬᠡᠷᠡᠭᠯᠡᠵᠦ ᠪᠠᠶᠢᠭ᠎ᠠ ᠦᠵᠡᠳᠡᠯ ᠤᠳ ᠳᠠᠩᠳᠠ ᠪᠠᠨ ᠬᠠᠷᠭᠤᠳᠠᠭ ᠪᠦᠬᠡᠣᠨ ᠴᠢᠷᠠᠢ ᠲᠡᠭᠡᠷ᠎ᠡ ᠪᠠᠨ ᠵᠢᠵᠢᠭ ᠵᠢᠵᠢᠭ ᠲᠣᠯᠪᠤ ᠲᠠᠢ ᠬᠡᠣᠬᠡᠨ ᠢ ᠪᠠᠰᠠ ᠪᠦᠷᠲᠡ ᠲᠠᠢ ᠭᠡᠳᠡᠭ᠃ ᠪᠠᠰᠠ ᠠᠮᠢᠲᠠᠨ ᠠᠷᠢᠶᠠᠳᠠᠨ ᠤ ᠦᠰᠦᠨ ᠲᠡᠭᠡᠷᠡᠬᠢ ᠵᠢᠵᠢᠭ ᠵᠢᠵᠢᠭ ᠲᠣᠯᠪᠤ ᠨᠤᠭᠤᠳ ᠢ ᠴᠦ ᠪᠦᠷᠲᠡ ᠲᠠᠢ ᠬᠡᠵᠦ ᠬᠡᠯᠡᠳᠡᠭ ᠪᠦᠬᠡᠣᠨ ᠣᠳᠣ ᠲᠠᠢ ᠦᠨᠡᠭᠡ᠂ ᠣᠳᠣ ᠲᠠᠢ ᠴᠢᠨ᠋ᠸ᠎ᠠ ᠭᠡᠳᠡᠭ ᠴᠦ ᠪᠣᠢ᠃ ᠲᠡᠶᠢᠮᠦ ᠪᠠᠷ ᠢᠶᠠᠨ᠂ ᠪᠦᠷᠲᠡ ᠴᠢᠨ᠋ᠸ᠎ᠠ ᠶᠢᠨ ︽ᠪᠦᠷᠲᠡ︾ ᠭᠡᠳᠡᠭ ᠨᠢ ᠲᠡᠬᠦᠨ ᠤ ᠨᠢᠷᠣᠭᠤ ᠳᠠᠭᠠᠭᠰᠠᠨ ᠦᠰᠦᠨ ᠲᠡᠭᠡᠷᠡᠬᠢ ᠵᠵᠢᠭ ᠵᠢᠵᠢᠭ ᠴᠠᠭᠠᠨ ᠲᠣᠯᠪᠤ ᠨᠤᠭᠤᠳ  ᠢ ᠬᠡᠯᠡᠭᠰᠡᠨ ᠪᠦᠬᠡᠣᠨ ᠲᠠᠷᠣᠢ ᠣᠳᠣᠨ ᠴᠣᠬᠤᠷ ᠴᠢᠨ᠋ᠸ᠎ᠠ ᠶᠢ ᠬᠡᠯᠡᠵᠡᠢ᠃        
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号