ᠬᠤᠩᠭᠤᠷ ᠮᠢᠨᠢ
ᠨᠡᠶᠢᠲᠡᠯᠡᠭᠰᠡᠨ ᠴᠠᠭ᠄
2019-11-05
    ᠤᠷᠢᠬᠠᠨ ᠰᠠᠯᠬᠢ ᠬᠠᠴᠠᠷ ᠢᠯᠪᠢᠨ ᠦᠩᠭᠡᠷᠡᠬᠦ ᠳᠤ  ᠬᠤᠩᠭᠤᠷ ᠮᠢᠨᠢ ᠦᠭᠡᠶᠢᠯᠡᠭᠳᠡᠨ᠎ᠡ  ᠬᠤᠩᠭᠤᠷ ᠢᠶᠠᠨ ᠬᠠᠷᠠᠨ ᠰᠠᠭᠤᠬᠤ ᠳᠤ  ᠤᠷᠢᠬᠠᠨ ᠰᠠᠯᠬᠢ ᠨᠢ ᠬᠠᠮᠢᠭ᠎ᠠ ᠢᠰᠭᠡᠷᠦᠨ᠎ᠡ ᠪᠤᠢ   ᠰᠦᠨ ᠪᠤᠷᠤᠭ᠎ᠠ ᠰᠢᠪᠡᠷᠡᠬᠦ ᠳᠤ  ᠬᠤᠩᠭᠤᠷ ᠮᠢᠨᠢ ᠦᠭᠡᠶᠢᠯᠡᠭᠳᠡᠨ᠎ᠡ  ᠬᠤᠩᠭᠤᠷ ᠲᠠᠢ ᠪᠠᠨ ᠡᠷᠬᠡᠯᠡᠨ ᠰᠠᠭᠤᠬᠤ ᠳᠤ  ᠰᠦᠨ ᠪᠤᠷᠤᠭ᠎ᠠ ᠨᠢ ᠬᠠᠮᠢᠭ᠎ᠠ ᠵᠦᠰᠡᠷᠡᠨ᠎ᠡ ᠪᠤᠢ   ᠴᠠᠰᠤᠨ ᠯᠠᠪᠰᠠᠯᠠᠵᠤ ᠡᠬᠢᠯᠡᠬᠦ ᠪᠠᠷ  ᠬᠤᠩᠭᠤᠷ ᠮᠢᠨᠢ ᠦᠭᠡᠶᠢᠯᠡᠭᠳᠡᠨ᠎ᠡ  ᠬᠤᠩᠭᠤᠷ ᠢᠶᠠᠨ ᠲᠡᠪᠡᠷᠡᠨ ᠰᠠᠭᠤᠬᠤ ᠳᠤ  ᠴᠠᠰᠤ ᠨᠢ ᠬᠠᠮᠢᠭ᠎ᠠ ᠬᠠᠶᠠᠯᠠᠨ᠎ᠠ ᠪᠤᠢ   ᠬᠤᠩᠭᠤᠷ ᠴᠢ ᠮᠢᠨᠢ  ᠴᠠᠰᠤᠨ ᠠᠴᠠ᠂ ᠴᠠᠰᠤᠨ ᠠᠴᠠ ᠤᠷᠢᠳᠠᠵᠤ ᠢᠷᠡᠭᠡᠷᠡᠢ  ᠴᠢᠮ᠎ᠠ ᠳᠤ ᠪᠠᠨ ᠪᠢ  ᠨᠠᠷᠠ ᠲᠠᠢ ᠤᠷᠤᠯᠳᠤᠵᠤ ᠨᠠᠮᠤᠷ ᠠᠴᠠ ᠤᠷᠢᠳᠤᠵᠤ‌ᠤᠴᠢᠨ᠎ᠠ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号