ᠨᠤᠬᠠᠢ  ᠶᠢᠨ ᠳᠤᠮᠤᠭ
ᠨᠡᠶᠢᠲᠡᠯᠡᠭᠰᠡᠨ ᠴᠠᠭ᠄
2019-11-26
          ᠡᠷᠳᠡ ᠤᠷᠢᠳᠤ ᠶᠢᠨ ᠴᠠᠭ ᠲᠤ ᠨᠤᠬᠠᠢ ᠮᠤᠤᠷ ᠬᠤᠶᠠᠭᠤᠯᠠ ᠨᠢᠭᠡ ᠠᠶᠢᠯ ᠳᠤ ᠠᠮᠢᠳᠤᠷᠠᠵᠤ ᠪᠠᠶᠢᠵᠠᠢ᠃ ᠨᠤᠬᠠᠢ ᠡᠭᠦᠳᠠ ᠬᠠᠷᠠᠵᠤ ᠭᠡᠷ ᠢᠶᠠᠨ ᠰᠠᠭᠢᠨ᠂ ᠮᠤᠤᠷ ᠬᠤᠯᠤᠭᠠᠨ᠎ᠠ ᠪᠠᠷᠢᠵᠤ ᠭᠢᠵᠢᠭ ᠠᠷᠢᠯᠭᠠᠨ ᠳᠤᠰ ᠳᠤᠰ ᠤᠨ ᠢᠶᠠᠨ ᠡᠭᠦᠷᠭᠡ ᠪᠠᠨ ᠨᠠᠯᠢᠶᠠᠳ ᠵᠦᠭᠡᠷ ᠭᠦᠢᠴᠡᠳᠭᠡᠵᠤ ᠪᠠᠶᠢᠵᠠᠢ᠃ ᠡᠳᠤᠷ ᠤᠨ ᠤᠳᠠᠭᠠᠨ ᠳᠤ ᠡᠵᠡᠨ ᠨᠢ ᠡᠨᠡ ᠬᠤᠶᠠᠭᠤᠯᠠ ᠶᠢ ᠶᠡᠭᠡ ᠰᠠᠶᠢᠨ ᠦᠢᠯᠠᠭᠠᠵᠤ ᠮᠡᠳᠡᠭᠰᠡᠨ ᠪᠠᠶᠢᠨ᠎ᠠ᠃ ᠰᠠᠭᠦᠯᠠᠷ ᠨᠢ ᠲᠡᠭᠷᠢ ᠶᠢᠨ ᠰᠠᠭᠢᠭᠤᠯᠰᠤᠨ ᠤ ᠳᠤᠮᠢᠯᠠᠯᠳᠠ ᠪᠠᠷ ᠲᠠᠭᠢᠶ᠎ᠠ ᠡᠨᠡ ᠠᠶᠢᠯ ᠳᠤ ᠢᠷᠡᠵᠤ ᠠᠵᠢᠯᠯᠠᠭᠰᠠᠨ ᠠᠴᠠ ᠡᠨᠡ ᠬᠤᠶᠠᠭᠤᠯᠠ ᠶᠢᠨ ᠠᠵᠢᠯ ᠤᠨ ᠬᠠᠷᠢᠴᠠᠭ᠎ᠠ ᠳᠤ ᠬᠤᠪᠢᠷᠠᠯᠳᠠ ᠭᠠᠷᠴᠠᠢ᠃       ᠲᠠᠭᠢᠶ᠎ᠠ ᠲᠠᠷᠢᠭᠢ ᠳᠤᠯᠤᠭᠠᠢ ᠨᠢ ᠰᠠᠷᠭᠦᠯᠠᠩ ᠪᠤᠯᠬᠤᠷ ᠦᠷᠯᠤᠭᠡ ᠪᠦᠷᠢ ᠤᠰᠤᠯᠳᠠᠯ ᠦᠭᠡᠢ ᠬᠠᠰᠭᠢᠷᠤᠨ ᠶᠠᠷᠤ ᠶᠢᠨ ᠴᠠᠭ ᠲᠤ ᠪᠠᠨ ᠢᠳᠡᠰᠢ ᠲᠠᠭᠦᠵᠦ ᠢᠳᠠᠨ᠂ ᠭᠡᠵᠢᠶᠠᠳᠠ ᠪᠠᠨ ᠶᠠᠪ ᠶᠠᠭᠠᠷᠠᠤ ᠪᠠᠶᠢᠳᠠᠭ᠃ ᠨᠤᠬᠠᠢ ᠬᠤᠷᠴᠠ ᠰᠠᠷᠭᠡᠭ ᠪᠠᠶᠢᠵᠤ ᠡᠳᠤᠷ ᠲᠤ ᠪᠠᠨ ᠡᠭᠦᠳᠠ ᠬᠠᠷᠠᠬᠤ ᠠᠵᠢᠯ ᠢᠶᠠᠨ ᠬᠠᠷᠢᠭᠤᠴᠠᠯᠭ᠎ᠠ ᠲᠠᠢ ᠪᠠᠷ ᠭᠦᠢᠴᠡᠳᠭᠡᠭᠡᠳ᠂ ᠡᠵᠡᠨ ᠤ ᠪᠠᠨ ᠦᠭᠭᠦᠭᠰᠡᠨ ᠢᠳᠡᠰᠢ ᠪᠠᠨ ᠢᠳᠠᠵᠤ᠂ ᠲᠠᠯᠠᠨ ᠳᠤᠯᠤᠭᠠᠨ ᠶᠠᠭᠤᠮ᠎ᠠ ᠬᠠᠮᠢᠶᠠᠷᠳᠠᠭ ᠦᠭᠡᠢ ᠶᠤᠮ᠃ ᠭᠡᠳᠡᠯ᠎ᠠ ᠮᠤᠤᠷ ᠪᠤᠯ ᠠᠩᠬᠠᠨ ᠳᠤ ᠪᠠᠨ ᠬᠤᠯᠤᠭᠠᠨ᠎ᠠ ᠪᠠᠷᠢᠬᠤ ᠳᠤ ᠨᠠᠯᠢᠶᠠᠳ ᠭᠦᠯ ᠭᠦᠡᠭᠭᠡᠨ ᠰᠢᠭ ᠪᠠᠶᠢᠭᠰᠠᠨ ᠢᠶᠠᠨ ᠡᠳᠤᠷ ᠤᠨ ᠤᠳᠠᠭᠠᠨ ᠳᠤ ᠪᠠᠨ ᠬᠤᠪᠳᠤᠭ ᠵᠠᠯᠬᠠᠭᠤ ᠪᠤᠯᠵᠤ᠂ ᠢᠳᠡᠭᠡᠳ ᠠᠪᠤᠪᠠᠯ ᠤᠨᠳᠠᠬᠤ ᠶᠢ ᠰᠠᠨᠠᠭᠠᠳ᠂ ᠵᠠᠷᠢᠮ ᠳᠤ ᠪᠠᠨ ᠡᠵᠡᠨ ᠨᠢ ᠪᠠᠶᠢᠬᠤ ᠦᠭᠡᠢ ᠪᠤᠯ ᠪᠠᠰᠠ ᠵᠢᠭᠠᠬᠠᠨ ᠬᠤᠷᠤᠭᠤ ᠭᠢᠮᠤᠰᠤ ᠭᠦᠳᠡᠯᠭᠡᠳᠡᠭ ᠪᠤᠯᠪᠠ᠃        ᠲᠡᠭᠷᠢ ᠶᠢᠨ ᠰᠠᠭᠢᠭᠤᠯᠰᠤᠨ ᠠᠴᠠ ᠠᠷᠪᠠᠨ ᠬᠤᠶᠠᠷ ᠵᠢᠯ ᠤᠨ ᠠᠮᠢᠳᠠᠨ ᠢ ᠰᠤᠩᠭᠤᠬᠤ ᠴᠢᠮᠡᠭᠡ ᠤᠯᠠᠮᠵᠢᠯᠠᠭᠳᠠᠭᠰᠠᠨ ᠤ ᠲᠠᠷᠠᠭ᠎ᠠ ᠨᠤᠬᠠᠢ᠂ ᠮᠤᠤᠷ ᠬᠤᠶᠠᠷ ᠪᠦᠷ ᠭᠦᠷᠴᠤ ᠤᠴᠢᠵᠠᠢ᠃ ᠢᠡᠭᠭᠢᠭᠡᠳ ᠨᠤᠬᠠᠢ ᠨᠢ ᠭᠡᠵᠢᠶᠠᠳᠠ ᠵᠢᠷᠤᠮ ᠢ ᠪᠠᠷᠢᠮᠳᠠᠯᠠᠳᠠᠭ ᠶᠤᠰᠤᠷᠬᠠᠭ ᠵᠠᠩ ᠠᠭᠠᠰᠢ ᠲᠠᠢ ᠪᠠᠷ ᠪᠠᠷᠠᠬᠤ ᠦᠭᠡᠢ᠂ ᠵᠤᠪᠠᠯ ᠵᠦᠳᠡᠭᠦᠷᠢ ᠶᠢ ᠮᠠᠳᠡᠳᠡᠭ ᠮᠦᠷᠳᠡᠭᠡᠨ ᠭᠦᠮᠦᠨ ᠲᠦᠷᠦᠯᠭᠢᠳᠠᠨ ᠳᠤ ᠦᠨᠠᠨᠴᠢ ᠪᠠᠶᠢᠳᠠᠭ ᠢᠶᠠᠷ ᠢᠶᠠᠨ ᠠᠷᠪᠠᠨ ᠬᠤᠶᠠᠷ ᠵᠢᠯ ᠤᠨ ᠠᠷᠪᠠᠨ ᠨᠢᠭᠡᠳᠤᠭᠡᠷ ᠠᠮᠢᠳᠠᠨ ᠨᠢ ᠪᠤᠯᠵᠤ᠂ ᠮᠤᠤᠷ ᠨᠢ ᠬᠠᠷᠢᠨ ᠦᠷᠭᠦᠯᠵᠢ ᠪᠠᠶ᠎ᠠ ᠠᠮᠠᠷ ᠴᠠᠪᠠᠷ ᠠᠷᠢᠭᠤᠨ ᠪᠠᠶᠢᠬᠤ ᠶᠢ  ᠡᠷᠭᠢᠮᠯᠠᠨ᠂ ᠭᠡᠵᠢᠶᠠᠳᠠ ᠪᠠᠶ᠎ᠠ ᠪᠠᠨ ᠮᠠᠳᠡᠭᠦ ᠦᠭᠡᠢ ᠠᠭᠠᠰᠢᠯᠠᠵᠤ ᠪᠤᠰᠤᠳ ᠲᠠᠢ ᠦᠰᠢᠶᠠᠷᠭᠡᠨ ᠠᠳᠠᠭᠠᠷᠬᠠᠨ ᠪᠠᠶᠢᠳᠠᠭ ᠤᠬᠤᠷ ᠪᠤᠳᠤᠯ ᠲᠠᠢ ᠪᠦᠭᠡᠳ ᠠᠯᠵᠠᠭᠤ ᠵᠠᠯᠬᠠᠭᠤ ᠠᠴᠠ ᠪᠤᠯᠵᠤ ᠨᠤᠬᠠᠢ ᠳᠤ ᠪᠠᠰᠠ ᠢᠯᠠᠭᠳᠠᠵᠠᠢ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号