ᠬᠤᠸ᠎ᠠ ᠮᠠᠷᠠᠯ
ᠨᠡᠶᠢᠲᠡᠯᠡᠭᠰᠡᠨ ᠴᠠᠭ᠄
2019/11/25
      ᠬᠤᠸ᠎ᠠ ᠮᠠᠷᠠᠯ ᠭᠡᠳᠡᠭ ᠦᠭᠡ ᠶᠢ ᠬᠠᠵᠠᠭᠤ ᠶᠢᠨ ᠣᠷᠴᠢᠭᠤᠯᠭ᠎ᠠ ᠳᠤ᠂ ︽ᠬᠤᠸ᠎ᠠ ᠪᠣᠭᠤ︾᠂ ︽ᠬᠤᠸ᠎ᠠ︾ ᠪᠦᠬᠡᠰᠦ ᠵᠢᠰᠣᠮ ᠤᠨ᠂ ︽ᠮᠠᠷᠠᠯ︾ ᠪᠦᠭᠡᠰᠦ ᠪᠣᠭᠤ ᠪᠣᠯᠠᠢ ᠭᠡᠪᠡ᠃ ᠬᠢᠲᠠᠣᠨ ᠰᠣᠷᠪᠣᠯᠵᠢ ᠪᠢᠴᠢᠭ ᠤᠳ ᠲᠤ ᠮᠦᠨ ᠡᠶᠢᠮᠦᠷᠬᠦ ᠮᠠᠶ᠋ᠢᠭ ᠢᠶᠠᠷ ᠪᠢᠴᠢᠭᠳᠡᠵᠦ᠂ ᠳᠠᠶᠢᠯᠪᠣᠷᠢᠯᠠᠭᠳᠠᠵᠦ ᠪᠠᠶᠢᠳᠠᠭ᠃ ᠡᠨᠡ ᠨᠢ ᠦᠨᠡᠨ ᠳᠡᠭᠡᠨ ᠮᠣᠩᠭᠤᠯ ᠬᠦᠮᠦᠨ  ᠢ ᠳᠣᠷᠣᠮᠵᠢᠯᠠᠵᠦ ᠪᠢᠴᠢᠭᠰᠡᠨ ᠰᠠᠨᠠᠭ᠎ᠠ ᠲᠠᠢ ᠶᠣᠮ᠃ ᠬᠤᠸ᠎ᠠ ᠭᠡᠳᠡᠭ ᠦᠭᠡ ᠬᠠᠯᠬ᠎ᠠ ᠳᠤ ᠮᠦᠨ ᠯᠡ ᠮᠠᠷᠲᠠᠭᠳᠠᠭᠰᠠᠨ ᠦᠭᠡ ᠪᠣᠯᠳᠠᠭ᠃ ᠮᠠᠨ ᠤ ᠬᠡᠯᠡᠯᠭᠡ ᠳᠤ᠂ ᠬᠤᠸ᠎ᠠ ᠭᠡᠳᠡᠭ ᠦᠭᠡ ᠶᠢ ᠭᠠᠵᠠᠷ ᠣᠰᠣᠨ ᠤ ᠨᠡᠷ᠎ᠡ ᠪᠠᠷ ᠬᠡᠷᠡᠭᠯᠡᠬᠦ ᠳᠡᠭᠡᠨ ᠬᠤᠸᠠᠦ᠋ᠨᠳᠣᠷ᠂ ᠦᠨᠳᠦᠷᠬᠤᠸ᠎ᠠ ᠭᠡᠵᠦ᠂ ᠬᠦᠮᠦᠨ ᠤ ᠨᠡᠷ᠎ᠡ ᠪᠠᠷ ᠬᠡᠷᠡᠭᠯᠡᠬᠦ ᠳᠡᠭᠡᠨ ᠬᠤᠸᠠᠴᠠᠭᠠᠨ᠂ ᠬᠤᠸᠠᠰᠢᠪᠠᠭᠤ ᠭᠡᠬᠦ ᠮᠡᠲᠦ ᠪᠠᠷ ᠨᠡᠷᠡᠯᠡᠨ ᠳᠠᠭᠤᠳᠠᠳᠠᠭ᠃ ᠲᠡᠶᠢᠮᠦ ᠪᠠᠷ ᠢᠶᠠᠨ᠂ ᠬᠤᠸ᠎ᠠ ᠭᠡᠳᠡᠭ ᠦᠭᠡ ᠪᠣᠯ ᠳᠠᠷᠣᠢ ᠴᠠᠭᠠᠨ᠂ ᠰᠢᠷ᠎ᠠ ᠵᠢᠰᠦᠮ ᠤᠨ ᠲᠣᠮᠳᠠᠬᠢ ᠦᠩᠬᠡ ᠪᠣᠯᠣᠨ᠎ᠠ᠃ ᠮᠠᠷᠠᠯ ᠭᠡᠳᠡᠭ ᠦᠭᠡ ᠶᠢ ︽ᠪᠣᠭᠤ︾ ᠭᠡᠵᠦ ᠲᠠᠶᠢᠯᠪᠣᠷᠢᠯᠠᠬᠤ ᠨᠢ ᠴᠦ ᠪᠣᠷᠣᠭᠤ ᠶᠣᠮ᠃ ᠮᠣᠩᠭᠤᠯ ᠤᠨ ᠨᠢᠭᠤᠴᠠ ᠲᠣᠪᠴᠢᠶᠠᠨ ᠤ ᠨᠢᠭᠡᠳᠦᠭᠡᠷ ᠪᠣᠳ᠋ ᠳᠤ᠂ ︽ᠨᠢᠭᠡᠨ ᠡᠳᠦᠷ ᠳᠣᠪᠤ ᠮᠡᠷᠭᠡᠨ ᠲᠣᠭᠤᠴᠠᠭ ᠦᠨᠳᠦᠷ ᠠᠭᠤᠯᠠᠨ ᠳᠤ ᠠᠪᠠ ᠬᠢᠬᠦ ᠪᠠᠷ ᠭᠠᠷᠣᠭᠰᠠᠨ᠎ᠠ ᠣᠢ ᠳᠣᠲᠣᠷ᠎ᠠ ᠨᠢᠬᠡᠨ ᠣᠷᠢᠶᠠᠩᠬᠠᠢ ᠬᠦᠮᠦᠨ ᠴᠦᠬᠦ ᠪᠣᠭᠤ ᠠᠯᠠᠭᠠᠣᠨ᠂ ᠬᠠᠪᠢᠷᠭ᠎ᠠ ᠠᠪᠢᠣᠨ ᠢ ᠰᠢᠷᠠᠵᠦ ᠪᠦᠬᠦᠢ ᠯᠦᠭᠡ ᠠᠭᠤᠯᠵᠠᠪᠠ︾ ᠭᠡᠰᠡᠨ ᠲᠡᠮᠳᠡᠭᠯᠡᠯ ᠪᠣᠢ᠃ ᠡᠭᠦᠨ ᠠᠴᠠ ᠦᠵᠡᠬᠦ ᠳᠤ᠂ ︽ᠪᠣᠭᠤ︾ ᠭᠡᠳᠡᠭ ᠦᠭᠡ ᠣᠣᠯ ᠪᠢᠴᠢᠭ ᠲᠤ ᠲᠣᠰᠬᠠᠢ ᠪᠡᠶ᠎ᠡ ᠪᠠᠨ ᠳᠠᠭᠠᠭᠠᠭᠰᠠᠨ ᠣᠣᠠᠬ᠎ᠠ ᠪᠠᠷ ᠬᠡᠷᠡᠭᠯᠡᠭᠳᠡᠭᠰᠡᠨ ᠪᠦᠭᠡᠣᠨ ︽ᠮᠠᠷᠠᠯ︾ ᠭᠡᠳᠡᠭ ᠦᠭᠡ ᠨᠢ ᠴᠦ ︽ᠪᠣᠭᠤ︾ ᠭᠡᠳᠡᠭ ᠦᠭᠡ ᠪᠢᠰᠢ ᠪᠣᠯᠬᠤ ᠶᠢ ᠠᠳᠡ ᠬᠡᠷᠡᠴᠢᠯᠡᠵᠦ ᠪᠠᠶᠢᠨ᠎ᠠ᠃ ᠲᠡᠭᠡᠬᠦ ᠪᠠᠷ ᠪᠠᠷᠠᠬᠤ ᠦᠭᠡᠢ᠂ ᠮᠣᠩᠭᠤᠯ ᠤᠨ ᠦᠯᠢᠭᠡᠷ ᠳᠣᠮᠤᠭ ᠤᠳ  ᠲᠤ ︽ᠮᠠᠷᠠᠯ︾ ᠭᠡᠳᠡᠭ ᠦᠭᠡ ᠮᠠᠰᠢ ᠣᠯᠠᠨ ᠬᠠᠷᠠᠭᠳᠠᠳᠠᠭ᠃ ᠡᠨᠡ ᠦᠨᠳᠦᠰᠦᠯᠡᠯ ᠢᠶᠠᠷ᠂ ︽ᠮᠠᠷᠠᠯ︾ ᠭᠡᠳᠡᠭ ᠦᠭᠡ ᠶᠢ ᠰᠢᠨᠵᠢᠯᠡᠬᠦ ᠳᠤ ᠰᠢᠷᠭᠠᠯ ᠭᠡᠷᠡᠯ ᠰᠠᠴᠣᠷᠠᠭᠰᠠᠨ ᠨᠢᠬᠡ ᠵᠦᠢᠯ ᠤᠨ ᠲᠡᠭᠷᠢ ᠶᠢᠨ ᠣᠳᠣ ᠪᠣᠯᠣᠨ᠎ᠠ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号